2022-03-21 17:24:51
《ᠭᠦᠵᠡᠯᠵᠡᠭᠡᠨ᠎ᠡ ᠢᠳᠡᠵᠦ᠍ ᠶᠠᠳᠠᠷᠠᠭ᠎ᠠ᠎ᠪᠠᠨ ᠲᠠᠢᠯᠤᠭᠠᠷᠠᠢ᠂ ᠡᠨᠡ ᠪᠣᠯ ᠮᠢᠨᠦ᠍ ᠥᠪᠡᠷ᠎ᠢᠶᠡᠨ ᠲᠠᠷᠢᠭ᠍ᠰᠠᠨ ᠭᠦᠵᠡᠯᠵᠡᠭᠡᠨ᠎ᠡ ᠰᠢᠦ ᠁》 2 ᠰᠠᠷ᠎ᠠ ᠶ᠋ᠢᠨ 24᠎ᠤ ᠡᠳᠦᠷ᠎ᠤᠨ ᠦᠳᠡ᠎ᠶ᠋ᠢᠨ ᠡᠮᠦᠨ᠎ᠡ᠂ ᠬᠥᠬᠡᠬᠣᠲᠠ ᠶ᠋ᠢᠨ ᠰᠠᠢᠬᠠᠨ ᠲᠣᠭᠣᠷᠢᠭ᠎ᠤᠨ ᠴᠡᠯᠡᠭᠡᠷ ᠲᠠᠯ᠎ᠠ ᠵᠠᠮ ᠵᠡᠭᠡᠯᠢ ᠭᠤᠳᠤᠮᠵᠢ ᠶᠢᠨ ᠬᠣᠷᠴᠢᠨ ᠨᠡᠢᠭᠡᠮ ᠲᠣᠭᠣᠷᠢᠭᠲᠡᠬᠢ ᠪᠥᠭᠡᠮ ᠬᠦᠴᠢᠯ᠎ᠦᠨ ᠪᠠᠢᠴᠠᠭᠠᠯᠲᠠ᠎ᠶᠢᠨ ᠴᠡᠭ᠎ᠲᠦ᠂ ᠬᠠᠯᠠᠭᠤᠨ ᠰᠡᠳᠬᠢᠯᠲᠦ ᠬᠤᠲᠠ᠎ᠶᠢᠨ ᠠᠷᠠᠳ ᠱᠢᠤᠢ ᠱᠢᠶᠤᠤ ᠢᠦᠢ ᠬᠦᠯᠡᠮᠵᠢᠡᠴᠡᠪᠠᠨ ᠲᠡᠭᠦᠭ᠌ᠰᠡᠨ ᠱᠢᠨ᠎ᠡ ᠰᠣᠷᠭᠣᠭ ᠭᠦᠵᠡᠯᠵᠡᠭᠡᠨ᠎ᠡ ᠪᠡᠨ ᠲᠤᠬᠠᠢ᠎ᠶ᠋ᠢᠨ ᠲᠠᠯᠠᠪᠠᠢ ᠶᠢᠨ ᠠᠵᠢᠯᠲᠠᠳ᠎ᠲᠤ ᠬᠦᠷᠭᠡᠵᠦ ᠲᠤᠬᠤᠨᠢᠭᠤᠯᠤᠯᠠ᠃ ᠬᠣᠷᠴᠢᠨ ᠨᠡᠢᠭᠡᠮ ᠲᠣᠭᠣᠷᠢᠭ᠎ᠤᠨ ᠨᠠᠮ᠎ᠤᠨ ᠡᠭᠦᠷ᠎ᠦᠨ ᠱᠦᠵᠢ ᠶᠦᠨ ᠼᠦᠩ ᠱᠧᠩ ᠭᠦᠵᠡᠯᠵᠡᠭᠡᠨ᠎ᠡ ᠲᠤᠰᠬᠤ᠎ᠶᠢᠨ ᠵᠡᠷᠭᠡ᠎ᠪᠡᠷ 《ᠪᠠᠶᠠᠷᠯᠠᠯ᠎ᠠ᠂ ᠲᠠᠨ ᠤ ᠬᠠᠢᠷ᠎ᠠ ᠬᠠᠯᠠᠮᠵᠢ ᠪᠣᠯ ᠡᠮᠦᠨ᠎ᠡ ᠹᠷᠣᠨᠲ ᠤᠨ ᠠᠵᠢᠯᠲᠠᠳ᠎ᠲᠦ ᠥᠭᠭᠦᠭᠰᠡᠨ ᠳᠡᠮᠵᠢᠯᠭᠡ ᠪᠠ ᠵᠣᠷᠢᠭ᠍ᠵᠢᠭᠤᠯᠤᠯ ᠪᠣᠯᠤᠨ᠎ᠠ》 ᠭᠡᠵᠦ ᠪᠠᠶᠠᠷᠲᠠᠢ ᠬᠡᠯᠡᠨ᠎ᠡ᠃
ᠱᠢᠤᠢ ᠱᠢᠶᠤᠤ ᠢᠦᠶ ᠪᠣᠯ ᠬᠣᠷᠴᠢᠨ ᠨᠡᠢᠭᠡᠮ ᠲᠣᠭᠣᠷᠢᠭ ᠤᠨ ᠰᠠᠭᠤᠭᠠᠯᠢ ᠠᠷᠠᠳ᠂ ᠬᠢᠵᠢᠭ᠎ᠦᠨ ᠪᠠᠢᠳᠠᠯ ᠭᠠᠷᠤᠭ᠍ᠰᠠᠨ᠎ᠠᠴᠠ ᠨᠠᠭᠠᠰᠢ᠂ ᠲᠡᠷᠡ ᠬᠡᠷ᠎ᠦᠨ ᠬᠥᠮᠦᠰ ᠲᠡᠶ᠎ᠪᠡᠨ ᠨᠡᠢᠭᠡᠮ ᠲᠣᠭᠣᠷᠢᠭ ᠤᠨ ᠪᠥᠭᠡᠮ ᠬᠦᠴᠢᠯ᠎ᠦᠨ ᠪᠠᠢᠴᠠᠭᠠᠯᠲᠠ᠎ᠶ᠋ᠢᠨ ᠴᠡᠭ᠎ᠲᠦ ᠣᠯᠠᠨ ᠤᠳᠠᠭ᠎ᠠ ᠪᠥᠭᠡᠮ ᠬᠦᠴᠢᠯ᠎ᠤᠨ ᠪᠠᠢᠴᠠᠭᠠᠯᠲᠠ ᠬᠢᠯᠭᠡᠵᠦ᠍᠂ ᠡᠮᠴᠢᠯᠡᠭᠡᠨ᠎ᠦ ᠠᠵᠢᠯᠲᠠᠨ᠂ ᠨᠡᠢᠭᠡᠮ ᠲᠣᠭᠣᠷᠢᠭ᠎ᠤᠨ ᠠᠵᠢᠯᠲᠠᠨ᠂ ᠰᠠᠢᠨ ᠳᠤᠷᠠᠴᠤᠳ ᠤᠨ ᠠᠵᠢᠯᠯᠠᠵᠤ ᠪᠠᠢᠭ᠎ᠠ ᠪᠠᠷ᠎ᠠ ᠶᠢ ᠨᠢᠳᠦ᠍ ᠪᠡᠷ᠎ᠢᠶᠡᠨ ᠦᠵᠡᠭᠰᠡᠭᠡᠷ ᠢᠷᠡᠭᠰᠡᠨ ᠪᠢᠯᠡ᠃ ᠲᠡᠳᠡᠨ ᠤ ᠰᠠᠯᠬᠢ ᠱᠢᠭᠤᠷᠭᠠᠨ ᠢ ᠰᠥᠷᠥᠨ᠂ ᠴᠠᠭ ᠨᠡᠮᠡᠵᠦ᠍ ᠰᠢᠷᠭᠠᠭᠤ ᠠᠵᠢᠯᠯᠠᠵᠤ ᠪᠠᠢᠭ᠎ᠠ᠎ᠶᠢ ᠦᠵᠡᠭᠡᠳ ᠱᠢᠤᠢ ᠱᠢᠶᠤᠤ ᠢᠦᠶ᠎ᠶᠢᠨ ᠰᠡᠳᠭᠢᠯ ᠮᠠᠰᠢ ᠳᠣᠭ᠍ᠳᠣᠯᠵᠤ᠂ ᠲᠡᠳᠡᠨ᠎ᠳᠦ ᠶᠠᠭᠤ ᠨᠢᠭᠡ᠎ᠶ᠋ᠢ ᠬᠢᠵᠦ᠍ ᠥᠭ᠌ᠬᠦ᠎ᠶ᠋ᠢ ᠪᠤᠳᠤᠵᠠᠶ᠃ ᠡᠨᠡ ᠬᠡᠳᠦᠨ ᠡᠳᠦᠷ ᠪᠣᠯ ᠶᠠᠭ ᠬᠦᠯᠡᠮᠵᠢ᠎ᠶ᠋ᠢᠨ ᠭᠦᠵᠡᠯᠵᠡᠭᠡᠨ᠎ᠡ᠎ᠶ᠋ᠢᠨ ᠬᠤᠷᠢᠶᠠᠯᠲᠠ᠎ᠶ᠋ᠢᠨ ᠬᠤᠭᠤᠴᠠᠭ᠎ᠠ ᠮᠦᠨ᠂ ᠡᠢᠮᠦ᠎ᠡᠴᠡ ᠱᠢᠤᠢ ᠱᠢᠶᠤᠤ ᠢᠦᠶ ᠡᠮᠦᠨ᠎ᠡ ᠹᠷᠣᠨᠲ ᠤᠨ ᠠᠵᠢᠯᠲᠠᠳ ᠲᠤ ᠭᠦᠵᠡᠯᠵᠡᠭᠡᠨ᠎ᠡ ᠬᠦᠷᠭᠡᠬᠦ᠌᠎ᠪᠡᠷ ᠲᠣᠭ᠍ᠲᠠᠯᠠ᠃ 2 ᠰᠠᠷ᠎ᠠ᠎ᠶᠢᠨ 24 ᠦ ᠡᠳᠦᠷ᠎ᠦᠨ ᠥᠷᠯᠥᠭᠡ᠂ ᠱᠢᠤᠢ ᠱᠢᠶᠤᠤ ᠢᠦᠶ ᠬᠣᠷᠴᠢᠨ ᠨᠡᠢᠭᠡᠮ ᠲᠣᠭᠣᠷᠢᠭ ᠤᠨ ᠪᠥᠭᠡᠮ ᠬᠦᠴᠢᠯ᠎ᠦᠨ ᠪᠠᠢᠴᠠᠭᠠᠯᠲᠠ᠎ᠶᠢᠨ ᠴᠡᠭ᠎ᠲᠦ ᠵᠢᠷᠭᠤᠳᠤᠭᠠᠷ ᠡᠭᠡᠯᠵᠢ᠎ᠶ᠋ᠢᠨ ᠪᠥᠭᠡᠮ ᠬᠦᠴᠢᠯ᠎ᠦᠨ ᠪᠠᠢᠴᠠᠭᠠᠯᠲᠠ᠎ᠪᠠᠨ ᠬᠢᠵᠦ ᠪᠠᠷᠠᠮᠠᠭᠴᠠ ᠭᠦᠵᠡᠯᠵᠡᠭᠡᠨ᠎ᠡ᠎ᠶ᠋ᠢᠨ ᠬᠦᠯᠡᠮᠵᠢ ᠤᠷᠤᠭᠤ ᠶᠠᠪᠤᠪᠠ᠃ ᠱᠢᠤᠢ ᠱᠢᠶᠤᠤ ᠢᠦᠶ ᠬᠡᠷ᠎ᠦᠨ ᠬᠥᠮᠦᠰ ᠲᠡᠶ ᠪᠡᠨ ᠬᠠᠮᠲᠤ ᠰᠠᠶᠢᠬᠠᠨ ᠪᠣᠯᠪᠠᠰᠤᠷᠠᠭ᠍ᠰᠠᠨ ᠭᠦᠵᠡᠯᠵᠡᠭᠡᠨ᠎ᠡ ᠶᠢ ᠨᠠᠷᠢᠯᠢᠭ ᠰᠣᠩᠭᠣᠨ ᠲᠡᠭᠦᠵᠦ᠍᠂ ᠰᠠᠭ᠍ᠰᠤᠯᠠᠵᠤ᠂ ᠪᠦᠷᠬᠦᠪᠴᠢ ᠪᠦᠷᠬᠦᠵᠦ᠍᠂ ᠳᠠᠷᠠᠭ᠎ᠠ ᠨᠢ ᠪᠣᠭᠣᠳᠠᠯᠯᠠᠭ᠍ᠰᠠᠨ 30 ᠵᠢᠩ ᠭᠦᠵᠡᠯᠵᠡᠭᠡᠨ᠎ᠡ᠎ᠪᠠᠨ ᠠᠪᠤᠭᠠᠳ ᠬᠣᠷᠴᠢᠨ ᠨᠡᠢᠭᠡᠮ ᠲᠣᠭᠣᠷᠢᠭ ᠤᠨ ᠪᠥᠭᠡᠮ ᠬᠦᠴᠢᠯ᠎ᠦᠨ ᠪᠠᠢᠴᠠᠭᠠᠯᠲᠠ᠎ᠶᠢᠨ ᠴᠡᠭ᠎ᠲᠦ ᠬᠦᠷᠭᠡᠪᠡ᠃
ᠡᠭᠦᠨ᠎ᠡᠴᠡ ᠭᠠᠳᠠᠨ᠎ᠠ᠂ 2 ᠰᠠᠷ᠎ᠠ᠎ᠶ᠋ᠢᠨ 22 ᠤᠨ ᠡᠳᠦᠷ᠂ ᠱᠢᠤᠢ ᠱᠢᠶᠤᠤ ᠢᠦᠶ ᠪᠠᠰᠠ 30 ᠵᠢᠩ ᠭᠦᠵᠡᠯᠵᠡᠭᠡᠨ᠎ᠡ᠎ᠶ᠋ᠢ ᠨᠥᠭᠦᠭᠡ ᠨᠢᠭᠡ ᠨᠡᠢᠭᠡᠮ ᠲᠣᠭᠣᠷᠢᠭ᠎ᠤᠨ ᠪᠥᠭᠡᠮ ᠬᠦᠴᠢᠯ᠎ᠦᠨ ᠪᠠᠢᠴᠠᠭᠠᠯᠲᠠ᠎ᠶᠢᠨ ᠴᠡᠭ᠎ᠲᠦ ᠬᠦᠷᠭᠡᠭᠰᠡᠨ ᠪᠠᠢᠵᠠᠢ᠃ ᠲᠡᠷᠡ ᠮᠦᠷᠲᠡᠭᠡᠨ 2020 ᠣᠨ ᠤ ᠬᠢᠵᠢᠭ ᠦᠨ ᠪᠠᠢᠳᠠᠯ ᠤᠨ ᠬᠤᠭᠤᠴᠠᠭᠠᠨ᠎ᠳᠤ᠂ ᠱᠢᠤᠢ ᠱᠢᠶᠤᠤ ᠢᠦᠢ ᠪᠠᠰᠠ ᠭᠦᠵᠡᠯᠵᠡᠭᠡᠨ᠎ᠡ ᠬᠠᠨᠳᠢᠪᠯᠠᠬᠤ ᠬᠡᠯᠪᠡᠷᠢ᠎ᠪᠡᠷ ᠨᠡᠢᠭᠡᠮ ᠲᠣᠭᠣᠷᠢᠭ᠎ᠤᠨ ᠬᠢᠵᠢᠭ ᠢ ᠰᠡᠷᠭᠡᠢᠯᠡᠬᠦ᠌ ᠠᠵᠢᠯᠲᠠᠳ᠎ᠲᠤ ᠬᠦᠨᠳᠦᠳᠭᠡᠯ ᠳᠡᠪᠱᠢᠭᠦᠯᠵᠦ ᠥᠩᠭᠡᠷᠡᠪᠡ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠹᠦ᠋ ᠭᠸᠨ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃