2022-12-16 11:11:23
ᠣᠢᠷ᠎ᠠ ᠳ᠋ᠤ ᠂ ᠬᠡᠷᠡᠭᠴᠡᠭᠡ ᠱᠠᠭᠠᠷᠳᠠᠯᠭ᠎ᠠ ᠲᠦᠷᠭᠡᠨ ᠨᠡᠮᠡᠭ᠌ᠳᠡᠭ᠌ᠰᠡᠨ ᠡᠴᠡ ᠪᠣᠯᠵᠣ ᠵᠠᠷᠢᠮ ᠭᠠᠵᠠᠷ ᠲᠦ᠍ ᠡᠮ ᠤ᠋ᠨ ᠵᠦᠶ᠋ᠯᠡᠰ ᠂ ᠠᠷᠢᠭᠤᠳᠭᠠᠯᠤᠨ ᠦᠶ᠋ᠯᠡᠳᠬᠦᠨ ᠂ ᠠᠨᠳᠢᠪᠤᠳᠢ ᠵᠢᠨ ᠤᠷᠪᠠᠯ ᠤ᠋ᠨ ᠪᠠᠢᠴᠠᠭᠠᠯᠳᠠ ᠵᠢᠨ ᠤᠷᠪᠠᠯᠵᠢ ᠂ ᠠᠮᠠᠪᠴᠢ ᠵᠡᠷᠭᠡ ᠢ᠋ᠢᠨ ᠦᠨ᠎ᠡ ᠬᠠᠩᠰᠢ ᠵᠢ ᠥᠰᠭᠡᠭᠦ ᠦᠵᠡᠭ᠌ᠳᠡᠯ ᠢᠯᠡᠷᠡᠵᠦ᠍ ᠂ ᠴᠢᠨᠠᠭᠰᠢᠯᠠᠭᠠᠳ ᠵᠠᠷᠢᠮ ᠡᠳ᠋ ᠪᠣᠳᠠᠰ ᠤ᠋ᠨ ᠦᠨ᠎ᠠ ᠬᠠᠩᠰᠢ ᠨᠢ ᠤᠤᠯ ᠤ᠋ᠨ ᠵᠠᠬ᠎ᠠ ᠳᠡᠯᠭᠡᠭᠦᠷ ᠤ᠋ᠨ ᠦᠨ᠎ᠡ ᠬᠠᠩᠰᠢ ᠢ᠋ᠢᠨ ᠬᠡᠳᠦᠨ ᠲᠡᠬᠢᠨ ᠢ᠋ ᠳᠠᠪᠠᠭᠰᠠᠨ ᠪᠠᠢᠳᠠᠭ ᠃ ᠣᠨᠴᠠ ᠵᠠᠷᠢᠮ ᠬᠥᠮᠦᠨ ᠵᠠᠪᠱᠢᠶᠠᠨ ᠢ᠋ ᠳᠠᠯᠢᠮᠳᠠᠭᠤᠯᠤᠨ ᠬᠤᠷᠠᠮᠳᠤᠭᠤᠯᠤᠨ ᠳᠠᠷᠤᠵᠤ ᠬᠣᠨᠵᠢᠨ ᠵᠠᠪᠱᠢᠵᠤ ᠂ ᠡᠳ᠋ ᠪᠠᠷᠠᠭᠠᠨ ᠤ᠋ ᠦᠨᠡᠬᠠᠩᠰᠢ ᠶ᠋ᠢ ᠳᠦᠷᠬᠢᠬᠦᠯᠦᠨ ᠥᠰᠭᠡᠵᠦ᠍ ᠂ 《ᠬᠢᠵᠢᠭ》 ᠢ᠋ ᠳᠠᠯᠢᠮᠳᠠᠭᠤᠯᠤᠨ ᠡᠳ᠋ ᠠᠱᠢᠭ ᠤᠯᠬᠤ ᠪᠡᠷ ᠭᠣᠷᠢᠳᠠᠵᠤ ᠂ ᠵᠠᠬ᠎ᠠ ᠳᠡᠯᠭᠡᠭᠦᠷ ᠤ᠋ᠨ ᠡᠮᠬᠢ ᠳᠢᠭ᠌ᠯᠢᠮ ᠢ᠋ ᠰᠠᠮᠠᠭᠤᠷᠠᠭᠤᠯᠵᠤ ᠂ ᠲᠠᠷᠠᠴᠢᠯᠠᠨ ᠨᠠᠢᠭᠡᠮ ᠲᠠᠶᠠᠭᠠᠷ ᠤ᠋ᠨ ᠭᠡᠯᠮᠡᠭ᠌ᠳᠡᠯ ᠢ᠋ ᠭᠡᠴᠡᠬᠦᠳᠡᠬᠦᠯᠵᠤ ᠂ ᠬᠢᠵᠢᠭ ᠤ᠋ᠨ ᠪᠠᠢᠳᠠᠯ ᠢ᠋ ᠰᠡᠷᠭᠡᠢᠯᠡᠨ ᠡᠵᠡᠮᠳᠡᠬᠦ᠌ ᠠᠷᠭ᠎ᠠ ᠬᠡᠮᠵᠢᠶ᠎ᠡ ᠵᠢ ᠣᠨᠣᠴᠠᠲᠠᠶ ᠨᠠᠢᠳᠠᠪᠤᠷᠢᠵᠢᠭᠤᠯᠬᠤ ᠳ᠋ᠤ ᠬᠦᠴᠢᠷᠳᠡᠯ ᠨᠡᠮᠡᠭ᠌ᠰᠡᠨ ᠪᠠᠢᠨ᠎ᠠ ᠃
ᠡᠳ᠋ ᠢ᠋ ᠴᠤᠭᠯᠠᠭᠤᠯᠬᠤ ᠳ᠋ᠤ ᠡᠪ ᠢ᠋ ᠬᠢᠴᠢᠶᠡᠬᠦ ᠶᠤᠰᠤᠲᠠᠢ ᠃ ᠬᠢᠵᠢᠭ ᠢ᠋ ᠰᠡᠷᠭᠡᠢᠯᠡᠬᠦ᠌ ᠡᠳ᠋ ᠪᠣᠳᠠᠰ ᠤ᠋ᠨ ᠲᠠᠯ᠎ᠠ ᠪᠠᠷ ᠨᠠᠵᠠᠭᠠᠢ ᠰᠠᠨᠠᠭ᠎ᠠ ᠡᠪᠦᠷᠯᠡᠵᠤ ᠤᠯᠤᠭᠰᠠᠨ ᠤᠯᠵᠠ ᠨᠢ ᠲᠥᠪ ᠪᠤᠰᠤ ᠣᠯᠵᠠ ᠳ᠋ᠤ ᠬᠠᠷᠢᠶᠠᠯᠠᠬᠳᠠᠬᠤ ᠮᠦᠷᠲᠡᠭᠡᠨ ᠬᠠᠤᠯᠢ ᠪᠤᠰᠤ ᠣᠯᠵᠠ ᠪᠤᠯᠬᠤ ᠶᠤᠮ ᠃ ᠯᠢᠶᠠᠨ ᠬᠤᠸᠠ ᠴᠢᠡᠭ ᠸᠸᠨ ᠬᠢᠵᠢᠭ ᠤ᠋ᠨ ᠡᠮ ᠢ᠋ ᠪᠤᠰᠤᠳ ᠡᠮ ᠲᠠᠢ ᠨᠡᠢᠯᠡᠭᠦᠯᠦᠨ ᠪᠤᠷᠤᠯᠠᠭᠤᠯᠤᠭᠰᠠᠨ ᠨᠢᠭᠡᠨ ᠡᠮ ᠤ᠋ᠨ ᠳᠡᠯᠭᠡᠭᠦᠷ ᠤ᠋ᠨ ᠠᠵᠢᠯ ᠢ᠋ ᠨᠢ ᠵᠣᠭ᠍ᠰᠣᠭᠠᠨ ᠴᠡᠭ᠌ᠴᠡᠯᠡᠵᠦ᠍ ᠥᠭᠡᠷᠡᠴᠢᠯᠡᠪᠡ; ᠠᠨᠳᠢᠪᠤᠳᠢ ᠵᠢᠨ ᠤᠷᠪᠠᠯ ᠤ᠋ᠨ ᠪᠠᠢᠴᠠᠭᠠᠯᠳᠠ ᠵᠢᠨ ᠤᠷᠪᠠᠯᠵᠢ ᠢ᠋ᠢ ᠥᠨᠳᠥᠷ ᠦᠨ᠎ᠡ ᠪᠡᠷ ᠪᠤᠷᠤᠯᠠᠭᠤᠯᠤᠭᠰᠠᠨ ᠨᠢᠭᠡᠨ ᠡᠮᠴᠢᠯᠡᠭᠡᠨᠦ ᠬᠡᠷᠡᠭ᠌ᠰᠡᠯ ᠤ᠋ᠨ ᠠᠵᠤ ᠠᠬᠤᠢᠯᠠᠯ ᠢ᠋ ᠰᠡᠷᠡᠮᠵᠢᠯᠡᠬᠦᠯᠵᠤ ᠵᠣᠭᠣᠰ ᠵᠢᠡᠷ ᠲᠤᠷᠭᠠᠪᠠ ᠃ ᠬᠢᠵᠢᠭ ᠤ᠋ᠨ ᠪᠠᠢᠳᠠᠯ ᠨᠢ ᠶᠠᠮᠠᠷ ᠴᠤ᠌ ᠬᠥᠮᠦᠨ ᠤ᠋ ᠪᠠᠶᠠᠵᠢᠨ ᠴᠢᠨᠡᠭᠡᠯᠢᠭ᠌ᠵᠢᠬᠦ᠌ ᠲᠣᠬᠢᠶᠠᠯ ᠪᠢᠰᠢ ᠂ ᠬᠡᠨ ᠠᠶᠤᠮᠱᠢᠭ ᠦᠭᠡᠢ 《ᠬᠦᠴᠢᠷᠳᠡᠯ》 ᠢ᠋ ᠳᠠᠯᠢᠮᠳᠠᠭᠤᠯᠤᠨ ᠪᠤᠯᠢᠶᠠᠨ ᠳᠡᠭᠡᠷᠡᠮᠳᠡᠵᠦ᠍ ᠂《ᠬᠢᠵᠢᠭ》ᠢ᠋ ᠳᠠᠯᠢᠮᠳᠠᠭᠤᠯᠤᠨ ᠲᠥᠪ ᠪᠤᠰᠤ ᠣᠯᠵᠠ ᠤᠯᠪᠠᠯ ᠯᠠᠪᠲᠠᠢᠶ᠎ᠠ ᠬᠦᠨᠳᠦ ᠨᠣᠴᠢᠲᠠᠢ ᠦᠨ᠎ᠡ ᠲᠥᠯᠥᠪᠦᠷᠢ ᠭᠠᠷᠭᠠᠬᠤ ᠪᠣᠯᠤᠨ᠎ᠠ ᠭᠡᠳᠡᠭ ᠢ᠋ ᠪᠣᠳᠠᠲᠤ ᠶᠠᠪᠤᠳᠠᠯ ᠭᠡᠷᠡᠴᠢᠯᠡᠵᠤ ᠪᠠᠢᠨ᠎ᠠ ᠃
《ᠬᠢᠵᠢᠭ》 ᠢ᠋ ᠳᠠᠯᠢᠮᠳᠠᠭᠤᠯᠤᠨ ᠡᠳ᠋ ᠠᠰᠢᠭ ᠭᠦᠭᠡᠭᠡᠴᠡᠯᠳᠦᠭᠰᠡᠳ ᠢ᠋ ᠴᠢᠩᠭ᠎ᠠ ᠱᠢᠢᠳᠭᠡᠪᠡᠯ ᠰᠠᠶᠢ ᠵᠠᠬ᠎ᠠ ᠳᠡᠯᠭᠡᠭᠦᠷ ᠢ᠋ ᠲᠣᠭ᠍ᠲᠠᠪᠤᠷᠢᠵᠢᠭᠤᠯᠵᠤ ᠂ ᠠᠮᠢᠳᠤᠷᠠᠯ ᠢ᠋ ᠪᠠᠲᠤᠯᠠᠨ ᠂ ᠬᠢᠵᠢᠭ ᠤ᠋ᠨ ᠪᠠᠢᠳᠠᠯ ᠢ᠋ ᠣᠨᠣᠴᠠᠲᠠᠢ ᠰᠡᠷᠭᠡᠢᠯᠡᠨ ᠡᠵᠡᠮᠳᠡᠵᠦ᠍ ᠂ ᠬᠥᠮᠦᠰ ᠤ᠋ᠨ ᠰᠡᠳᠭᠢᠯ ᠢ᠋ ᠲᠣᠭ᠍ᠲᠠᠪᠤᠷᠢᠵᠢᠭᠤᠯᠵᠤ ᠂ ᠬᠦᠴᠦᠨ ᠴᠢᠳᠠᠯ ᠢ᠋ ᠨᠢᠭ᠍ᠲᠠᠷᠠᠭᠤᠯᠵᠤ ᠴᠢᠳᠠᠨ᠎ᠠ ᠃ ᠬᠢᠨᠠᠨ ᠬᠠᠮᠢᠶᠠᠷᠴᠤ᠌ ᠬᠠᠤᠯᠢ ᠬᠡᠷᠡᠭ᠌ᠵᠢᠭᠦᠯᠬᠦ᠌ ᠰᠠᠯᠠᠭ᠎ᠠ ᠮᠥᠴᠢᠷ ᠤ᠋ᠨ ᠬᠢᠨ ᠬᠢᠨᠠᠨ ᠬᠠᠮᠢᠶᠠᠷᠬᠤ ᠭᠤᠤᠯ ᠴᠣᠭ᠍ᠴᠠ ᠵᠢᠨ ᠬᠠᠷᠢᠭᠤᠴᠠᠯᠭ᠎ᠠ ᠪᠠᠨ ᠢᠳᠡᠪᠬᠢᠲᠡᠢ ᠡᠭᠦᠷᠭᠡᠯᠡᠵᠦ᠍ ᠂ ᠬᠢᠨᠠᠯᠲᠠ ᠲᠠᠯᠪᠢᠵᠤ ᠪᠠᠢᠴᠠᠭᠠᠬᠤ ᠪᠠ ᠬᠡᠷᠡᠭ ᠢ᠋ ᠪᠠᠢᠴᠠᠭᠠᠨ ᠱᠢᠶ᠋ᠳᠪᠦᠷᠢᠯᠡᠬᠦ᠌ ᠡᠷᠴᠢᠮ ᠵᠢᠡᠨ ᠦᠷᠭᠦᠯᠵᠢᠯᠡᠨ ᠴᠢᠩᠭᠠᠷᠠᠭᠤᠯᠵᠤ ᠂ ᠴᠤᠬᠤᠢᠪᠠᠯ ᠶᠠᠭᠠᠬᠢᠭ᠍ᠰᠠᠨ ᠴᠤ᠌ ᠢᠯᠳᠠᠷ ᠬᠠᠶᠠᠬᠤ ᠥᠬᠡᠶ ᠪᠠᠢᠬᠤ ᠵᠢ ᠪᠠᠷᠢᠮᠲᠠᠯᠠᠵᠤ ᠂ ᠬᠠᠤᠯᠢ ᠡᠴᠡ ᠵᠥᠷᠢᠴᠡᠭ᠌ᠰᠡᠨ ᠡᠵᠡᠩᠨᠡᠭ᠌ᠴᠢ ᠵᠢ ᠬᠢᠬᠦ᠌ ᠵᠣᠷᠢᠭ ᠥᠬᠡᠶ ᠂ ᠬᠢᠵᠦ᠍ ᠴᠢᠳᠠᠬᠤ ᠥᠬᠡᠶ ᠪᠣᠯᠭᠠᠬᠤ ᠬᠡᠷᠡᠭ᠌ᠲᠡᠶ ᠃ ᠡᠯ᠎ᠡ ᠭᠠᠵᠠᠷ ᠤ᠋ᠨ ᠬᠢᠨ ᠬᠠᠤᠯᠢ ᠴᠠᠭᠠᠵᠠ ᠵᠢᠨ ᠶᠡᠷᠦ᠍ ᠵᠢᠨ ᠮᠡᠳᠡᠯᠭᠡ ᠵᠢ ᠲᠦᠭᠡᠮᠡᠯᠵᠢᠭᠦᠯᠬᠦ᠌ ᠤᠬᠠᠭᠤᠯᠭ᠎ᠠ ᠬᠥᠮᠦᠵᠢᠯ ᠢ᠋ ᠴᠢᠩᠭᠠᠳᠭᠠᠵᠤ ᠂ ᠬᠡᠷᠡᠭ ᠵᠢᠡᠷ ᠬᠠᠤᠯᠢ ᠵᠢ ᠲᠠᠢᠯᠪᠤᠷᠢᠯᠠᠨ ᠂ ᠬᠡᠷᠡᠭ ᠵᠢᠡᠷ ᠰᠡᠷᠡᠮᠵᠢᠯᠡᠭᠦᠯᠵᠦ᠍ ᠂ ᠥᠨᠳᠥᠷ ᠳᠠᠷᠤᠯᠲᠠ ᠪᠠᠷ ᠭᠣᠷᠢᠳᠠᠬᠤ ᠪᠤᠳᠤᠯ ᠢ᠋ ᠨᠢ ᠰᠦᠷᠳᠡᠭᠦᠯᠬᠦ ᠬᠡᠷᠡᠭ᠌ᠲᠡᠢ ᠃
ᠤᠳᠤᠬᠠᠨᠤ ᠬᠢᠵᠢᠭ ᠤ᠋ᠨ ᠪᠠᠢᠳᠠᠯ ᠳ᠋ᠤ 《 ᠭᠠᠳᠠᠨᠠᠬᠢ ᠬᠥᠮᠦᠨ 》 ᠬᠡᠵᠤ ᠪᠠᠢᠬᠤ ᠦᠭᠡᠢ ᠂ ᠬᠥᠮᠦᠨ ᠨᠢᠭᠡ ᠪᠦᠷᠢ ᠴᠥᠮ ᠰᠡᠷᠭᠡᠢᠯᠡᠯᠲᠡ ᠵᠢᠨ ᠱᠤᠭᠤᠮ ᠪᠤᠯᠵᠤ ᠪᠠᠢᠨ᠎ᠠ ᠃ ᠥᠷᠭᠡᠨ ᠣᠯᠠᠨ ᠰᠠᠭᠤᠭᠠᠯᠢ ᠠᠷᠠᠳ ᠪᠠᠰᠠ ᠰᠣᠨᠣᠷ ᠰᠡᠷᠡᠮᠵᠢ ᠪᠡᠨ ᠳᠡᠭᠡᠭ᠌ᠰᠢᠯᠡᠭᠦᠯᠵᠦ᠍ ᠂ ᠬᠠᠮᠢᠶ᠎ᠠ ᠪᠥᠬᠥᠶ ᠦᠨ᠎ᠡ ᠬᠠᠩᠰᠢ ᠵᠢᠨ ᠬᠠᠤᠯᠢ ᠡᠴᠡ ᠵᠥᠷᠢᠴᠡᠭ᠌ᠰᠡᠨ ᠦᠶ᠋ᠯᠡ ᠠᠵᠢᠯᠯᠠᠭ᠎ᠠ ᠵᠢ ᠡᠷᠡᠰ ᠬᠣᠷᠢᠭ᠍ᠯᠠᠨ ᠂ ᠴᠠᠭ ᠲᠤᠬᠠᠶ ᠳ᠋ᠤᠨᠢ ᠢᠯᠡᠴᠢᠯᠡᠨ ᠮᠡᠳᠡᠭᠦᠯᠵᠦ᠍ ᠂ ᠡᠭᠦᠷᠭᠡ ᠴᠢᠳᠠᠪᠬᠢᠳᠤ ᠰᠠᠯᠠᠭ᠎ᠠ ᠮᠥᠴᠢᠷ ᠤ᠋ᠨ ᠲᠦᠷᠭᠡᠨ ᠪᠥᠭᠡᠳ ᠣᠨᠣᠴᠠᠲᠠᠶ ᠪᠠᠷ ᠱᠢᠶ᠋ᠳᠪᠦᠷᠢᠯᠡᠬᠦ᠌ᠳᠦ ᠬᠦᠴᠦᠨ ᠨᠡᠮᠡᠷᠢᠯᠡᠵᠦ᠍᠂ ᠬᠠᠤᠯᠢ ᠡᠴᠡ ᠵᠥᠷᠢᠴᠡᠭ᠌ᠰᠡᠨ ᠡᠵᠡᠩᠨᠡᠭ᠌ᠴᠢ ᠳ᠋ᠤ ᠪᠣᠳᠠᠲᠤ ᠠᠵᠢᠯᠯᠠᠭ᠎ᠠ ᠪᠠᠷ ᠵᠢᠡᠨ《ᠬᠢᠵᠢᠭ》 ᠢ᠋ ᠳᠠᠯᠢᠮᠳᠠᠭᠤᠯᠤᠨ ᠡᠳ᠋ ᠠᠰᠢᠭ ᠤᠯᠬᠤ ᠪᠡᠷ ᠭᠣᠷᠢᠳᠠᠵᠤ ᠣᠭ᠍ᠲᠣ ᠪᠣᠯᠬᠤ ᠥᠬᠡᠶ ᠭᠡᠳᠡᠭ ᠢ᠋ ᠰᠠᠨᠠᠭᠤᠯᠤᠨ ᠰᠠᠷᠡᠮᠵᠢᠯᠡᠬᠦᠯᠬᠦ ᠭᠡᠷᠡᠭᠳᠡᠢ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠴᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃