ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠥᠪᠥᠷ ᠮᠣᠩᠭᠣᠯ·ᠬᠠᠢᠷ᠎ᠠ ᠬᠠᠯᠠᠮᠵᠢ

2022-02-22 10:32:17

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

2 ᠰᠠᠷ᠎ᠠ᠎ᠶᠢᠨ15᠎ᠤ ᠡᠳᠦᠷ ᠭᠡᠨᠡᠳᠲᠡ ᠳᠠᠭᠠᠷᠢᠭᠰᠠᠨ ᠬᠢᠵᠢᠭ᠎ᠤᠨ ᠳᠤᠪᠲᠤᠯᠭᠠᠨ《ᠦᠯᠵᠡᠢᠲᠦ ᠡᠳᠦᠷ》᠎ᠤᠨ ᠬᠦᠷ ᠪᠠᠶᠠᠷ ᠲᠠᠭᠠᠨ ᠰᠤᠭᠲᠤᠭᠤᠷᠠᠵᠤ ᠪᠠᠢᠭᠰᠠᠨ ᠬᠦᠬᠡᠬᠤᠲᠠ ᠎ᠶᠢ ᠰᠤᠭᠲᠤᠭᠤᠷᠠᠯ᠎ᠤᠨ ᠳᠤᠮᠳᠠ ᠡᠴᠡ ᠳᠠᠭᠤᠳᠠᠨ ᠰᠡᠷᠢᠭᠡᠯ᠎ᠡ᠃

《ᠮᠠᠨ᠎ᠤ ᠬᠤᠲᠠ ᠬᠢᠵᠢᠭ ᠲᠤ᠌ ᠳᠠᠭᠠᠷᠢᠭᠳᠠᠴᠢᠬᠠᠯ᠎ᠠ》 ᠭᠡᠵᠦ ᠬᠦᠬᠡᠬᠤᠲᠠ᠎ᠶᠢᠨ ᠬᠦᠮᠦᠨ ᠪᠤᠯᠭᠠᠨ᠎ᠤ ᠰᠡᠳᠬᠢᠯ᠎ᠤᠨ ᠬᠦᠪᠴᠢ ᠳᠤᠷᠭᠢᠬᠤ ᠳ᠋ᠤ ᠬᠠᠪᠢ᠎ᠶᠢᠨ ᠤᠯᠠᠨ ᠠᠬᠠᠨ ᠲᠡᠭᠦᠤᠰ ᠨᠢ ᠴᠤ᠌ ᠬᠠᠮᠵᠢᠯᠴᠠᠬᠤ ᠎ᠶᠢᠨ ᠡᠩᠨᠡᠭᠡᠨ ᠳ᠋ᠤ ᠠᠯᠬᠤᠭ᠎ᠠ ᠨᠡᠢᠯᠡᠭᠦᠯᠦᠯ᠎ᠡ᠃

2 ᠰᠠᠷ᠎ᠠ ᠎ᠶᠢᠨ 17᠎ᠤ ᠡᠳᠦᠷ᠎ᠤᠨ 7 ᠴᠠᠭ 30 ᠮᠢᠨᠦ᠋ᠲ ᠲᠤ᠌ ᠠᠯᠠᠱᠠ ᠠᠢᠮᠠᠭ᠎ᠤᠨ ᠳᠤᠲᠤᠭᠠᠳᠤ᠎ᠶᠢ ᠬᠠᠮᠠᠭᠠᠯᠠᠬᠤ ᠲᠤᠪᠴᠢᠶ᠎ᠠ 19 ᠴᠠᠭᠳᠠᠭ᠎ᠠ ᠪᠡᠷ ᠪᠦᠷᠢᠯᠳᠦᠭᠰᠡᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠭᠠᠪᠰᠢᠭᠠᠢ ᠠᠩᠭᠢ᠎ᠶᠢ ᠵᠤᠬᠢᠶᠠᠨ ᠪᠠᠢᠭᠤᠯᠵᠤ᠂ ᠬᠦᠬᠡᠬᠤᠲᠠ ᠎ᠶᠢ ᠲᠤᠰᠠᠯᠠᠬᠤ ᠠᠶᠠᠨ᠎ᠤ ᠵᠢᠯᠤᠭᠤ᠎ᠶᠢ ᠠᠳᠬᠤᠭᠤᠯᠤᠯ᠎ᠠ᠃

2022 ᠤᠨ᠎ᠤ 2 ᠰᠠᠷ᠎ᠠ ᠎ᠶᠢᠨ 20᠎ᠤ ᠡᠳᠦᠷ᠎ᠤᠨ ᠦᠳᠡ᠎ᠶᠢᠨ ᠡᠮᠦᠨ᠎ᠡ ᠪᠠᠶᠠᠨᠨᠠᠭᠤᠷ ᠬᠤᠲᠠ᠎ᠶᠢᠨ ᠬᠢᠨ 95 ᠬᠦᠮᠦᠨ᠎ᠤ ᠪᠠᠴᠢᠮ ᠪᠠᠢᠳᠠᠯ᠎ᠢ ᠠᠷᠭᠠᠴᠠᠭᠠᠬᠤ ᠡᠮᠴᠢᠯᠡᠭᠡᠨ᠎ᠤ ᠠᠩᠭᠢ᠎ᠶᠢ ᠪᠠᠢᠭᠤᠯᠵᠤ᠂ ᠬᠦᠬᠡᠬᠤᠲᠠ᠎ᠶᠢ ᠲᠤᠰᠠᠯᠠᠬᠤ ᠪᠡᠷ ᠮᠤᠷᠳᠠᠭᠤᠯᠬᠤ ᠵᠢᠨ ᠬᠠᠮᠲᠤ ᠤᠢᠷ᠎ᠠ ᠎ᠶᠢᠨ ᠬᠤᠭᠤᠴᠠᠭᠠᠨ ᠳ᠋ᠤ 2 ᠪᠦᠯᠦᠭ᠎ᠢᠶᠡᠷ 105 ᠬᠦᠮᠦᠨ ᠎ᠤ ᠡᠮᠨᠡᠯᠭᠡ ᠎ᠶᠢᠨ ᠠᠵᠢᠯᠲᠠᠨ ᠲᠤᠮᠢᠯᠠᠵᠠᠢ᠃

18᠎ᠤ ᠡᠳᠦᠷ᠎ᠤᠨ ᠦᠳᠡ᠎ᠶᠢᠨ ᠬᠤᠢᠨ᠎ᠠ᠂ ᠲᠦᠩᠯᠢᠶᠤᠤ ᠬᠤᠲᠠ᠎ᠶᠢᠨ ᠪᠦᠭᠡᠮ ᠬᠦᠴᠢᠯ᠎ᠤᠨ ᠰᠢᠯᠭᠠᠨ ᠪᠠᠢᠴᠠᠭᠠᠯᠲᠠ ᠬᠢᠬᠦ 20 ᠬᠦᠮᠦᠨ᠎ᠤ ᠠᠩᠬᠢ ᠬᠦᠬᠡᠬᠤᠲᠠ᠎ᠶᠢ ᠲᠤᠰᠠᠯᠠᠬᠤ ᠪᠡᠷ ᠡᠭᠦᠷᠭᠡ ᠬᠦᠯᠢᠶᠡᠨ ᠮᠤᠷᠳᠠᠵᠤ ᠭᠠᠷᠪᠠ᠃

18᠎ᠤ ᠤᠷᠤᠢ ᠤᠷᠳᠤᠰ ᠬᠤᠲᠠ᠎ᠶᠢᠨ 22 ᠠᠵᠢᠯᠲᠠᠨ ᠦᠳᠡᠰᠢ ᠰᠦᠨᠢ ᠪᠡᠷ ᠬᠦᠬᠡᠬᠤᠲᠠ᠎ᠶᠢ ᠵᠤᠷᠢᠨ ᠮᠤᠷᠳᠠᠵᠤ᠂ ᠬᠢᠵᠢᠭ᠎ᠤᠨ ᠡᠮᠦᠨ᠎ᠡ ᠹᠷᠤᠨᠲ ᠲᠤ᠌ ᠢᠷᠡᠪᠡ᠃

2 ᠰᠠᠷ᠎ᠠ᠎ᠶᠢᠨ 20᠎ᠤ ᠡᠳᠦᠷ᠎ᠤᠨ ᠦᠳᠡ ᠳ᠋ᠤ ᠤᠯᠠᠭᠠᠨᠬᠠᠳᠠ ᠬᠤᠲᠠ᠎ᠶᠢᠨ ᠡᠮᠴᠢᠯᠡᠭᠡᠨ᠎ᠤ ᠠᠩᠭᠢ ᠢᠤᠢ ᠯᠦᠩ ᠨᠢᠰᠭᠡᠯ᠎ᠤᠨ ᠪᠠᠭᠤᠳᠠᠯ ᠡᠴᠡ ᠬᠦᠬᠡᠬᠤᠲᠠ ᠵᠦᠭ ᠨᠢᠰᠪᠡ᠃ ᠲᠤᠰ ᠡᠮᠴᠢᠯᠡᠭᠡᠨ᠎ᠤ ᠠᠩᠭᠢ ᠳ᠋ᠤ 21 ᠡᠮᠴᠢ᠂ 50 ᠰᠤᠪᠢᠯᠠᠭᠴᠢ᠂ 8 ᠬᠠᠯᠳᠠᠪᠤᠷᠢᠯᠠᠯ᠎ᠤᠨ ᠬᠠᠮᠢᠶᠠᠷᠤᠯᠲᠠ᠎ᠶᠢᠨ ᠰᠠᠯᠠᠭᠠᠨ᠎ᠤ ᠡᠮᠴᠢ ᠪᠠ 14 ᠠᠷᠢᠭᠤᠳᠬᠠᠯ᠎ᠤᠨ ᠠᠵᠢᠯᠲᠠᠨ ᠪᠠᠭᠳᠠᠵᠤ᠂ ᠤᠯᠠᠭᠠᠨᠬᠠᠳᠠ ᠳᠡᠭᠡᠳᠦ ᠰᠤᠷᠭᠠᠭᠤᠯᠢ᠎ᠶᠢᠨ ᠬᠠᠷᠢᠶᠠᠲᠤ ᠡᠮᠨᠡᠯᠭᠡ᠎ᠶᠢᠨ ᠬᠤᠷᠢᠶ᠎ᠠ᠂ ᠤᠯᠠᠭᠠᠨᠬᠠᠳᠠ ᠬᠤᠲᠠ ᠎ᠶᠢᠨ ᠬᠠᠪᠤᠳᠠᠷ᠎ᠤᠨ ᠡᠮᠨᠡᠯᠭᠡ᠎ᠶᠢᠨ ᠬᠤᠷᠢᠶ᠎ᠠ᠂ ᠨᠢᠩᠴᠧᠩ ᠰᠢᠶᠠᠨ᠎ᠤ ᠡᠮᠨᠡᠯᠭᠡ᠎ᠶᠢᠨ ᠬᠤᠷᠢᠶ᠎ᠠ ᠪᠠ ᠯᠢᠨᠰᠢ ᠰᠢᠶᠠᠨ᠎ᠤ ᠡᠮᠨᠡᠯᠭᠡ᠎ᠶᠢᠨ ᠬᠤᠷᠢᠶ᠎ᠠ ᠵᠡᠷᠭᠡ ᠳᠦᠷᠪᠡᠨ ᠡᠮᠨᠡᠯᠭᠡ᠎ᠶᠢᠨ ᠬᠤᠷᠢᠶ᠎ᠠ ᠡᠴᠡ ᠲᠤᠮᠢᠯᠠᠭᠰᠠᠨ ᠶᠤᠮ᠃

ᠰᠢᠯᠢ᠎ᠶᠢᠨ ᠭᠤᠤᠯ ᠠᠢᠮᠠᠭ᠎ᠤᠨ ᠬᠢᠵᠢᠭ᠎ᠢ ᠰᠡᠷᠭᠡᠢᠯᠡᠨ ᠡᠵᠡᠮᠳᠡᠬᠦ 10 ᠬᠦᠮᠦᠨ ᠬᠦᠬᠡᠬᠤᠲᠠ ᠳ᠋ᠤ ᠬᠦᠷᠴᠦ ᠢᠷᠡᠪᠡ᠃

ᠦᠬᠠᠢ ᠬᠤᠲᠠ᠎ᠶᠢᠨ ᠪᠦᠭᠡᠮ ᠬᠦᠴᠢᠯ᠎ᠤᠨ ᠰᠢᠯᠭᠠᠨ ᠪᠠᠢᠴᠠᠭᠠᠯᠲᠠ ᠬᠢᠬᠦ 10 ᠮᠡᠷᠭᠡᠵᠢᠯ᠎ᠤᠨ ᠠᠵᠢᠯᠲᠠᠨ ᠬᠦᠬᠡᠬᠤᠲᠠ ᠳ᠋ᠤ ᠢᠷᠡᠵᠦ ᠠᠵᠢᠯᠯᠠᠵᠤ ᠡᠬᠢᠯᠡᠵᠡᠢ᠃

ᠬᠢᠩᠭᠠᠨ ᠠᠢᠮᠠᠭ᠎ᠤᠨ 20 ᠠᠵᠢᠯᠲᠠᠨ ᠴᠤ᠌ ᠬᠦᠬᠡᠬᠤᠲᠠ ᠳ᠋ᠤ ᠢᠷᠡᠵᠦ᠂ ᠪᠦᠭᠡᠮ ᠬᠦᠴᠢᠯ᠎ᠤᠨ ᠪᠠᠢᠴᠠᠭᠠᠯᠲᠠ ᠬᠢᠵᠦ ᠡᠬᠢᠯᠡᠪᠡ᠃

2 ᠰᠠᠷ᠎ᠠ᠎ᠶᠢᠨ 20᠎ᠤ ᠡᠳᠦᠷ᠎ᠤᠨ ᠦᠳᠡ᠎ᠶᠢᠨ ᠡᠮᠦᠨ᠎ᠡ G6 ᠪᠡᠭᠡᠵᠢᠩ ᠲᠦᠪᠡᠳ᠎ᠤᠨ ᠲᠦᠷᠭᠡᠨ᠎ᠤ ᠵᠠᠮ᠎ᠤᠨ ᠬᠦᠬᠡᠬᠤᠲᠠ ᠳ᠋ᠤ ᠤᠷᠤᠬᠤ ᠠᠭᠤᠯᠵᠠᠷ ᠲᠤ᠌ ᠠᠴᠢᠶ᠎ᠠ ᠪᠠᠷᠠᠭ᠎ᠠ ᠳᠦᠭᠦᠷᠲᠡᠯ᠎ᠡ ᠠᠴᠢᠭᠰᠠᠨ ᠲᠡᠷᠭᠡᠨ ᠠᠩᠬᠢ᠎ᠶᠢ ᠤᠭᠲᠤᠨ ᠠᠪᠤᠭᠰᠠᠨ ᠨᠢ ᠪᠡᠭᠡᠵᠢᠩ ᠡᠴᠡ ᠬᠦᠷᠭᠡᠭᠰᠡᠨ ᠬᠢᠵᠢᠭ᠎ᠢ ᠡᠰᠡᠷᠭᠦᠴᠡᠬᠦ ᠡᠳ᠋ ᠪᠤᠳᠠᠰ ᠪᠠᠢᠵᠠᠢ᠃

《ᠵᠠᠮ ᠨᠡᠢᠯᠡᠭᠰᠡᠨ ᠬᠦᠮᠦᠨ ᠪᠦᠬᠦᠨ ᠵᠤᠷᠢᠭᠰᠠᠨ ᠵᠦᠭ᠎ᠢᠶᠡᠨ ᠪᠠᠷᠢᠵᠤ ᠡᠭᠦᠷᠢᠳᠡ ᠬᠠᠮᠲᠤ ᠠᠶᠠᠯᠠᠨ᠎ᠠ ᠭᠡᠳᠡᠭ ᠠᠮᠠᠷ ᠦᠭᠡᠢ ︕》

ᠦᠪᠦᠷ ᠮᠤᠩᠭᠤᠯ᠎ᠤᠨ ᠭᠠᠵᠠᠷ ᠪᠦᠬᠦᠨ ᠳ᠋ᠤ ᠬᠠᠢᠷ᠎ᠠ ᠎ᠶᠢᠨ ᠴᠡᠴᠡᠭ ᠳᠡᠯᠪᠡᠭᠡᠯᠡᠵᠦ᠂ ᠡᠬᠡ ᠤᠯᠤᠰ᠎ᠤᠨ ᠭᠠᠵᠠᠷ ᠪᠦᠬᠦᠨ ᠡᠴᠡ ᠴᠤ᠌ ᠦᠪᠦᠷ ᠮᠤᠩᠭᠤᠯ᠎ᠢ ᠬᠠᠢᠷ᠎ᠠ᠎ᠶᠢᠨ ᠰᠢᠮ᠎ᠡ ᠪᠡᠷ ᠤᠮᠳᠠᠭᠠᠯᠠᠨ᠎ᠠ᠃ ᠬᠠᠷᠢᠭᠤ ᠳ᠋ᠤᠨᠢ ᠲᠠ ᠪᠦᠬᠦᠨ ᠳ᠋ᠡᠭᠡᠨ ᠲᠤᠮᠤ ᠡᠴᠡ ᠲᠤᠮᠤ ᠵᠢᠷᠦᠬᠡ ᠵᠢᠷᠤᠵᠤ ᠪᠡᠯᠡᠭᠯᠡᠶ᠎ᠡ︕

ᠬᠢᠵᠢᠭ ᠡᠭᠦᠰᠦᠭᠰᠡᠨ ᠲᠤᠬᠠᠢ᠎ᠶᠢᠨ ᠭᠠᠵᠠᠷ ᠪᠤᠯᠬᠤ ᠬᠦᠬᠡᠬᠤᠲᠠ᠂ ᠪᠤᠭᠤᠲᠤ᠂ ᠮᠠᠨᠵᠤᠤᠷ ᠲᠤ᠌ ᠮᠦᠨ ᠴᠤ᠌ ᠤᠯᠠᠨ ᠤᠯᠠᠨ ᠬᠦᠮᠦᠨ ᠬᠢᠵᠢᠭ ᠡᠭᠦᠰᠦᠭᠰᠡᠨ ᠭᠠᠵᠠᠷ ᠪᠤᠯᠭᠠᠨ ᠳ᠋ᠤ ᠬᠤᠪᠢ ᠬᠤᠪᠢᠨ᠎ᠤ ᠬᠦᠴᠦ ᠪᠠᠨ ᠡᠷᠭᠦᠯ᠎ᠠ᠃

ᠰᠢᠯᠭᠠᠨ ᠪᠠᠢᠴᠠᠭᠠᠯᠲᠠ ᠡᠬᠢᠯᠡᠬᠦ ᠡᠴᠡ ᠡᠮᠦᠨ᠎ᠡ ᠬᠦᠬᠡᠬᠤᠲᠠ ᠎ᠶᠢᠨ ᠵᠠᠯᠠᠭᠤ ᠰᠠᠢᠨ ᠳᠤᠷᠠᠴᠤᠳ ᠴᠤᠭᠯᠠᠷᠠᠯ ᠪᠠᠢᠭᠤᠯᠤᠨ ᠬᠦᠮᠦᠨ ᠡᠯᠰᠡᠵᠦ᠂ ᠬᠢᠵᠢᠭ᠎ᠤᠨ ᠡᠮᠦᠨ᠎ᠡ ᠹᠷᠤᠨᠲ ᠲᠤ᠌ ᠤᠴᠢᠬᠤ ᠪᠡᠯᠡᠳᠬᠡᠯ ᠎ᠢᠶᠡᠨ ᠬᠢᠵᠡᠢ᠃

ᠰᠠᠢᠨ ᠳᠤᠷᠠᠴᠤᠳ᠂ ᠡᠮᠨᠡᠯᠭᠡ᠎ᠶᠢᠨ ᠠᠵᠢᠯᠲᠠᠳ ᠵᠡᠭᠡᠯᠢ ᠭᠤᠳᠤᠮᠵᠢ ᠪᠡᠷ ᠰᠢᠯᠭᠠᠨ ᠪᠠᠢᠴᠠᠭᠠᠯᠲᠠ᠎ᠶᠢᠨ ᠡᠮᠬᠢ ᠲᠢᠭᠯᠢᠮ᠎ᠢ ᠬᠠᠮᠠᠭᠠᠯᠠᠵᠤ᠂ ᠠᠶᠤᠯ ᠲᠦᠭᠰᠢᠭᠦᠷᠢ᠎ᠶᠢ ᠰᠢᠯᠭᠠᠨ ᠪᠠᠢᠴᠠᠭᠠᠵᠤ᠂ ᠬᠢᠵᠢᠭ᠎ᠤᠨ ᠲᠦᠪ ᠳᠠᠢᠨ᠎ᠤ ᠲᠠᠯᠠᠪᠤᠷ ᠲᠤ᠌ ᠰᠠᠬᠢᠨ ᠬᠠᠮᠠᠭᠠᠯᠠᠪᠠ᠃

ᠬᠦᠬᠡᠬᠤᠲᠠ ᠳ᠋ᠤ ᠶᠡᠬᠡ ᠴᠠᠰᠤᠨ ᠯᠠᠪᠰᠠᠯᠠᠵᠤ᠂ ᠬᠢᠵᠢᠭ᠎ᠤᠨ ᠡᠮᠦᠨ᠎ᠡ ᠹᠷᠤᠨᠲ ᠲᠤ᠌ ᠪᠠᠢᠭ᠎ᠠ ᠠᠵᠢᠯᠲᠠᠳ᠎ᠤᠨ ᠬᠠᠮᠠᠭᠠᠯᠠᠯᠲᠠ᠎ᠶᠢᠨ ᠬᠤᠪᠴᠠᠰᠤ ᠴᠠᠰᠤᠨ ᠬᠤᠶᠠᠭ ᠰᠢᠭ᠋ ᠪᠤᠯᠤᠭᠰᠠᠨ ᠴᠤ᠌ ᠲᠡᠳᠡ ᠮᠦᠨ ᠭᠦᠪᠢᠬᠦ ᠴᠢᠯᠦᠭᠡ ᠦᠭᠡᠢ ᠶᠠᠭᠠᠷᠠᠯᠳᠤᠭᠰᠠᠭᠠᠷ᠂ ᠪᠡᠭᠡᠷᠡᠵᠦ ᠴᠢᠨᠦᠷᠡᠭᠰᠡᠨ ᠭᠠᠷ᠎ᠢᠶᠡᠨ ᠦᠷᠦᠯᠬᠢᠯᠡᠬᠦ᠎ᠶᠢᠨ ᠵᠠᠪ ᠦᠭᠡᠢ ᠠᠵᠢᠯᠯᠠᠭᠰᠠᠭᠠᠷ ᠪᠠᠢᠯ᠎ᠠ᠃

ᠮᠠᠨᠵᠤᠤᠷ ᠬᠤᠲᠠ᠎ᠶᠢᠨ《12349》ᠠᠷᠠᠳ ᠲᠤ᠌ ᠳᠦᠭᠦᠮ ᠦᠵᠡᠭᠦᠯᠬᠦ ᠨᠠᠰᠤᠲᠠᠢᠴᠤᠳ ᠲᠤ᠌ ᠦᠢᠯᠡᠴᠢᠯᠡᠬᠦ ᠦᠢᠯᠡᠴᠢᠯᠡᠭᠡᠨ᠎ᠤ ᠲᠦᠪ᠎ᠤᠨ ᠠᠵᠢᠯᠲᠠᠨ ᠳᠤᠤᠷ᠎ᠠ ᠨᠢ ᠰᠠᠢᠨ ᠳᠤᠷᠠᠴᠤᠳ᠎ᠤᠨ ᠡᠩᠨᠡᠭᠡᠨ ᠳ᠋ᠤ ᠨᠡᠷ᠎ᠡ ᠮᠡᠳᠡᠭᠦᠯᠵᠦ᠂ ᠠᠵᠢᠯᠯᠠᠬᠤ᠎ᠶᠢᠨ᠎ᠢᠶᠡᠨ ᠳᠠᠭᠠᠤ ᠠᠷᠠᠳ᠎ᠤᠨ ᠬᠡᠷᠡᠭᠴᠡᠭᠡ᠎ᠶᠢ ᠠᠩᠬᠠᠷᠤᠨ ᠡᠮ ᠪᠠ ᠠᠮᠢᠳᠤᠷᠠᠯ᠎ᠤᠨ ᠪᠠᠴᠢᠮ ᠬᠡᠷᠡᠭᠯᠡᠭᠡᠨ᠎ᠤ ᠪᠤᠳᠠᠰ᠎ᠢ ᠰᠦᠯᠵᠢᠶ᠎ᠡ ᠪᠡᠷ ᠳᠠᠮᠵᠢᠭᠤᠯᠤᠨ ᠬᠤᠳᠠᠯᠳᠤᠨ ᠠᠪᠬᠤ ᠵᠡᠷᠭᠡ ᠳ᠋ᠤ ᠬᠠᠪᠰᠤᠷᠴᠤ ᠪᠠᠢᠯ᠎ᠠ᠃

ᠪᠤᠭᠤᠲᠤ ᠬᠤᠲᠠ᠎ᠶᠢᠨ ᠨᠠᠮ ᠪᠠ ᠤᠯᠠᠨ ᠲᠦᠮᠡᠨ᠎ᠤ ᠦᠢᠯᠡᠴᠢᠯᠡᠭᠡᠨ᠎ᠤ ᠳᠤᠭᠤᠢᠯᠠᠩ ᠨᠢ ᠪᠤᠭᠤᠲᠤ ᠬᠤᠲᠠ᠎ᠶᠢᠨ ᠬᠠᠢᠷ᠎ᠠ ᠬᠠᠯᠠᠮᠵᠢ᠎ᠶᠢᠨ ᠲᠡᠷᠭᠡᠨ ᠠᠩᠬᠢ᠎ᠲᠠᠢ ᠬᠠᠮᠲᠤ ᠪᠡᠷ ᠪᠦᠬᠦ ᠬᠤᠲᠠ ᠎ᠶᠢᠨ ᠦᠷᠭᠡᠨ ᠤᠯᠠᠨ ᠨᠠᠮ᠎ᠤᠨ ᠭᠡᠰᠢᠭᠦᠨ ᠤᠯᠠᠨ ᠲᠦᠮᠡᠨ᠂ ᠠᠵᠤ ᠠᠬᠤᠢᠯᠠᠯ᠂ ᠨᠡᠢᠭᠡᠮ᠎ᠤᠨ ᠵᠤᠬᠢᠶᠠᠨ ᠪᠠᠢᠭᠤᠯᠤᠯᠲᠠ᠎ᠶᠢ ᠤᠷᠢᠶᠠᠯᠠᠨ᠂ ᠬᠠᠮᠲᠤᠪᠡᠷ ᠬᠦᠳᠡᠯᠦᠯᠴᠡᠨ ᠬᠢᠵᠢᠭ᠎ᠤᠨ ᠰᠡᠷᠭᠡᠢᠯᠡᠨ ᠬᠠᠮᠠᠭᠠᠯᠠᠯᠲᠠ ᠳ᠋ᠤ ᠬᠦᠴᠦᠨ᠎ᠢᠶᠡᠨ ᠡᠷᠭᠦᠬᠦ᠎ᠶᠢ ᠤᠷᠢᠶᠠᠯᠠᠵᠠᠢ᠃

ᠰᠠᠢᠨ ᠳᠤᠷᠠᠴᠤᠳ ᠡᠯᠰᠡᠬᠦ ᠠᠵᠢᠯ᠎ᠢ ᠳᠠᠷᠤᠢ ᠲᠦᠷᠭᠡᠨ ᠵᠤᠬᠢᠶᠠᠨ ᠪᠠᠢᠭᠤᠯᠵᠤ᠂ ᠴᠤᠭᠯᠠᠷᠠᠯ ᠪᠠᠢᠭᠤᠯᠤᠨ᠂ ᠨᠢᠭᠡᠲᠦᠯᠲᠡᠢ ᠲᠤᠬᠢᠷᠠᠭᠤᠯᠬᠤ᠎ᠶᠢ ᠬᠠᠮᠢᠶᠠᠷᠴᠤ᠂ ᠨᠡᠢᠲᠡ 400 ᠭᠠᠷᠤᠢ ᠰᠠᠢᠨ ᠳᠤᠷᠠᠴᠤᠳ ᠡᠯᠰᠡᠵᠡᠢ᠃

ᠦᠷᠯᠦᠭᠡ ᠡᠷᠲᠡᠯᠡᠨ ᠡᠮᠨᠡᠯᠭᠡ᠎ᠶᠢᠨ ᠠᠵᠢᠯᠲᠠᠳ ᠪᠠ ᠰᠠᠢᠨ ᠳᠤᠷᠠᠴᠤᠳ ᠨᠢᠭᠡᠨᠲᠡ ᠪᠦᠭᠡᠮ ᠬᠦᠴᠢᠯ᠎ᠤᠨ ᠰᠢᠯᠭᠠᠨ ᠪᠠᠢᠴᠠᠭᠠᠯᠲᠠ ᠬᠢᠬᠦ ᠠᠵᠢᠯ᠎ᠤᠨ ᠪᠡᠯᠡᠳᠬᠡᠯ᠎ᠢᠶᠡᠨ ᠬᠢᠵᠡᠢ᠃

ᠠᠵᠤ ᠠᠬᠤᠢᠯᠠᠯ᠎ᠤᠨ ᠬᠢᠨ ᠬᠢᠵᠢᠭ᠎ᠢ ᠰᠡᠷᠭᠡᠢᠯᠡᠬᠦ ᠠᠵᠢᠯᠲᠠᠳ᠎ᠲᠤ᠌ ᠠᠭᠤᠷ ᠪᠠᠭᠠᠬᠢᠭᠰᠠᠨ ᠬᠤᠭᠤᠯᠠ ᠪᠤᠳᠠᠭ᠎ᠠ ᠪᠡᠯᠡᠳᠬᠡᠵᠦ ᠦᠭᠴᠡᠢ᠃

ᠤᠷᠤᠰᠬᠠᠯ ᠰᠦᠷᠦᠭᠰᠡᠨ ᠲᠡᠳᠡᠭᠡᠷ ᠤᠯᠠᠨ ᠠᠷᠤ ᠎ᠶᠢᠨ ᠪᠠᠷ᠎ᠠ᠂ ᠡᠷᠡᠰ ᠵᠤᠷᠢᠭ ᠬᠠᠳᠠᠭᠠᠯᠠᠭᠰᠠᠨ ᠲᠡᠳᠡᠭᠡᠷ ᠬᠠᠷᠠᠴᠠ《ᠦᠪᠦᠷ ᠮᠤᠩᠭᠤᠯ ᠳ᠋ᠤ ᠬᠠᠢᠷ᠎ᠠ ᠳᠤᠲᠠᠬᠤ ᠦᠭᠡᠢ》ᠭᠡᠳᠡᠭ᠎ᠢ ᠬᠡᠯᠡᠭᠰᠡᠭᠡᠷ ᠪᠠᠢᠯ᠎ᠠ᠃ ᠲᠡᠷᠡ ᠬᠠᠢᠷ᠎ᠠ ᠨᠢ ᠠᠶᠤᠯ ᠪᠡᠷᠬᠡ᠎ᠶᠢᠨ ᠳᠤᠮᠳᠠᠬᠢ ᠬᠦᠮᠦᠨ ᠪᠦᠬᠦᠨ᠎ᠢ ᠢᠪᠡᠭᠡᠨ᠎ᠠ︕ᠬᠦᠬᠡᠬᠤᠲᠠ᠂ ᠪᠤᠭᠤᠲᠤ᠂ ᠮᠠᠨᠵᠤᠤᠷ ᠁ ᠴᠢᠷᠮᠠᠢ︕ᠦᠪᠦᠷ ᠮᠤᠩᠭᠤᠯ ᠴᠢᠷᠮᠠᠢ︕


ᠢᠷᠡᠯᠲᠡ᠄ ᠲᠠᠯ᠎ᠠ ᠨᠤᠲᠤᠭ ᠰᠢᠯᠵᠢᠶ᠎ᠡ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠹᠦ᠋ ᠭᠸᠨ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面