2022-02-24 11:01:47
2 ᠰᠠᠷ᠎ᠠ᠎ᠶ᠋ᠢᠨ 21 ᠦ ᠣᠷᠣᠶ᠎ᠶ᠋ᠢᠨ 10 ᠴᠠᠭ᠎ᠲᠤ᠂ 39 ᠨᠠᠰᠤᠲᠠᠶ ᠲᠦᠷᠢᠶᠡᠰᠦᠨ ᠮᠠᠱᠢᠨ᠎ᠤ ᠵᠢᠯᠣᠭᠣᠴᠢᠵᠢᠢ ᠳ᠋ᠦᠩ ᠪᠢᠨ ᠨᠢᠭᠡ ᠡᠳᠦᠷ ᠦᠨ ᠠᠵᠢᠯ ᠢᠶᠠᠨ ᠳᠠᠭᠤᠰᠭᠠᠪᠠ᠂ ᠡᠨᠡ ᠪᠣᠯ ᠣᠢᠷ᠎ᠠ ᠶ᠋ᠢᠨ ᠬᠡᠳᠦᠨ ᠡᠳᠦᠷ ᠬᠠᠮᠤᠭ᠎ᠤᠨ ᠡᠷᠲᠡ ᠠᠵᠢᠯ ᠡᠴᠡ ᠪᠡᠨ ᠪᠠᠭᠤᠬᠰᠠᠨ ᠨᠢᠭᠡ ᠡᠳᠦᠷ ᠪᠣᠯᠤᠨ᠎ᠠ᠃ ᠤᠳᠠᠯ ᠦᠭᠡᠢ ᠲᠡᠷᠡ ᠲᠣᠭ᠍ᠲᠠᠭ᠍ᠰᠠᠨ ᠭᠠᠵᠠᠷ᠎ᠲᠠᠭᠠᠨ ᠬᠦᠷᠴᠦ᠍᠂ ᠨᠢᠭᠡ ᠡᠳᠦᠷ ᠡᠮᠦᠰᠦᠭᠰᠡᠨᠬᠠᠮᠠᠭᠠᠯᠠᠯᠲᠠᠶ᠋ᠢᠨᠬᠤᠪᠴᠠᠰᠤᠪᠠᠨᠲᠠᠢᠯᠵᠤ᠂ ᠠᠷᠢᠭᠤᠳᠭᠠᠬᠤ ᠠᠵᠢᠯ᠎ᠢᠶᠠᠨ ᠳᠠᠭᠤᠰᠭᠠᠭ᠍ᠰᠠᠨ᠎ᠤ ᠳᠠᠷᠠᠭ᠎ᠠ ᠲᠣᠭ᠍ᠲᠠᠭ᠍ᠰᠠᠨ ᠭᠠᠵᠠᠷ᠎ᠲᠠᠭᠠᠨ ᠬᠦᠷᠴᠦ᠍ ᠠᠮᠠᠷᠠᠪᠠ᠃

2 ᠰᠠᠷ᠎ᠠ᠎ᠶ᠋ᠢᠨ 15 ᠤ ᠡᠳᠦᠷ᠂ ᠱᠢᠨ᠎ᠡ ᠲᠢᠲᠢᠮᠯᠢᠭ ᠠᠭᠤᠰᠭᠢᠨ ᠦᠷᠪᠢᠰᠦᠯ᠎ᠦᠨ ᠬᠢᠵᠢᠭ᠎ᠦᠨ ᠪᠠᠢᠳᠠᠯ ᠬᠥᠬᠡᠬᠣᠲᠠ ᠳᠤ ᠭᠡᠨᠡᠳᠲᠡ ᠭᠠᠷᠴᠤ᠂ ᠵᠢᠢ ᠳ᠋ᠦᠩ ᠪᠢᠨ ᠪᠣᠯᠤᠨ ᠬᠠᠮᠲᠤ ᠠᠵᠢᠯᠯᠠᠭ᠍ᠰᠠᠳ᠎ᠨᠢ ᠤᠷᠢᠶᠠᠯᠠᠭ᠎ᠠ᠎ᠶ᠋ᠢ ᠴᠤᠤᠷᠢᠶᠠᠳᠤᠨ ᠳᠠᠭᠠᠵᠤ ᠰᠠᠢᠨ ᠲᠤᠷᠠᠴᠤᠳ ᠪᠣᠯᠵᠣ᠂ ᠪᠥᠭᠡᠮ ᠬᠦᠴᠢᠯ᠎ᠦᠨ ᠪᠠᠢᠴᠠᠭᠠᠯᠲᠠ᠎ᠶ᠋ᠢᠨ ᠥᠯᠢᠭᠡᠷ ᠢ ᠵᠥᠭᠡᠭᠡᠵᠦ ᠬᠦᠷᠭᠡᠬᠦ ᠠᠵᠢᠯ᠎ᠢ ᠬᠠᠷᠢᠭᠤᠴᠠᠪᠠ᠃

ᠵᠢᠢ ᠳ᠋ᠦᠩ ᠪᠢᠨ᠎ᠤ ᠠᠵᠢᠯ ᠪᠤᠯ ᠥᠭᠡᠷ᠎ᠡ ᠨᠢᠭᠡᠨ ᠠᠵᠢᠯᠲᠠᠨ ᠲᠠᠶ ᠬᠠᠮᠲᠤᠷᠠᠵᠦ᠂ ᠭᠤᠷᠪᠠᠨ ᠪᠥᠭᠡᠮ ᠬᠦᠴᠢᠯ᠎ᠤᠨ ᠦᠯᠢᠭᠡᠷ ᠠᠪᠬᠤ ᠴᠡᠭ᠎ᠦᠨ ᠥᠯᠢᠭᠡᠷ᠎ᠢ ᠪᠠᠢᠴᠠᠭᠠᠬᠤ ᠲᠤᠷᠱᠢᠯᠲᠠ᠎ᠶ᠋ᠢᠨ ᠲᠠᠰᠤᠭ ᠲᠸ᠋ ᠵᠥᠭᠡᠭᠡᠵᠦ ᠬᠦᠷᠭᠡᠨ᠎ᠡ᠃ ᠡᠳᠦᠷ ᠪᠦᠷᠢ 3—4 ᠤᠳᠠᠭ᠎ᠠ ᠨᠠᠭᠠᠰᠢ ᠴᠠᠭᠠᠰᠢ ᠶᠠᠪᠤᠬᠤ ᠴᠢᠬᠤᠯᠠᠲᠠᠢ᠃ ᠲᠡᠭᠦᠨ᠎ᠤ ᠶᠡᠬᠡ ᠲᠥᠯᠥᠪ ᠪᠦᠷᠢᠳᠭᠡᠯ ᠢ ᠦᠨᠳᠦᠰᠦᠯᠡᠪᠡᠯ᠂ ᠡᠳᠦᠷ ᠤᠨ ᠪᠠᠷᠤᠭ ᠲᠦᠮᠡᠨ ᠬᠤᠪᠢ ᠦᠯᠢᠭᠡᠷ ᠢ ᠵᠥᠭᠡᠭᠡᠪᠦᠷᠢᠯᠡᠵᠤ ᠪᠤᠢ᠃

ᠪᠥᠭᠡᠮ ᠬᠦᠴᠢᠯ᠎ᠦᠨ ᠦᠯᠢᠭᠡᠷ ᠠᠪᠬᠤ ᠴᠡᠭ᠎ᠲᠦ ᠬᠦᠷᠦᠭ᠌ᠰᠡᠨ᠎ᠦ ᠳᠠᠷᠠᠭ᠎ᠠ᠂ ᠠᠵᠢᠯᠲᠠᠨ᠎ᠤ ᠦᠯᠢᠭᠡᠷ ᠠᠪᠬᠤ ᠵᠠᠪᠰᠠᠷ᠎ᠢᠶᠠᠷ ᠵᠢᠢ ᠳ᠋ᠦᠩ ᠪᠢᠨ ᠲᠡᠷᠭᠡ᠎ᠪᠡᠨ ᠠᠷᠢᠭᠤᠳᠬᠠᠨ᠎ᠠ᠃ ᠪᠥᠭᠡᠮ ᠬᠦᠴᠢᠯ᠎ᠦᠨ ᠥᠯᠢᠭᠡᠷ᠎ᠢ ᠵᠦᠭᠡᠭᠡᠪᠦᠷᠢᠯᠡᠬᠦ᠎ᠳᠦ ᠵᠣᠬᠢᠬᠤ ᠬᠡᠮᠵᠢᠶᠡᠨ᠎ᠦ ᠠᠶᠤᠯ ᠲᠦᠭ᠌ᠰᠢᠭᠦᠷᠢᠲᠡᠶ ᠪᠠᠢᠳᠠᠭ ᠶᠤᠮ᠃ ᠱᠠᠭᠠᠷᠳᠠᠯᠭ᠎ᠠ ᠶᠣᠰᠣᠭᠠᠷ ᠰᠠᠢᠲᠤᠷ ᠰᠡᠷᠭᠡᠢᠯᠡᠨ ᠬᠠᠮᠠᠭᠠᠯᠠᠵᠤ᠂ ᠲᠣᠭ᠍ᠲᠠᠭᠠᠯ ᠶᠣᠰᠣᠭᠠᠷ ᠠᠵᠢᠯ᠎ᠢᠶᠠᠨ ᠳᠠᠭᠤᠰᠭᠠᠳᠠᠭ ᠯᠠ ᠶᠤᠮ ᠪᠣᠯ ᠠᠰᠠᠭᠤᠳᠠᠯ ᠥᠬᠡᠶ ᠭᠡᠵᠦ ᠵᠢᠢ ᠳ᠋ᠦᠩ ᠪᠢᠨ ᠬᠡᠯᠡᠨ᠎ᠡ᠃

ᠵᠢᠢ ᠳ᠋ᠦᠩ ᠪᠢᠨ ᠲᠠᠢ ᠠᠳᠠᠯᠢᠬᠠᠨ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠡᠮᠦᠨ᠎ᠡ ᠹᠷᠣᠨᠲ᠎ᠲᠤ ᠲᠡᠮᠡᠴᠡᠵᠦ ᠪᠠᠢᠭ᠎ᠠ ᠰᠠᠢ᠌ᠨ ᠳᠤᠷᠠᠴᠤᠳ ᠪᠠᠰᠠ ᠮᠠᠰᠢ ᠤᠯᠠᠨ ᠪᠠᠢᠨ᠎ᠠ᠃ ᠬᠦᠴᠢᠷ ᠪᠡᠷᠬᠡᠱᠢᠶᠡᠯ ᠦᠨ ᠡᠮᠦᠨ᠎ᠡ ᠲᠡᠳᠡ ᠬᠥᠯᠥᠰᠥ᠍ ᠣᠯᠭᠣᠮᠵᠢ᠎ᠶ᠋ᠢ ᠪᠣᠳᠣᠬᠤᠦᠭᠡᠢᠪᠡᠷᠴᠡᠭᠡᠵᠢᠳᠦᠷᠢᠨᠤᠷᠤᠬᠰᠢᠯᠠᠨᠡ᠃ᠬᠥᠬᠡᠬᠣᠲᠠ᠎ᠶ᠋ᠢᠨ ᠪᠦᠭᠡᠮ ᠬᠦᠴᠢᠯ᠎ᠤᠨ ᠪᠠᠢᠴᠠᠭᠠᠯᠲᠠ ᠵᠢᠨ ᠲᠤᠷᠱᠢᠯᠲᠠ᠎ᠶ᠋ᠢᠨ ᠲᠠᠰᠤᠭ᠎ᠲᠤ ᠦᠯᠢᠭᠡᠷ ᠵᠥᠭᠡᠭᠡᠵᠦ ᠬᠦᠷᠭᠡᠬᠦ ᠵᠢᠯᠣᠭᠣᠴᠢ ᠪᠣᠯᠤᠨ ᠠᠵᠢᠯᠲᠠᠳ ᠴᠠᠭ ᠲᠤᠬᠠᠶ᠎ᠳᠤᠨᠢ ᠪᠦᠭᠡᠮ ᠬᠦᠴᠢᠯ᠎ᠤᠨ ᠪᠠᠢᠴᠠᠭᠠᠯᠲᠠ ᠵᠢᠨ ᠦᠯᠢᠭᠡᠷ᠎ᠢ ᠬᠦᠷᠭᠡᠵᠦ᠍᠂ ᠪᠥᠭᠡᠮ ᠬᠦᠴᠢᠯ᠎ᠢ ᠪᠠᠢᠴᠠᠭᠠᠬᠤ ᠠᠵᠢᠯ ᠳᠤ ᠪᠠᠲᠤᠯᠠᠭ᠎ᠠ ᠬᠠᠩᠭᠠᠨ᠎ᠡ᠃ ᠣᠳᠣᠬᠠᠨ᠎ᠳᠤ ᠨᠢᠭᠡᠨᠲᠡ 500 ᠭᠠᠷᠤᠶ ᠲᠦᠷᠢᠶᠡᠰᠦᠨ ᠮᠠᠱᠢᠨ ᠲᠡᠷᠭᠡᠨ ᠦ ᠵᠢᠯᠣᠭᠣᠴᠢ ᠪᠦᠭᠡᠮ ᠬᠦᠴᠢᠯ ᠤᠨ ᠥᠯᠢᠭᠡᠷ ᠢ ᠵᠥᠭᠡᠭᠡᠵᠦ ᠬᠦᠷᠭᠡᠬᠦ ᠰᠠᠢᠨ ᠳᠤᠷᠠᠴᠤᠳ᠎ᠤᠨ ᠡᠩᠨᠡᠭᠡᠨ᠎ᠳᠦ ᠣᠷᠣᠯᠴᠠᠬᠰᠠᠨ ᠪᠠᠢᠨ᠎ᠠ᠃

2 ᠰᠠᠷ᠎ᠠ᠎ᠶ᠋ᠢᠨ 20 ᠤ ᠤᠷᠤᠢ᠎ᠶ᠋ᠢᠨ 9 ᠴᠠᠭ᠎ᠲᠤ᠂ ᠲᠣᠭ᠍ᠲᠠᠭ᠍ᠰᠠᠨ ᠭᠠᠵᠠᠷ᠎ᠲᠤ ᠦᠯᠢᠭᠡᠷ᠎ᠢ ᠵᠥᠭᠡᠭᠡᠵᠦ ᠬᠦᠷᠭᠡᠬᠦ᠌ ᠲᠦᠷᠢᠶᠡᠰᠦᠨ ᠮᠠᠱᠢᠨ ᠤᠷᠳᠤ ᠭᠡᠭᠴᠢ ᠮᠥᠷᠯᠡᠵᠦ᠍ ᠪᠠᠢᠪᠠ᠃ ᠡᠨᠡ ᠤᠳᠠᠭ᠎ᠠ ᠶ᠋ᠢᠨ ᠵᠥᠭᠡᠭᠡᠪᠦᠷᠢᠯᠡᠯᠲᠡ ᠵᠢᠨ ᠠᠵᠢᠯ ᠳᠠᠭᠤᠰᠪᠠᠯ ᠵᠢᠯᠣᠭᠣᠴᠢᠨᠠᠷ ᠳᠠᠷᠤᠢ ᠲᠤᠰ ᠡᠳᠦᠷ᠎ᠦᠨ ᠡᠭᠦᠷᠭᠡ᠎ᠪᠡᠨ ᠪᠡᠶᠡᠯᠡᠭᠦᠯᠴᠢᠬᠡᠨ᠎ᠡ᠃

ᠠᠵᠢᠯ ᠵᠢᠠᠨ ᠳᠠᠭᠤᠰᠬᠠᠬᠤ᠎ᠡᠴᠠ ᠡᠮᠦᠨ᠎ᠡ᠂ ᠲᠤᠬᠠᠶ᠎ᠶ᠋ᠢᠨ ᠲᠠᠯᠠᠪᠤᠷ ᠲᠤ᠌ ᠪᠠᠢᠭ᠎ᠠ ᠬᠡᠰᠡᠭ ᠰᠠᠢᠨ ᠲᠤᠷ᠎ᠠ ᠵᠢᠨ ᠵᠢᠯᠣᠭᠣᠴᠢ ᠬᠢᠵᠢᠭ ᠡᠷᠲᠡᠭᠡᠨ ᠠᠷᠢᠯᠵᠤ᠂ ᠬᠥᠬᠡᠬᠣᠲᠠ ᠠᠮᠢᠵᠢᠷᠠᠯ᠎ᠤᠨ ᠬᠦᠴᠦᠨ᠎ᠢᠶᠡᠨ ᠳᠠᠬᠢᠨ ᠪᠠᠳᠠᠷᠠᠭᠤᠯᠬᠤ᠎ᠶ᠋ᠢ ᠬᠦᠰᠡᠨ ᠢᠯᠠᠯᠲᠠ ᠵᠢᠨ ᠳᠤᠬᠢᠶ᠎ᠠ ᠭᠠᠷᠭᠠᠵᠠᠭᠠᠨᠠ᠃

ᠢᠷᠡᠯᠲᠡ ᠄ ᠰᠢᠨᠬᠤᠸᠠ ᠰᠦᠯᠵᠢᠶ᠎ᠡ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠹᠦ᠋ ᠭᠸᠨ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃