2022-02-22 09:25:00
《ᠨᠠᠰᠤᠳᠡᠨ ᠡ ᠂ ᠲᠠ ᠡᠮ ᠤ᠋ᠨ ᠵᠢᠡᠨ ᠨᠡᠷ᠎ᠡ ᠪᠤᠯᠤᠨ ᠦᠪᠡᠷ ᠤ᠋ᠨ ᠰᠠᠭᠤᠭ᠎ᠠ ᠭᠠᠵᠠᠷ ᠵᠢᠡᠨ ᠨᠠᠳᠠᠳ᠋ᠤ ᠬᠡᠯᠡᠭᠡᠳ ᠦᠭᠭᠦᠨ᠎ᠡ ᠤᠤ》᠃
《ᠲᠠᠬᠡᠶᠠ᠂ ᠵᠤᠭᠤᠰ ᠬᠡᠷᠡᠭᠰᠡᠬᠦ ᠤᠤ ? ᠪᠢ ᠶᠠᠪᠤᠭᠤᠯᠤᠭᠠᠳ ᠦᠭᠭᠦᠶ᠎ᠡ》᠃
《ᠬᠡᠷᠡᠭ ᠦᠭᠡᠢ᠃ ᠪᠢᠳᠡ ᠠᠪᠤᠴᠢᠬᠠᠭᠠᠳ ᠲᠠᠨ ᠳ᠋ᠤ ᠬᠦᠷᠭᠡᠵᠦ᠍ ᠦᠭᠭᠦᠶ᠎ᠡ》᠃
᠁
《ᠨᠠᠰᠤᠳᠡᠨ ᠡ ᠂ ᠠᠯᠢ ᠠᠰᠠᠷ ᠲᠦ᠍ ᠰᠠᠭᠤᠳᠠᠭ ᠪᠤᠢ? ᠲᠠᠨ ᠳ᠋ᠤ ᠬᠡᠷᠡᠭᠴᠡᠭᠡ ᠲᠠᠢ ᠡᠮ ᠪᠤᠯᠤᠨ ᠢᠳᠡᠱᠢᠨ ᠨᠣᠭᠣᠭ᠎ᠠ ᠶ᠋ᠢ ᠴᠢᠨᠢ ᠪᠢᠳᠡ ᠨᠢᠭᠡᠨᠲᠡ ᠠᠪᠤᠴᠢᠬᠠᠭᠰᠠᠨ᠂ 10 ᠮᠢᠨᠦ᠋ᠲ ᠤ᠋ᠨ ᠳᠠᠷᠠᠭ᠎ᠠ ᠲᠠᠨ ᠤ᠋ ᠠᠰᠠᠷ ᠳᠤᠤᠷ᠎ᠠ ᠬᠦᠷᠭᠡᠵᠦ᠍ ᠥᠭ᠌ᠬᠦᠶᠡ》᠃
ᠡᠨᠡ ᠪᠣᠯ 2 ᠰᠠᠷ᠎ᠠ ᠵᠢᠨ 20 ᠤ᠋ ᠤᠷᠤᠢ ᠵᠢᠨ 7 ᠴᠠᠭ ᠲᠦ᠍ ᠂ ᠬᠥᠬᠡᠬᠣᠲᠠ ᠵᠢᠨ ᠵᠢᠩ ᠶᠤᠸᠠᠨ ᠰᠠᠭᠤᠭᠠᠯᠢ ᠠᠷᠠᠳ ᠤ᠋ᠨ ᠲᠣᠭᠣᠷᠢᠭ ᠢ᠋ ᠪᠠᠲᠤ ᠰᠠᠬᠢᠵᠤ ᠪᠠᠢᠭ᠎ᠠ ᠡᠮᠡᠭ᠌ᠲᠡᠢ ᠰᠠᠢ᠌ᠨ ᠲᠤᠷᠠᠴᠤᠳ ᠤ᠋ᠨ ᠨᠢᠭᠡ ᠪᠤᠯᠬᠤ ᠳ᠋ᠦᠩ ᠯᠢ ᠷᠦᠩ ᠬᠢᠬᠡᠳ ᠰᠠᠭᠤᠭᠠᠯᠢ ᠠᠷᠠᠳ ᠤ᠋ᠨ ᠶᠠᠷᠢᠯᠴᠠᠭ᠎ᠠ ᠪᠣᠯᠤᠨ᠎ᠠ ᠃
ᠪᠠᠰᠠ ᠯᠡ ᠨᠣᠢᠷ ᠦᠭᠡᠢ ᠰᠥᠨᠢ ᠪᠤᠯᠬᠤ ᠨᠢ ᠡ ᠃
ᠰᠥᠨᠢ ᠳᠦᠯᠢ ᠥᠩᠭᠡᠷᠡᠴᠢᠬᠡᠯ᠎ᠡ᠂ ᠲᠣᠰ ᠰᠠᠭᠤᠭᠠᠯᠢ ᠠᠷᠠᠳ ᠤ᠋ᠨ ᠲᠣᠭᠣᠷᠢᠭ ᠲᠦ᠍ ᠤᠯᠠᠭᠠᠨ ᠬᠤᠪᠴᠠᠰᠤᠲᠠᠢ ᠡᠮᠡᠭ᠌ᠲᠡᠶ ᠰᠠᠢᠨ ᠳᠤᠷᠠᠴᠤᠳ ᠨᠠᠭᠠᠰᠢ ᠴᠠᠭᠠᠰᠢ ᠵᠤᠷᠴᠢᠨᠡ᠄ ᠵᠠᠷᠢᠮ ᠨᠢ ᠠᠷᠢᠭᠤᠳᠭᠠᠬᠤ ᠡᠮ ᠰᠦᠷᠴᠢᠵᠤ ᠂ ᠵᠠᠷᠢᠮ ᠨᠢ ᠰᠠᠭᠤᠭᠠᠯᠢ ᠠᠷᠠᠳ ᠤ᠋ᠨ ᠲᠣᠭᠣᠷᠢᠭ ᠤ᠋ᠨ ᠡᠭᠦᠳᠡᠨ ᠳᠡᠭᠡᠷ᠎ᠡ ᠣᠷᠣᠵᠤ ᠭᠠᠷᠬᠤ ᠬᠥᠮᠦᠰ ᠢ᠋ ᠳᠡᠮᠳᠡᠭᠯᠡᠨ᠂ ᠪᠡᠶ᠎ᠡ ᠵᠢᠨ ᠬᠠᠯᠠᠭᠤᠨ ᠢ᠋ ᠨᠢ ᠬᠡᠮᠵᠢᠨ᠎ᠡ ᠁
《ᠵᠢᠩ ᠶᠤᠸᠠᠨ ᠰᠠᠭᠤᠭᠠᠯᠢ ᠠᠷᠠᠳ ᠤ᠋ᠨ ᠲᠣᠭᠣᠷᠢᠭ ᠲᠦ᠍ ᠨᠡᠢᠲᠡ 43 ᠠᠰᠠᠷ ᠤ᠋ᠨ109 ᠤᠷᠤᠴᠠ ᠲᠠᠢ ᠪᠠᠢᠵᠤ᠂ 2800 ᠭᠠᠷᠤᠢ ᠡᠷᠦᠬᠡ ᠰᠠᠭᠤᠭᠠᠯᠢ ᠠᠷᠠᠳ ᠠᠮᠢᠳᠤᠷᠵᠤ ᠪᠠᠢᠳᠠᠭ᠃ ᠡᠳᠦᠷ ᠪᠦᠷᠢ ᠪᠢᠳᠡ 20 ᠭᠠᠷᠤᠶ ᠡᠮᠡᠭ᠌ᠲᠡᠶ ᠰᠠᠢᠨ ᠳᠤᠷᠠᠴᠤᠤᠯ ᠵᠢᠡᠨ ᠵᠤᠬᠢᠶᠠᠨ ᠪᠠᠢᠭᠤᠯᠵᠤ᠂ ᠠᠰᠠᠷ᠂ ᠴᠠᠬᠢᠯᠭᠠᠨ ᠱᠠᠲᠤ ᠪᠠ ᠣᠯᠠᠨ ᠨᠡᠢᠲᠡ ᠵᠢᠨ ᠣᠷᠴᠢᠨ ᠲᠣᠭᠣᠷᠢᠨ ᠢ᠋ ᠠᠷᠢᠭᠤᠳᠬᠠᠳᠠᠭ᠃ ᠣᠯᠠᠨ ᠡᠴᠡ ᠶᠠᠳᠠᠷᠠᠵᠤ ᠪᠠᠢᠨ᠎ᠠ ᠤᠤ ᠭᠡᠵᠤ ᠠᠰᠠᠭᠤᠪᠠᠯ ᠪᠦᠭᠦᠳᠡᠭᠡᠷ ᠵᠢᠡᠨ ᠶᠠᠳᠠᠷᠠᠬᠤ ᠦᠭᠡᠢ ᠭᠡᠵᠡᠭᠡᠬᠦ ᠶᠤᠮ》 ᠭᠡᠵᠦ᠍ ᠥᠪᠥᠷ ᠮᠣᠩᠭᠣᠯ ᠤ᠋ᠨ ᠡᠮᠡᠭ᠌ᠲᠡᠢᠴᠦᠳ ᠤ᠋ᠨ ᠰᠠᠢᠨ ᠳᠤᠷ᠎ᠠ ᠵᠢᠨ ᠦᠶ᠋ᠯᠡᠴᠢᠯᠡᠭᠡᠨ ᠤ᠋ ᠨᠡᠢᠭᠡᠮᠯᠢᠭ ᠤ᠋ᠨ ᠳᠠᠷᠤᠭ᠎ᠠ ᠯᠢᠩᠬᠤ᠎ᠠ ᠬᠡᠯᠡᠨ᠎ᠠ ᠃
ᠯᠢᠩᠬᠤ᠎ᠠ ᠤᠢᠷ᠎ᠠ ᠵᠢᠨ ᠬᠡᠳᠦᠨ ᠡᠳᠦᠷ ᠲᠦ᠍ ᠡᠮᠡᠭ᠌ᠲᠡᠶ ᠰᠠᠢᠨ ᠲᠤᠷᠠᠴᠤᠳ ᠤ᠋ᠨ ᠡᠩᠨᠡᠭᠡᠨ ᠳ᠋ᠤ ᠤᠷᠤᠬᠤ ᠪᠡᠷ ᠬᠢᠵᠢᠭ ᠲᠡᠶ ᠲᠡᠮᠡᠴᠡᠬᠦ᠌ ᠪᠡᠷ ᠡᠷᠡᠮᠡᠯᠵᠡᠭᠰᠡᠨ ᠰᠠᠢᠨ ᠲᠤᠷᠠᠴᠤᠳ ᠤ᠋ᠨ ᠤᠲᠠᠰᠤ ᠶ᠋ᠢ ᠳᠠᠰᠤᠷᠠᠯᠳᠠ ᠦᠬᠡᠢ ᠲᠤᠰᠤᠭᠰᠠᠭᠠᠷ ᠢᠷᠡᠯ᠎ᠠ᠃ ᠡᠮᠡᠭ᠌ᠲᠡᠢ ᠰᠠᠢ᠌ᠨ ᠳᠤᠷᠠᠴᠤᠳ ᠤ᠋ᠨ ᠵᠣᠬᠢᠶᠠᠨ ᠪᠠᠢᠭᠤᠯᠤᠭ᠍ᠴᠢ ᠪᠤᠯᠤᠭᠰᠠᠨ ᠲᠡᠷᠨ ᠪᠡᠷ ᠠᠵᠢᠯ ᠲᠤᠬᠢᠷᠠᠭᠤᠯᠬᠤ ᠵᠢᠨ ᠳᠠᠭᠠᠤ ᠰᠠᠢ᠌ᠨ ᠳᠤᠷᠠᠴᠤᠳ ᠤ᠋ᠨ ᠲᠤᠬᠠᠢ ᠡᠢᠨ ᠬᠦ᠌ ᠤᠴᠢᠷᠯᠡᠨ᠎ᠠ ᠃
《2 ᠰᠠᠷ᠎ᠠ ᠵᠢᠨ 16 ᠤ᠋ ᠡᠳᠦᠷ ᠡᠴᠡ ᠡᠬᠢᠯᠡᠵᠦ᠂ ᠪᠢᠳᠡ ᠰᠠᠢᠨ ᠳᠤᠷᠠᠴᠤᠳ ᠢ᠋ ᠵᠣᠬᠢᠶᠠᠨ ᠪᠠᠢᠭᠤᠯᠵᠤ ᠬᠢᠵᠢᠭ ᠤ᠋ᠨ ᠪᠠᠢᠳᠠᠯ ᠢ᠋ ᠰᠡᠷᠭᠡᠢᠯᠡᠨ ᠡᠵᠡᠮᠳᠡᠬᠦ᠌ ᠠᠵᠢᠯ ᠳ᠋ᠤᠣᠷᠣᠯᠴᠠᠭᠰᠠᠨ ᠶᠤᠮ ᠃ ᠲᠡᠳᠡᠨ ᠤ᠋ ᠳᠣᠲᠣᠷ᠎ᠠ ᠡᠴᠡ ᠡᠵᠢ ᠥᠬᠢᠨ᠂ ᠡᠵᠢ ᠬᠦᠦ ᠲᠠᠢ ᠪᠡᠨ ᠴᠥᠮ ᠤᠷᠤᠯᠴᠠᠵᠤ ᠪᠠᠢᠬᠤ ᠬᠦᠮᠦᠰ ᠪᠠᠢᠬᠤ ᠪᠦᠭᠡᠳ ᠪᠠᠰᠠ ᠪᠠᠭ᠍ᠰᠢ᠂ ᠴᠠᠭ᠍ᠳᠠᠭᠠ᠂ ᠨᠠᠮ ᠳ᠋ᠤ ᠣᠷᠣᠬᠤ ᠢᠳᠡᠪᠬᠢᠲᠡᠨ ᠨᠠᠷ ᠴᠤ᠌ ᠪᠣᠶ ᠁ ᠥᠴᠥᠭᠡᠳᠦᠷ ᠣᠷᠣᠶ᠂ ᠱᠠᠩᠳᠤ ᠰᠢᠶᠠᠨ ᠤ᠋ ᠨᠢᠭᠡᠨ ᠡᠮᠡᠭ᠌ᠲᠡᠶ ᠡᠨᠳᠡ ᠰᠠᠭᠤᠭᠠᠳ ᠰᠠᠢᠨ ᠳᠤᠷᠠᠴᠤᠳ ᠤ᠋ᠨ ᠨᠢᠭᠡ ᠪᠡᠷ ᠠᠵᠢᠯᠯᠠᠵᠤ ᠪᠤᠯᠬᠤ ᠤᠤ ᠭᠡᠮᠡᠨ ᠨᠠᠳᠠ ᠡᠴᠡ ᠠᠰᠠᠭᠤᠵᠤ ᠪᠠᠢᠭᠰᠠᠨ᠃ ᠥᠴᠥᠭᠡᠳᠦᠷ ᠣᠷᠣᠢ ᠵᠢᠨ 2 ᠴᠠᠭ ᠦᠩᠭᠡᠷᠡᠴᠢᠬᠡᠭᠰᠡᠨ ᠪᠠᠢᠬᠤ ᠳ᠋ᠤ ᠬᠦᠮᠦᠰ ᠪᠠᠰᠠ ᠤᠲᠠᠰᠤ ᠪᠡᠷ ᠰᠠᠢᠨ ᠳᠤᠷᠠᠴᠤᠳ ᠤ᠋ᠨ ᠡᠩᠨᠡᠭᠡᠨ ᠳ᠋ᠤ ᠣᠷᠣᠬᠤ ᠰᠠᠨᠠᠭ᠎ᠠ ᠲᠠᠶ ᠪᠠᠢᠭ᠎ᠠ ᠪᠡᠨ ᠢᠯᠡᠳᠬᠡᠵᠤ ᠪᠠᠢᠯ᠎ᠠ》 ᠬᠡᠵᠤ ᠯᠢᠩᠬᠤ᠎ᠠ ᠶᠠᠷᠢᠨ᠎ᠠ ᠃
《ᠡᠨᠡ ᠬᠡᠳᠦᠨ ᠡᠳᠦᠷ ᠦᠴᠦᠸᠠᠨ ᠰᠢᠶᠠᠨ ᠤ᠋ ᠠᠭᠠᠷ ᠤ᠋ᠨ ᠳᠤᠯᠠᠭᠠᠨ ᠭᠡᠨᠡᠳᠲᠡ ᠪᠡᠷ ᠪᠠᠭᠤᠷᠠᠵᠤ᠂ ᠰᠥᠨᠢ ᠳ᠋ᠡᠭᠡᠨ ᠮᠠᠨ ᠤ᠋ ᠰᠠᠭᠤᠳᠠᠭ ᠮᠠᠢᠬᠠᠨ ᠳ᠋ᠤ ᠵᠤᠤᠬ᠎ᠠ ᠦᠭᠡᠢ ᠪᠤᠯᠬᠤᠷ ᠪᠢᠳᠡ ᠭᠠᠢᠭᠤᠢ ᠵᠤᠵᠠᠭᠠᠨ ᠬᠤᠪᠴᠠᠰᠤᠯᠠᠳᠠᠭ᠃ ᠬᠢᠵᠢᠭ ᠤ᠋ᠨ ᠪᠠᠢᠳᠠᠯ ᠳᠠᠷᠤᠭᠳᠠᠳᠠᠭ ᠯᠡ ᠶᠤᠮ ᠪᠣᠯ ᠪᠢᠳᠡ ᠬᠡᠳᠦᠶ ᠵᠦᠳᠡᠷᠡᠭᠰᠡᠨ ᠴᠦ᠍ ᠬᠠᠮᠢᠶ᠎ᠠ ᠦᠬᠡᠢ》 ᠭᠡᠵᠦ᠍ ᠦᠴᠦᠸᠠᠨ ᠱᠢᠶᠠᠨ ᠤ᠋ ᠡᠮᠡᠭ᠌ᠲᠡᠢ ᠰᠠᠢ᠌ᠨ ᠲᠤᠷ᠎ᠠ ᠵᠢᠨ ᠠᠵᠢᠯᠯᠠᠭᠴᠢ ᠵᠧᠦ ᠯᠢ ᠬᠡᠯᠡᠨ᠎ᠡ ᠃
《2 ᠰᠠᠷ᠎ᠠ ᠵᠢᠨ 16 ᠤ᠋ ᠡᠳᠦᠷ ᠡᠴᠡ ᠣᠲᠣ ᠪᠣᠯᠲᠠᠯ᠎ᠠ᠂ ᠦᠴᠦᠸᠠᠨ ᠱᠢᠶᠠᠨ ᠤ᠋ 119 ᠡᠮᠡᠭ᠌ᠲᠡᠶ ᠰᠠᠢᠨ ᠲᠤᠷᠠᠴᠤᠤᠯ ᠡᠳᠦᠷ ᠰᠥᠨᠢ ᠢᠯᠭᠠᠯ ᠦᠭᠡᠢ ᠭᠤᠷᠪᠠᠨ ᠡᠭᠡᠯᠵᠢ ᠲᠤᠬᠢᠷᠠᠭᠤᠯᠵᠤ᠂ ᠡᠮᠨᠡᠯᠭᠡ ᠵᠢᠨ ᠬᠣᠷᠢᠶ᠎ᠠ ᠶ᠋ᠢ ᠬᠠᠪᠰᠤᠷᠤᠨ ᠪᠥᠭᠡᠮ ᠬᠦᠴᠢᠯ ᠤ᠋ᠨ ᠪᠠᠢᠴᠠᠭᠠᠯᠲᠠ ᠵᠢᠨ ᠮᠡᠳᠡᠭᠦᠯᠦᠯᠲᠡ ᠶ᠋ᠢ ᠲᠠᠷᠬᠠᠭᠠᠵᠤ ᠪᠤᠢ᠃ ᠪᠢᠳᠠ ᠡᠳᠦᠷ ᠲᠡᠬᠡᠨ ᠵᠥᠪᠬᠡᠨ 3 ᠴᠠᠭ ᠯᠡ ᠠᠮᠠᠷᠠᠵᠤ᠂ ᠳᠦᠭᠦᠮ ᠬᠣᠭᠣᠯᠠ ᠢᠳᠡᠳᠡᠭ》ᠬᠡᠵᠤ ᠵᠧᠦ ᠯᠢ ᠬᠡᠯᠡᠭᠰᠡᠨ ᠵᠢᠡᠨ ᠵᠠᠯᠭᠠᠭᠠᠳ᠄《ᠮᠠᠨ ᠤ᠋ ᠰᠠᠢ᠌ᠨ ᠳᠤᠷᠠᠴᠤᠳ ᠬᠢᠵᠢᠭ ᠤ᠋ᠨ ᠪᠠᠢᠳᠠᠯ ᠢ᠋ ᠰᠡᠷᠭᠡᠢᠯᠡᠨ ᠡᠵᠡᠮᠳᠡᠬᠦ᠌ ᠳ᠋ᠤ ᠵᠣᠭᠣᠰ ᠮᠥᠩᠭᠥ᠌ ᠡᠳ᠋ ᠪᠣᠳᠠᠰ ᠬᠠᠨᠳᠢᠪᠯᠠᠵᠤ᠂ ᠬᠠᠯᠠᠭᠤᠨ ᠰᠡᠳᠭᠢᠯᠲᠤ ᠬᠦᠮᠦᠰ ᠴᠤ᠌ ᠪᠢᠳᠡᠨ ᠢ᠋ ᠳᠡᠮᠵᠢᠵᠤ ᠵᠣᠭᠣᠰ ᠮᠥᠩᠭᠥ᠌ ᠡᠳ᠋ ᠪᠣᠳᠠᠰ ᠬᠠᠨᠳᠢᠪᠯᠠᠵᠤ ᠪᠠᠢᠨ᠎ᠠ᠂ ᠬᠠᠯᠠᠭᠤᠨ ᠰᠡᠳᠭᠢᠯᠲᠤ ᠬᠦᠮᠦᠰ ᠤ᠋ᠨ ᠵᠠᠷᠢᠮ ᠨᠢ ᠨᠡᠷ᠎ᠡ ᠪᠡᠨ ᠦᠯᠡᠳᠡᠭᠡᠵᠦ᠍᠂ ᠵᠠᠷᠢᠮ ᠨᠢ ᠨᠡᠷ᠎ᠡ ᠪᠡᠨ ᠴᠤ᠌ ᠦᠯᠡᠳᠡᠭᠡᠭᠰᠡᠨ ᠦᠭᠡᠢ᠂ ᠲᠡᠳᠡ ᠪᠢᠳᠡᠨ ᠤ᠋ ᠲᠥᠯᠥᠭᠡ ᠳᠤᠭᠳᠤᠯᠵᠤ᠂ ᠪᠢᠳᠡ ᠲᠡᠳᠡᠨ ᠤ᠋ ᠬᠠᠢᠷ᠎ᠠ ᠬᠠᠯᠠᠮᠵᠢ ᠡᠴᠡ ᠪᠤᠯᠵᠤ ᠰᠡᠳᠭᠢᠯ ᠳᠤᠯᠠᠭᠠᠬᠠᠨ ᠪᠠᠢᠳᠠᠭ ᠶᠤᠮ》 ᠭᠡᠯ᠎ᠠ ᠃
ᠣᠢᠷ᠎ᠠ ᠳ᠋ᠤ᠂ ᠬᠥᠬᠡᠬᠣᠲᠠ ᠪᠤᠯᠤᠨ ᠪᠤᠭᠤᠲᠤ ᠬᠣᠲᠠ ᠳ᠋ᠤ ᠭᠡᠨᠡᠳᠲᠡ ᠵᠢᠨ ᠬᠢᠵᠢᠭ ᠳᠡᠯᠭᠡᠷᠡᠬᠦ ᠳ᠋ᠤ ᠮᠠᠰᠢ ᠤᠯᠠᠨ ᠡᠮᠡᠭ᠌ᠲᠡᠶ ᠰᠠᠢᠨ ᠳᠤᠷᠠᠴᠤᠳ ᠬᠢᠵᠢᠭ ᠲᠡᠶ ᠲᠡᠮᠡᠴᠡᠬᠦ᠌ ᠡᠮᠦᠨ᠎ᠡ ᠹᠷᠣᠨᠲ ᠢ᠋ ᠡᠳᠦᠷ ᠰᠥᠨᠢ ᠥᠬᠡᠶ ᠪᠠᠲᠤ ᠰᠠᠬᠢᠵᠤ᠂ ᠬᠦᠴᠢᠷ ᠪᠡᠷᠬᠡ ᠵᠢ ᠬᠠᠮᠲᠤ ᠪᠡᠷ ᠲᠤᠭᠤᠯᠵᠤ ᠪᠤᠢ᠃ 2 ᠰᠠᠷ᠎ᠠ ᠵᠢᠨ 20 ᠤ᠋ ᠡᠳᠦᠷ ᠪᠣᠯᠲᠠᠯ᠎ᠠ᠂ ᠬᠥᠬᠡᠬᠣᠲᠠ ᠪᠤᠯᠤᠨ ᠪᠤᠭᠤᠲᠤ ᠵᠢᠨ ᠡᠮᠡᠭ᠌ᠲᠡᠶ ᠰᠠᠢᠨ ᠳᠤᠷᠠᠴᠤᠳ ᠤ᠋ᠨ ᠲᠤᠭ᠎ᠠ ᠨᠢᠭᠡᠨᠲᠡ 1.7 ᠲᠦᠮᠡ ᠶ᠋ᠢ ᠳᠠᠪᠠᠭᠰᠠᠨ ᠪᠠᠢᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠤᠶᠤᠨᠲᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃