ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠮᠡᠳᠡᠭᠡᠯᠡᠯ

2022-12-14 10:57:24

ᠵᠣᠬᠢᠶᠠᠭ᠍ᠴᠢ᠄ ​ᠶᠤᠸᠠᠨ ᠪᠦᠦ ᠨᠢᠶᠠᠨ ᠣᠩᠱᠢᠭ᠍ᠰᠠᠨ ᠣᠳᠠᠭ᠎ᠠ᠄ 3

ᠵᠦᠷᠵᠢ ᠢᠳᠡᠭ᠌ᠰᠡᠨ ᠤ᠋ ᠳᠠᠷᠠᠭ᠎ᠠ ᠠᠨᠲᠢᠪᠤᠳᠢ ᠵᠢᠨ ᠤᠷᠪᠠᠯ ᠤ᠋ᠨ ᠪᠠᠢᠴᠠᠭᠠᠯᠳᠠ ᠬᠢᠪᠡᠯ ᠠᠷᠭ᠎ᠠ ᠴᠢᠨᠠᠷ ᠢᠯᠡᠷᠡᠨ᠎ᠡ ; ᠠᠷᠢᠬᠢ ᠤᠤᠭᠤᠪᠠᠯ ᠸᠢᠷᠦ᠋ᠰ ᠢ᠋ ᠡᠰᠡᠷᠭᠦᠴᠡᠨ᠎ᠡ ; ᠤᠷᠲᠤ ᠬᠤᠭᠤᠴᠠᠭ᠎ᠠ ᠪᠡᠷ ᠠᠮᠠᠪᠴᠢ ᠵᠡᠭᠦᠪᠡᠯ ᠠᠭᠤᠰᠭᠢᠨ ᠤ᠋ ᠬᠦᠪᠳᠦᠷᠦᠦ ᠡᠭᠦᠰᠭᠡᠨ᠎ᠡ ; ᠣᠯᠠᠨ ᠵᠦᠶ᠋ᠯ ᠤ᠋ᠨ ᠡᠮ ᠢ᠋ ᠬᠣᠯᠢᠵᠤ ᠤᠤᠭᠤᠬᠤ ᠪᠤᠶᠤ ᠡᠮ ᠭᠡᠷᠡᠭᠯᠡᠬᠥ ᠬᠡᠮᠵᠢᠶ᠎ᠡ ᠵᠢ ᠭᠡᠳᠤᠷᠡᠬᠥᠯᠪᠡᠯ ᠬᠠᠯᠠᠭᠤᠨ ᠢ᠋ ᠲᠦᠷᠭᠡᠨ ᠪᠠᠭᠤᠷᠠᠭᠤᠯᠤᠨ᠎ᠠ ᠁ ᠣᠢᠷ᠎ᠠ ᠵᠢᠨ ᠬᠤᠭᠤᠴᠠᠭᠠᠨ ᠳ᠋ᠦ᠍ ᠡᠢᠨ ᠬᠦ᠌ ᠴᠤᠤᠷᠬᠠᠯ ᠵᠢᠷᠬᠢᠶ᠎ᠡ ᠵᠢᠨ ᠬᠤᠯᠪᠤᠭ᠎ᠠ ᠂ ᠨᠠᠢᠵᠠ ᠵᠢᠨ ᠲᠣᠭᠣᠷᠢᠭ ᠵᠢᠡᠷ ᠰᠠᠴᠤᠭᠳᠠᠵᠤ ᠂ ᠬᠥᠮᠦᠰ ᠤ᠋ᠨ ᠱᠢᠨᠵᠢᠯᠡᠬᠦ᠌ ᠤᠬᠠᠭᠠᠨᠴᠢ ᠪᠡᠷ ᠬᠢᠵᠢᠭ ᠢ᠋ ᠰᠡᠷᠭᠡᠢᠯᠡᠬᠦ᠌ ᠲᠠᠨᠢᠯᠳᠠ ᠵᠢ ᠲᠦᠭᠡᠷᠢᠭᠳᠡᠬᠦᠯᠤᠨ᠎ᠠ ᠃

ᠡᠳᠡᠭᠡᠷ《ᠱᠢᠨᠵᠢᠯᠡᠬᠦ᠌ ᠤᠬᠠᠭᠠᠨᠴᠢ》 ᠭᠡᠰᠡᠨ ᠲᠤᠳᠤᠳᠬᠠᠯ ᠲᠠᠢ ᠴᠤᠤᠷᠬᠠᠯ ᠤ᠋ᠨ ᠵᠠᠷᠢᠮ ᠨᠢ ᠤᠷᠤ ᠥᠭᠡᠢ ᠭᠠᠵᠠᠷ ᠤᠪᠤᠭ᠎ᠠ ᠪᠤᠰᠬᠠᠬᠰᠡᠨ ᠪᠤᠶᠤ ᠲᠠᠯ ᠰᠡᠬᠥᠯ ᠤᠷᠭᠤᠭᠤᠯᠤᠨ ᠬᠥᠮᠤᠰ ᠎ᠤᠨ ᠰᠡᠳᠭᠢᠯ ᠎ᠢ ᠰᠠᠮᠠᠭᠤᠷᠠᠭᠤᠯᠤᠨ᠎ᠠ ᠃ ᠬᠡᠷᠪᠡ ᠠᠮᠠᠷᠬᠠᠨ ᠢᠲᠡᠭᠡᠵᠤ ᠰᠣᠬᠣᠷ ᠪᠠᠯᠠᠶ ᠪᠡᠷ ᠳᠠᠭᠠᠵᠤ ᠂ ᠬᠠᠮᠠᠭᠠᠯᠠᠯᠲᠠ ᠪᠠᠨ ᠱᠢᠨᠵᠢᠯᠡᠬᠦ᠌ ᠤᠬᠠᠭᠠᠨᠴᠢ ᠪᠡᠷ ᠰᠠᠢᠲᠤᠷ ᠬᠢᠬᠦ᠌ ᠦᠭᠡᠢ ᠂ ᠵᠥᠪ ᠪᠤᠰᠤ ᠪᠡᠷ ᠡᠮ ᠬᠡᠷᠡᠭ᠌ᠯᠡᠪᠡᠯ ᠸᠢᠷᠦ᠋ᠰ ᠤ᠋ᠨ ᠬᠠᠯᠳᠠᠪᠤᠷᠢᠯᠠᠬᠤ ᠠᠶᠤᠯ ᠲᠦᠭ᠌ᠰᠢᠭᠦᠷᠢ ᠵᠢ ᠪᠠᠭᠠᠰᠬᠠᠵᠤ ᠂ ᠡᠪᠡᠳᠴᠢᠨ ᠡᠮᠭᠡᠭ ᠢ᠋ ᠨᠠᠮᠳᠠᠭᠤᠯᠵᠤ ᠴᠢᠳᠠᠬᠤ ᠦᠭᠡᠢ ᠮᠥᠷᠲᠡᠭᠡᠨ ᠭᠡᠳᠡᠷᠭᠦ ᠪᠠᠨ ᠪᠡᠶ᠎ᠡ ᠵᠢᠨ ᠡᠷᠡᠭᠦᠯ ᠮᠡᠨᠳᠦ᠍ ᠪᠠᠨ ᠬᠣᠬᠢᠷᠠᠭᠤᠯᠵᠤ ᠮᠡᠳᠡᠨ᠎ᠡ ᠃

ᠴᠤᠤᠷᠬᠠᠯ ᠤ᠋ᠨ ᠴᠠᠭᠠᠨ᠎ᠠ ᠶᠡᠷᠦ᠍ ᠨᠢ ᠵᠠᠷᠢᠮ ᠬᠥᠮᠦᠰ ᠤ᠋ᠨ ᠠᠩᠬᠠᠷᠤᠯ ᠤ᠋ᠨ ᠬᠡᠮᠵᠢᠶ᠎ᠡ ᠪᠠ ᠬᠣᠯᠪᠣᠭ᠍ᠳᠠᠯ ᠪᠦᠬᠦᠢ ᠠᠱᠢᠭ ᠲᠤᠰᠠ ᠵᠢᠨ ᠬᠥᠭᠡᠭᠡᠴᠡᠯᠳᠦᠯ ᠣᠷᠣᠱᠢᠵᠤ ᠪᠠᠢᠳᠠᠭ ᠃ ᠭᠡᠲᠡᠯ᠎ᠡ ᠵᠠᠷᠢᠮ ᠬᠥᠮᠦᠨ ᠱᠢᠨᠵᠢᠯᠡᠬᠦ᠌ ᠤᠬᠠᠭᠠᠨ ᠤ᠋ ᠬᠡᠪ ᠪᠣᠯᠪᠠᠰᠤᠷᠠᠯ ᠬᠦᠷᠦᠯᠴᠡᠬᠦ᠌ ᠦᠭᠡᠶ ᠪᠤᠶᠤ ᠵᠣᠬᠢᠬᠤ ᠬᠡᠮᠵᠢᠶᠡᠨ ᠤ᠋ ᠭᠡᠯᠮᠡᠭ᠌ᠳᠡᠬᠦ᠌ ᠰᠡᠳᠭᠢᠴᠡ ᠂ ᠰᠤᠨᠢᠭᠤᠴᠢᠷᠬᠠᠬᠤ ᠰᠡᠳᠬᠢᠴᠡ ᠡᠴᠡ ᠪᠣᠯᠵᠤ ᠂ ᠴᠤᠤᠷᠬᠠᠯ ᠤ᠋ᠨ ᠲᠠᠷᠬᠠᠭᠠᠭ᠍ᠴᠢ ᠪᠠ 《ᠲᠣᠮᠣᠷᠠᠭᠤᠯᠤᠭ᠍ᠴᠢ》 ᠪᠣᠯᠵᠤ ᠂ ᠴᠤᠤᠷᠬᠠᠯ ᠤ᠋ᠨ ᠲᠠᠷᠬᠠᠯᠲᠠ ᠵᠢ ᠤᠯᠠᠮ ᠵᠢᠡᠷ ᠦᠷᠭᠡᠳᠭᠡᠳᠡᠭ ᠃ ᠡᠨᠡ ᠬᠦ᠌ ᠪᠠᠢᠳᠠᠯ ᠳ᠋ᠦ ᠂ ᠴᠤᠤᠷᠬᠠᠯ ᠲᠠᠯᠪᠢᠭ᠍ᠰᠠᠳ ᠲᠦ᠍ ᠴᠣᠬᠢᠯᠲᠠ ᠥᠭ᠌ᠬᠦ ᠡᠷᠴᠢᠮ ᠵᠢᠠᠨ ᠴᠢᠩᠭᠠᠷᠠᠭᠤᠯᠵᠤ ᠂ ᠴᠤᠤᠷᠬᠠᠯ ᠤ᠋ᠨ ᠨᠠᠵᠠᠭᠠᠶ ᠨᠥᠯᠥᠭᠡ ᠵᠢ ᠠᠯᠢ ᠲᠦᠷᠭᠡᠨ ᠵᠢᠡᠷ ᠠᠷᠢᠯᠭᠠᠬᠤ ᠬᠡᠷᠡᠭ᠌ᠲᠡᠶ ᠮᠥᠷᠲᠡᠭᠡᠨ ᠪᠠᠰᠠ ᠣᠯᠠᠨ ᠨᠡᠢᠲᠡ ᠵᠢᠨ ᠰᠡᠳᠭᠢᠴᠡ ᠵᠢᠨ ᠵᠢᠯᠣᠭᠣᠳᠣᠯᠭ᠎ᠠ ᠪᠠ ᠠᠨᠠᠭᠠᠬᠤ ᠤᠬᠠᠭᠠᠨ ᠤ᠋ ᠶᠡᠷᠦ᠍ ᠵᠢᠨ ᠮᠡᠳᠡᠯᠭᠡ ᠵᠢ ᠲᠦᠭᠡᠮᠡᠯᠵᠢᠭᠦᠯᠬᠦ᠌ ᠠᠵᠢᠯ ᠢ᠋ ᠴᠢᠩᠭᠠᠳᠭᠠᠵᠤ ᠂ ᠳᠥᠭᠥᠮ ᠣᠢᠯᠠᠭᠠᠮᠵᠢᠲᠠᠶ ᠂ ᠦᠭᠡ ᠲᠣᠪᠴᠢ ᠤᠳᠭ᠎ᠠ ᠲᠡᠭᠦᠯᠳᠡᠷ ᠡᠷᠬᠡ ᠰᠦᠷᠲᠦ ᠮᠡᠳᠡᠭᠡ ᠵᠠᠩᠭᠢ ᠵᠢ ᠴᠠᠭ ᠲᠤᠬᠠᠶ ᠳ᠋ᠤᠨᠢ ᠨᠡᠢᠲᠡᠯᠡᠵᠦ᠍ ᠂ ᠱᠢᠨᠵᠢᠯᠡᠬᠦ᠌ ᠤᠬᠠᠭᠠᠨᠴᠢ ᠮᠦᠷᠳᠡᠭᠡᠨ ᠦᠨᠡᠨ ᠪᠠᠢᠳᠠᠯ ᠢ᠋ ᠴᠤᠤᠷᠬᠠᠯ ᠤ᠋ᠨ ᠡᠮᠦᠨ᠎ᠡ ᠬᠦᠮᠤᠰ ᠲᠦ᠍ ᠤᠢᠯᠠᠭᠠᠨ ᠲᠠᠨᠢᠭᠤᠯᠬᠤ ᠭᠡᠷᠡᠭᠳᠡᠢ ᠃

ᠬᠢᠵᠢᠭ ᠢ᠋ ᠰᠡᠷᠭᠡᠢᠯᠡᠬᠦ᠌ ᠱᠢᠨ᠎ᠡ ᠪᠠᠢᠳᠠᠯ ᠤ᠋ᠨ ᠡᠮᠤᠨ᠎ᠠ ᠬᠥᠮᠦᠨ ᠨᠢᠭᠡ ᠪᠦᠷᠢ ᠰᠡᠷᠭᠡᠭ ᠪᠠᠢᠵᠤ ᠂ ᠱᠢᠨᠵᠢᠯᠡᠬᠦ᠌ ᠤᠬᠠᠭᠠᠨᠴᠢ ᠪᠡᠷ ᠬᠢᠵᠢᠭ ᠢ᠋ ᠰᠡᠷᠭᠡᠢᠯᠡᠵᠦ᠍ ᠂ ᠴᠤᠤᠷᠬᠠᠯ ᠢ᠋ ᠢᠲᠡᠭᠡᠬᠦ᠌ ᠦᠭᠡᠢ ᠂ ᠴᠤᠤᠷᠬᠠᠯ ᠢ᠋ ᠲᠠᠷᠬᠠᠭᠠᠬᠤ ᠦᠭᠡᠢ ᠂ ᠠᠶᠤᠵᠤ ᠰᠦᠷᠳᠡᠬᠦ᠌ ᠦᠭᠡᠢ ᠂ ᠰᠣᠬᠣᠷ ᠪᠠᠯᠠᠢ ᠪᠡᠷ ᠲᠠᠭᠠᠬᠤ ᠦᠭᠡᠢ ᠪᠡᠷ ᠰᠡᠷᠭᠡᠢᠯᠡᠬᠦ᠌ ᠤᠬᠠᠮᠰᠠᠷ ᠵᠢᠠᠨ ᠳᠡᠭᠡᠭ᠌ᠰᠢᠯᠡᠭᠦᠯᠦᠨ ᠂ ᠤᠴᠢᠷ ᠶᠠᠪᠤᠳᠠᠯ ᠲᠣᠬᠢᠶᠠᠯᠳᠤᠪᠠᠯ ᠢᠯᠡᠭᠦᠬᠡᠨ ᠲᠤᠩᠭᠠᠨ ᠪᠣᠳᠣᠯᠬᠢᠯᠠᠵᠤ ᠂ 《ᠴᠤᠤᠷᠬᠠᠯ ᠤ᠋ᠨ ᠤᠨᠠᠭᠤᠯᠢ》 ᠳ᠋ᠦ ᠡᠨᠳᠡᠭᠦᠷᠡᠨ ᠤᠨᠠᠬᠤ ᠦᠭᠡᠢ ᠂ 《 ᠴᠤᠤᠷᠬᠠᠯ ᠤ᠋ᠨ ᠸᠢᠷᠦ᠋ᠰ 》 ᠲᠦ᠍ ᠬᠠᠯᠳᠠᠬᠳᠠᠬᠤ ᠦᠭᠡᠢ ᠪᠠᠢᠵᠤ ᠂ ᠲᠤᠰ ᠪᠡᠶ᠎ᠡ ᠪᠠ ᠭᠡᠷ ᠤ᠋ᠨ ᠬᠥᠮᠦᠰ ᠤ᠋ᠨ ᠵᠢᠡᠨ ᠡᠷᠡᠭᠦᠯ ᠮᠡᠨᠳᠦ᠍ ᠵᠢᠨ 《 ᠡᠭᠦᠳᠡ ᠰᠠᠬᠢᠭ᠍ᠴᠢ》 ᠪᠣᠯᠬᠤ ᠬᠡᠷᠡᠭ᠌ᠲᠡᠢ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面