2022-12-19 20:25:24
ᠠᠨᠲ᠋ᠢᠪᠤᠲᠢ ᠵᠢᠨ ᠤᠷᠪᠠᠯᠤᠨ ᠪᠠᠢᠴᠠᠭᠠᠨ ᠬᠡᠮᠵᠢᠯᠳᠡᠳᠦ ᠪᠢᠯᠢᠭ ᠴᠢᠨᠠᠷ ᠢᠯᠡᠷᠡᠪᠡᠯ ᠡᠷᠡᠭᠦᠯᠵᠢᠭ᠌ᠰᠡᠨᠳᠦ ᠲᠤᠭᠠᠴᠠᠬᠳᠠᠨᠠ ᠦᠦ ? ᠬᠡᠵᠢᠶᠡ ᠠᠵᠢᠯᠤ᠋ᠨ ᠪᠠᠢᠷᠢᠳ᠋ᠠᠭᠠᠨ ᠪᠤᠴᠠᠵᠤ ᠪᠤᠯᠬᠤ ᠪᠤᠢ? ᠡᠷᠡᠭᠦᠯᠵᠢᠮᠡᠭᠴᠡ ᠳᠠᠮᠢᠷᠤᠨ ᠬᠥᠳᠡᠯᠭᠡᠭᠡᠨ ᠬᠢᠵᠦ ᠪᠤᠯᠤᠨᠠ ᠤᠤ? 12 ᠰᠠᠷᠠᠶᠢᠨ 16 ᠤ᠋ ᠡᠳᠦᠷ᠂ ᠨᠡᠢᠰᠯᠡᠯ ᠦ᠋ᠨ ᠡᠮᠨᠡᠯᠭᠡᠶᠢᠨ ᠶᠡᠬᠡ ᠰᠤᠷᠭᠠᠭᠤᠯᠢᠶᠢᠨ ᠪᠡᠭᠡᠵᠢᠩᠦ᠋ᠨ ᠶᠧᠦ ᠠᠨ ᠬᠠᠷᠢᠶᠠᠲᠤ ᠡᠮᠨᠡᠯᠭᠡ ᠶᠢᠨ ᠬᠣᠷᠢᠶᠠᠨ ᠤ᠋ ᠬᠠᠯᠳᠠᠪᠤᠷᠢᠯᠠᠯᠤ᠋ᠨ ᠶᠡᠷᠦᠩᠬᠡᠢᠯᠡᠭ᠌ᠰᠡᠨ ᠰᠠᠯᠠᠭᠠᠨᠤ᠋ ᠡᠷᠬᠢᠯᠡᠭ᠌ᠴᠢ ᠡᠮᠴᠢ ᠯᠢ ᠲᠦᠩ ᠽᠸᠨᠭ ᠠᠨᠲ᠋ᠢᠪᠤᠲᠢ ᠵᠢᠨ ᠤᠷᠪᠠᠯ ᠤᠨ ᠪᠠᠢᠴᠠᠭᠠᠨ ᠬᠡᠮᠵᠢᠯᠳᠡᠳᠦ ᠭᠤᠷᠪᠠᠨ ᠡᠳᠦᠷ ᠳᠠᠷᠠᠭᠠᠯᠠᠨ ᠪᠢᠯᠢᠭ ᠴᠢᠨᠠᠷ ᠢᠯᠡᠷᠡᠪᠡᠯ᠂ ᠬᠠᠯᠳᠠᠪᠤᠷᠢᠳᠦ ᠴᠢᠨᠠᠷ ᠦᠭᠡᠢ ᠬᠡᠵᠦ ᠦᠵᠡᠵᠦ᠍ ᠪᠣᠯᠤᠨᠠ ᠭᠡᠵᠤ ᠢᠯᠡᠷᠬᠡᠢᠯᠡᠵᠡᠢ᠃
ᠱᠢᠨᠡ ᠲᠢᠲᠢᠮᠯᠢᠭ ᠠᠭᠤᠰᠭᠢᠨ ᠦᠷᠪᠢᠰᠦᠯ ᠳ᠋ᠦ᠍ ᠨᠡᠷᠪᠡᠭ᠌ᠳᠡᠭ᠌ᠰᠡᠨ ᠦ᠌ ᠳᠠᠷᠠᠭᠠ᠂ ᠨᠢᠭᠡᠨᠲᠡ ᠡᠷᠡᠭᠦᠯᠵᠢᠭ᠌ᠰᠡᠨ ᠡᠰᠡᠬᠦ ᠪᠡᠨ ᠬᠡᠷᠬᠢᠨ ᠮᠠᠭᠠᠳᠯᠠᠬᠤ ᠲᠤᠬᠠᠢ ᠯᠢ ᠲᠦᠩ ᠽᠸᠨᠭ ᠡᠮᠴᠢ ᠬᠣᠶᠠᠷ ᠪᠠᠷᠢᠮᠵᠢᠶᠠ ᠳᠤᠷᠠᠳᠴᠠᠢ᠂ ᠳᠠᠷᠤᠢ᠄ ᠥᠪᠡᠷᠦ᠋ᠨ ᠪᠡᠶᠡᠶᠢᠨ ᠢᠯᠡᠷᠡᠯ ᠪᠠᠢᠳᠠᠯ ᠬᠥᠩᠭᠡᠷᠡᠭ᠌ᠰᠡᠨ ᠡᠰᠡᠬᠦ᠌ ᠵᠢᠴᠢ ᠬᠢᠨᠠᠨ ᠪᠠᠢᠴᠠᠭᠠᠭ᠍ᠰᠠᠨ ᠦᠷᠡ ᠳ᠋ᠦᠩ ᠨᠢ ᠪᠢᠯᠢᠭ ᠴᠢᠨᠠᠷ ᠢᠯᠡᠷᠡᠭᠰᠡᠨ ᠡᠰᠡᠬᠦ ᠭᠡᠬᠦ᠌ ᠬᠣᠶᠠᠷ ᠪᠠᠷᠢᠮᠵᠢᠶᠠ ᠪᠤᠯᠤᠨᠠ᠃ ᠬᠡᠷᠪᠡ ᠡᠪᠡᠳᠴᠢᠨᠤ ᠪᠠᠢᠳᠠᠯ ᠬᠥᠩᠭᠡᠨ ᠪᠤᠯ ᠪᠡᠶᠡᠶᠢᠨ ᠬᠠᠯᠠᠭᠤᠨ ᠨᠢ 3 ᠬᠣᠨᠣᠭ ᠡᠴᠡ ᠳᠡᠭᠡᠭ᠌ᠰᠢ ᠬᠡᠪᠤᠨ ᠪᠠᠢᠳᠠᠯ ᠳᠠᠢ ᠪᠥᠭᠡᠳ ᠠᠮᠢᠰᠭᠤᠯᠤ᠋ᠨ ᠵᠠᠮᠤ᠋ᠨ ᠢᠯᠡᠷᠡᠯ ᠨᠢ ᠰᠠᠢᠵᠢᠷᠠᠪᠠᠯ᠂ ᠡᠷᠡᠭᠦᠯᠵᠢᠭᠰᠡᠨᠢ ᠬᠠᠷᠠᠭᠤᠯᠤᠨᠠ; ᠬᠡᠷᠪᠡ ᠡᠩᠦ᠋ᠨ ᠪᠤᠶᠤ ᠡᠪᠡᠳᠴᠢᠨᠦ᠌ ᠪᠠᠢᠳᠠᠯ ᠨᠢ ᠨᠡᠩ ᠬᠦᠨᠳᠦ ᠪᠣᠯ ᠴᠡᠭᠡᠵᠢᠨᠦ᠌ CT ᠪᠠᠢᠴᠠᠭᠠᠯᠳᠠ ᠵᠢ ᠳᠠᠬᠢᠨ ᠬᠢᠯᠭᠡᠬᠦ ᠬᠡᠷᠡᠭ᠌ᠲᠡᠢ᠃ ᠱᠢᠯᠭᠠᠨ ᠪᠠᠢᠴᠠᠭᠠᠬᠤ ᠲᠠᠯᠠᠪᠠᠷ᠂ ᠬᠡᠷᠪᠡ ᠪᠥᠭᠡᠮ ᠬᠦᠴᠢᠯᠤᠨᠪᠠᠢᠴᠠᠭᠠᠯᠳᠠ ᠬᠢᠵᠤ ᠲᠡᠢᠯᠪᠡᠯ᠂ 24 ᠴᠠᠭ ᠠᠯᠤᠰᠯᠠᠭᠰᠠᠨ ᠬᠣᠶᠠᠷ ᠤᠳᠠᠭᠠᠨᠤ᠋ ᠪᠥᠭᠡᠮ ᠬᠦᠴᠢᠯᠦ᠋ᠨ ᠪᠠᠢᠴᠠᠭᠠᠯᠳᠠ ᠵᠢᠨ ᠳ᠋ᠦᠩ ᠨᠢ ᠴᠥᠮ ᠪᠢᠯᠢᠭ ᠴᠢᠨᠠᠷ ᠪᠠᠢᠪᠠᠯ ᠬᠠᠯᠳᠠᠪᠤᠷᠢᠲᠤ ᠴᠢᠨᠠᠷ ᠦᠭᠡᠢ ᠭᠡᠵᠦ᠍ ᠦᠵᠡᠵᠦ᠍ ᠪᠣᠯᠤᠨᠠ; ᠬᠡᠷᠪᠡ ᠪᠥᠭᠡᠮ ᠬᠦᠴᠢᠯᠤᠨ ᠪᠠᠢᠴᠠᠭᠠᠯᠲᠠ ᠬᠢᠯᠭᠡᠬᠦᠳᠦ ᠳᠥᠭᠥᠮ ᠦᠭᠡᠢ ᠪᠤᠯ᠂ ᠭᠤᠷᠪᠠᠨ ᠡᠳᠦᠷ ᠳᠠᠷᠠᠭᠠᠯᠠᠨ ᠠᠨᠲ᠋ᠢᠪᠤᠲᠢ ᠵᠢᠨ ᠤᠷᠪᠠᠯᠤᠨ ᠪᠠᠢᠴᠠᠭᠠᠨ ᠬᠡᠮᠵᠢᠯᠳᠡ ᠬᠢᠵᠤ᠂ ᠴᠥᠮ ᠪᠢᠯᠢᠭ ᠴᠢᠨᠠᠷ ᠢᠯᠡᠷᠡᠭᠰᠡᠨ ᠪᠤᠯ ᠬᠠᠯᠳᠠᠪᠤᠷᠢᠳᠦ ᠴᠢᠨᠠᠷ ᠦᠭᠡᠢ ᠭᠡᠵᠦ ᠦᠵᠡᠵᠦ᠍ ᠪᠣᠯᠤᠨᠠ ᠭᠡᠵᠤ ᠯᠢ ᠲᠦᠨᠭ ᠽᠸᠨᠭ ᠡᠮᠴᠢ ᠰᠠᠨᠠᠭᠠᠴᠢᠯᠠᠵᠠᠢ᠃
ᠠᠩᠬᠠᠷᠤᠭᠤᠱᠢᠲᠠᠢ ᠨᠢ᠂ ᠡᠷᠡᠭᠦᠯᠵᠢᠭ᠌ᠰᠡᠨᠦ᠌ ᠳᠠᠷᠠᠭᠠᠬᠢ ᠨᠢᠭᠡ ᠡᠴᠡ ᠬᠣᠶᠠᠷ ᠭᠠᠷᠠᠭᠤ᠋ᠨ ᠳᠣᠲᠣᠷᠠ᠂ ᠡᠷᠡᠭᠦᠯᠵᠢᠭ᠌ᠰᠡᠳ ᠮᠥᠨ ᠯᠡ ᠠᠮᠠᠷᠬᠠᠨ ᠶᠠᠳᠠᠷᠠᠬᠤ ᠪᠠᠢᠳᠠᠯ ᠭᠠᠷᠳᠠᠭ᠃ ᠡᠨᠡ ᠦᠶᠡᠳ᠋ᠦ᠍ ᠡᠳᠦᠷ ᠲᠤᠲᠤᠮᠤ᠋ᠨ ᠠᠵᠢᠯ ᠵᠢᠴᠢ ᠵᠠᠷᠢᠮ ᠪᠡᠶᠡᠶᠢᠨ ᠲᠠᠮᠢᠷᠤ᠋ᠨ ᠬᠥᠳᠡᠯᠭᠡᠭᠡᠨᠦ᠌ ᠲᠠᠯᠠᠪᠠᠷ ᠠᠯᠬᠤᠮ ᠳᠠᠷᠠᠭᠠᠲᠠᠢᠪᠠᠷ ᠬᠢᠬᠦ᠂ ᠴᠢᠳᠠᠯᠤ᠋ᠨᠢᠶᠡᠨ ᠬᠢᠷᠢ ᠪᠡᠷ ᠬᠢᠬᠦᠶᠢ ᠠᠩᠬᠠᠷᠴᠤ᠌᠂ ᠬᠡᠲᠦᠷᠬᠡᠢ ᠶᠠᠳᠠᠷᠠᠵᠤ ᠵᠦᠳᠡᠷᠡᠬᠦ ᠡᠴᠡ ᠬᠢᠴᠢᠶᠡᠬᠦ ᠬᠡᠷᠡᠭᠳᠡᠢ᠃
( ᠢᠷᠡᠯᠳᠡ᠄ ᠠᠷᠠᠳᠤᠨ ᠡᠳᠦᠷᠤᠨ ᠰᠤᠨᠢᠨ )
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠠᠨᠠᠷ
ᠣᠷᠴᠢᠭᠤᠯᠤᠭ᠍ᠴᠢ᠄




ᠰᠢᠭᠦᠮᠵᠢ ᠠᠯᠠᠭᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃