2022-03-21 17:44:30
ᠬᠥᠬᠡᠬᠣᠲᠠ᠎ᠶ᠋ᠢᠨ ᠲᠤᠰ ᠡᠭᠡᠯᠵᠢ᠎ᠶ᠋ᠢᠨ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠬᠣᠷᠢᠭ᠍ᠯᠠᠯᠲᠠ᠎ᠶ᠋ᠢᠨ ᠳᠠᠢᠯᠠᠯᠳᠤᠭᠠᠨ᠎ᠳᠤ᠂ ᠬᠤᠳᠠ ᠳᠠᠶᠠᠭᠠᠷ᠎ᠢᠶᠠᠨ ᠰᠡᠳᠭᠢᠯ ᠨᠢᠭᠡᠳᠦᠨ ᠬᠦᠴᠦ᠍᠎ᠪᠡᠨ ᠬᠠᠮᠲᠤᠳᠭᠠᠵᠤ᠂ ᠬᠢᠵᠢᠭ᠎ᠲᠡᠶ ᠲᠡᠮᠡᠴᠡᠬᠦ᠌᠎ᠳᠦ ᠥᠪᠡᠷ᠎ᠦᠨ ᠬᠦᠴᠦᠨ᠎ᠢᠶᠡᠨ ᠬᠠᠷᠠᠮ ᠦᠭᠡᠢ ᠵᠣᠷᠢᠭᠤᠯᠪᠠ᠂ ᠯᠢ ᠷᠦᠢ ᠬ᠍ᠤ ᠪᠣᠯ ᠡᠭᠦᠨ᠎ᠦ ᠳᠣᠲᠣᠷᠠᠬᠢ ᠨᠢᠭᠡ ᠨᠢ ᠪᠣᠯᠤᠨ᠎ᠠ᠃ ᠯᠢ ᠷᠦᠢ ᠬ᠍ᠤ ᠪᠣᠯ ᠰᠠᠢᠬᠠᠨ ᠲᠣᠭᠣᠷᠢᠭ᠎ᠤᠨ ᠢ ᠱᠢᠤ ᠶᠠᠫᠤᠨ ᠬᠤᠭᠤᠯᠠᠨ ᠭᠡᠷ᠎ᠤᠨ ᠡᠵᠡᠨ᠂ ᠡᠨᠡ ᠵᠢᠯ 30 ᠨᠠᠰᠤᠲᠠᠶ᠃ 2 ᠰᠠᠷ᠎ᠠ᠎ᠶ᠋ᠢᠨ 16 ᠤ ᠡᠳᠦᠷ᠂ ᠲᠡᠷᠡ ᠬᠤᠭᠤᠯᠠᠨ ᠭᠡᠷ᠎ᠤᠨ ᠠᠵᠢᠯᠲᠠᠨ᠎ᠲᠠᠶ ᠬᠠᠮᠲᠤ ᠬᠢᠵᠢᠭ᠎ᠲᠡᠶ ᠲᠡᠮᠡᠴᠡᠬᠦ᠌ ᠬᠣᠭᠣᠯᠠ ᠬᠦᠷᠭᠡᠬᠦ᠌ ᠰᠠᠢᠨ ᠳᠤᠷ᠎ᠠ᠎ᠶ᠋ᠢᠨ ᠠᠩᠭᠢ ᠪᠠᠢᠭᠤᠯᠵᠤ᠂ ᠡᠮᠦᠨ᠎ᠡ ᠹᠷᠣᠨᠲ᠎ᠲᠤ ᠠᠵᠢᠯᠯᠠᠵᠤ ᠪᠠᠢᠭ᠎ᠠ ᠡᠮᠨᠡᠯᠭᠡ᠎ᠶ᠋ᠢᠨ ᠠᠵᠢᠯᠲᠠᠨ᠂ ᠰᠠᠢᠨ ᠳᠤᠷ᠎ᠠ᠎ᠶ᠋ᠢᠨ ᠠᠵᠢᠯᠲᠠᠨ᠂ ᠬᠣᠲᠠ᠎ᠠᠴᠠ ᠭᠠᠷᠬᠤ ᠠᠮᠠᠰᠠᠷ᠎ᠲᠤ ᠵᠢᠵᠢᠭᠦᠷᠯᠡᠵᠦ᠍ ᠪᠠᠢᠭ᠎ᠠ ᠠᠷᠠᠳ᠎ᠤᠨ ᠴᠠᠭ᠍ᠳᠠᠭ᠎ᠠ᠎ᠳᠤ ᠵᠠᠯᠭᠠᠭ᠎ᠠ᠎ᠪᠠᠷ 14 ᠡᠳᠦᠷ ᠬᠣᠭᠣᠯᠠ ᠬᠦᠷᠭᠡᠪᠡ᠃
《ᠡᠨᠡ ᠪᠣᠯ ᠥᠨᠥᠳᠦᠷ᠎ᠦᠨ ᠦᠳᠡ᠎ᠶ᠋ᠢᠨ ᠬᠣᠭᠣᠯᠠ᠂ ᠮᠢᠬ᠎ᠠ᠎ᠲᠠᠶ ᠬᠠᠭᠤᠷᠤᠭᠰᠠᠨ ᠴᠤᠭᠤᠷ ᠨᠣᠭᠣᠭ᠎ᠠ᠂ ᠮᠢᠬ᠎ᠠ᠎ᠲᠠᠶ ᠬᠠᠭᠤᠷᠤᠭᠰᠠᠨ ᠰᠠᠷᠢᠮᠰᠠᠭ᠎ᠤᠨ ᠦᠡᠭᠭᠦᠷ᠂ ᠨᠣᠭᠣᠭ᠎ᠠ᠎ᠶ᠋ᠢᠨ ᠰᠠᠯᠠᠳ᠋᠂ ᠪᠠᠰᠠ ᠦᠨᠢᠶᠡᠨ ᠰᠦ ᠲᠠᠢ》᠃ 3 ᠰᠠᠷ᠎ᠠ᠎ᠶ᠋ᠢᠨ 1᠎ᠦ ᠦᠳᠡ᠎ᠳᠦ᠂ ᠬᠥᠬᠡᠬᠣᠲᠠ᠎ᠶ᠋ᠢᠨ ᠡᠮᠦᠨ᠎ᠡ ᠬᠡᠰᠡᠭ᠎ᠦᠨ G59 ᠲᠦᠷᠭᠡᠨ᠎ᠦ ᠵᠠᠰᠠᠮᠠᠯ ᠵᠠᠮ᠎ᠤᠨ ᠠᠭᠤᠯᠵᠠᠷ᠎ᠲᠤ᠂ ᠯᠢ ᠷᠦᠢ ᠬ᠍ᠤ ᠵᠢᠵᠢᠭᠦᠷᠯᠡᠵᠦ᠍ ᠪᠠᠢᠭ᠎ᠠ ᠠᠷᠠᠳ᠎ᠤᠨ ᠴᠠᠭ᠍ᠳᠠᠭ᠎ᠠ ᠪᠣᠯᠤᠨ ᠰᠠᠢ᠌ᠨ ᠲᠤᠷᠠᠴᠤᠳ᠎ᠲᠤ ᠬᠠᠯᠠᠭᠤᠨ ᠪᠤᠳᠠᠭ᠎ᠠ ᠨᠣᠭᠣᠭ᠎ᠠ ᠬᠦᠷᠭᠡᠪᠡ᠃ ᠲᠡᠷᠡ ᠪᠡᠷ ᠣᠯᠠᠨ᠎ᠲᠠᠶ ᠢᠯᠡᠭᠦᠦ ᠬᠡᠳᠦᠨ ᠦᠭᠡ ᠶᠠᠷᠢᠯᠴᠠᠵᠤ ᠠᠮᠵᠢᠭ᠎ᠠ ᠦᠭᠡᠢ ᠲᠡᠷᠭᠡ ᠪᠡᠨ ᠵᠢᠯᠣᠭᠣᠳᠴᠤ᠌ ᠰᠡᠩᠳᠡ ᠮᠡᠩᠳᠡ᠎ᠶ᠋ᠢᠨ ᠱᠢᠤ ᠶᠤᠸᠠᠨ ᠲᠣᠭᠣᠷᠢᠭ ᠵᠦᠭ ᠲᠠᠪᠬᠢᠭᠤᠯᠤᠯᠠ᠃ ᠯᠢ ᠷᠦᠢ ᠬ᠍ᠤ ᠳᠦ ᠨᠢᠭᠡ ᠬᠤᠪᠢ ᠬᠣᠭᠣᠯᠠ ᠬᠦᠷᠭᠡᠬᠦ᠌ ᠭᠠᠵᠠᠷ᠎ᠤᠨ ᠵᠢᠷᠤᠭ ᠲᠠᠢ᠂ G59 ᠲᠦᠷᠭᠡᠨ ᠳᠠᠪᠬᠢᠬᠤ ᠵᠠᠰᠠᠮᠠᠯ ᠵᠠᠮ᠎ᠠᠴᠠ ᠭᠠᠳᠠᠨ᠎ᠠ᠂ ᠲᠡᠷᠡ ᠪᠠᠰᠠ ᠵᠢᠨ ᠱᠢᠤ ᠶᠤᠸᠠᠨ ᠨᠡᠢᠭᠡᠮ ᠲᠣᠭᠣᠷᠢᠭ᠂ ᠭᠦᠸᠧ ᠵᠢᠶᠠ ᠶᠢᠩ ᠰᠦᠶ᠋ᠳᠭᠡᠯ ᠬᠤᠷᠢᠶᠠᠬᠤ ᠥᠷᠲᠡᠭᠡ᠂ ᠲᠢᠶᠠᠨ ᠹᠦ᠋ ᠬᠤᠸᠠ ᠶᠤᠸᠠᠨ᠂ ᠵᠢᠨ ᠱᠢᠤ ᠹᠦ᠋ ᠶᠤᠸᠠᠨ᠂ ᠱᠢᠨᠬᠤᠸᠠ ᠯᠢᠶᠠᠨ ᠶᠠ ᠶᠤᠸᠠᠨ᠂ ᠵᠢᠨ ᠢᠦᠶ ᠴᠠᠭ ᠦᠶ᠎ᠡ᠎ᠶ᠋ᠢᠨ ᠬᠣᠲᠠᠵᠡᠷᠭᠡ ᠭᠠᠵᠠᠷ᠎ᠤᠨ ᠡᠮᠦᠨ᠎ᠡ ᠹᠷᠣᠨᠲ ᠲᠦ ᠠᠵᠢᠯᠯᠠᠵᠤ ᠪᠠᠢᠭ᠎ᠠ ᠠᠵᠢᠯᠲᠠᠳ᠎ᠲᠤ ᠬᠣᠭᠣᠯᠠ ᠬᠦᠷᠭᠡᠨ᠎ᠡ;ᠲᠡᠷᠡ ᠪᠡᠷ ᠡᠳᠦᠷ ᠪᠦᠷᠢ ᠨᠡᠢᠲᠡ 367 ᠬᠤᠪᠢ ᠬᠤᠭᠤᠯᠠ ᠬᠦᠷᠭᠡᠨ᠎ᠠ᠃
ᠯᠢ ᠷᠦᠢ ᠬ᠍ᠤ ᠡᠮᠦᠨ᠎ᠡ ᠥᠪᠡᠷ᠎ᠢᠶᠡᠨ ᠵᠣᠭᠣᠰ ᠭᠠᠷᠭᠠᠨ ᠨᠣᠭᠣᠭ᠎ᠠ ᠴᠠᠭ᠎ᠠ᠂ ᠮᠢᠬ᠎ᠠ ᠬᠤᠳᠠᠯᠳᠤᠨ ᠠᠪᠴᠤ᠌᠂ ᠡᠳᠦᠷ ᠪᠦᠷᠢ ᠶᠠᠩᠵᠤ ᠬᠡᠯᠪᠡᠷᠢ᠎ᠪᠡᠨ ᠬᠤᠪᠢᠷᠠᠭᠤᠯᠤᠨ ᠡᠮᠦᠨ᠎ᠡ ᠹᠷᠣᠨᠲ᠎ᠤᠨ ᠠᠵᠢᠯᠲᠠᠳ᠎ᠤᠨ ᠬᠣᠭᠣᠯᠠ ᠤᠮᠳᠠ᠎ᠶ᠋ᠢ ᠰᠠᠢᠵᠢᠷᠠᠭᠤᠯᠬᠤ᠎ᠪᠠᠷ ᠴᠢᠷᠮᠠᠢᠨ᠎ᠠ᠃
《ᠲᠠᠳᠠ ᠰᠠᠢᠨ ᠢᠳᠡᠪᠡᠯ ᠰᠠᠶᠢ ᠬᠢᠵᠢᠭ᠎ᠲᠡᠶ ᠲᠡᠮᠡᠴᠡᠬᠦ᠌ ᠬᠦᠴᠦᠨ ᠴᠢᠳᠠᠯ᠎ᠲᠠᠶ ᠪᠣᠯᠵᠣ᠂ ᠪᠢᠳᠡᠨ᠎ᠦ ᠠᠮᠢᠳᠤᠷᠠᠯ ᠰᠠᠶᠢ ᠡᠮᠬᠢ ᠳᠢᠭ᠌ᠯᠢᠮ᠎ᠢᠶᠡᠨ ᠡᠷᠲᠡᠬᠡᠨ ᠰᠡᠷᠭᠦᠭᠡᠵᠦ᠍ ᠴᠢᠳᠠᠨ᠎ᠠ᠃ ᠬᠢᠵᠢᠭ᠎ᠦᠨ ᠡᠬᠢᠨ᠎ᠦ ᠦᠶ᠎ᠡ᠎ᠳᠦ᠂ ᠵᠠᠰᠠᠭ᠎ᠤᠨ ᠣᠷᠳᠣᠨ᠎ᠤ ᠬᠣᠯᠪᠣᠭ᠍ᠳᠠᠯ ᠪᠥᠬᠥᠶ ᠰᠠᠯᠠᠭ᠎ᠠ ᠮᠥᠴᠢᠷ᠎ᠡᠴᠡ ᠪᠠᠭ᠎ᠠ ᠵᠢᠵᠢᠭ ᠠᠵᠤ ᠠᠬᠤᠢᠯᠠᠯ᠎ᠳᠤ ᠭᠠᠢᠯᠢ ᠲᠠᠲᠠᠪᠤᠷᠢ᠎ᠶ᠋ᠢ ᠬᠠᠰᠤᠵᠤ ᠬᠡᠯᠲᠦᠷᠢᠭᠦᠯᠬᠦ᠌ ᠨᠥᠬᠥᠪᠥᠷᠢ ᠥᠭ᠌ᠴᠦ᠂ ᠠᠵᠤ ᠠᠬᠤᠢᠯᠠᠯ᠎ᠢ ᠣᠷᠣᠱᠢᠨ ᠲᠣᠭ᠍ᠲᠠᠨᠢᠭᠤᠯᠤᠭᠰᠠᠨ᠃ ᠥᠨᠥᠳᠦᠷ᠂ ᠪᠢ ᠵᠥᠪᠬᠡᠨ ᠥᠴᠦᠬᠡᠨ ᠬᠦᠴᠦ᠍᠎ᠪᠡᠨ ᠱᠢᠪᠬᠠᠵᠤ ᠨᠡᠢᠭᠡᠮ᠎ᠳᠦ ᠠᠴᠢ ᠬᠠᠷᠢᠭᠤᠯᠵᠤ ᠪᠠᠢᠨ᠎ᠠ᠂ ᠬᠡᠷᠪᠡ ᠨᠥᠬᠥᠴᠡᠯ ᠪᠣᠯᠤᠯᠴᠠᠭ᠎ᠠ᠎ᠲᠠᠶ ᠯᠠ ᠪᠣᠯ᠂ ᠪᠢᠳᠡ ᠦᠷᠭᠦᠯᠵᠢᠯᠡᠨ ᠬᠤᠭᠤᠯᠠ ᠬᠦᠷᠭᠡᠨ᠎ᠡ》 ᠭᠡᠪᠡ᠃ ᠡᠭᠦᠨ᠎ᠦ ᠬᠠᠮᠲᠤ᠂ ᠲᠡᠷᠡ ᠪᠠᠰᠠ ᠨᠡᠩ ᠤᠯᠠᠨ ᠬᠠᠯᠠᠭᠤᠨ ᠰᠡᠳᠭᠢᠯᠲᠦ ᠬᠥᠮᠦᠰ ᠡᠨᠡᠬᠦ ᠰᠠᠢᠨ ᠳᠤᠷ᠎ᠠ ᠵᠢᠨ ᠠᠵᠢᠯᠯᠠᠭ᠎ᠠ᠎ᠳᠦ ᠣᠷᠣᠯᠴᠠᠵᠤ᠂ ᠬᠢᠵᠢᠭ᠎ᠲᠡᠶ ᠲᠡᠮᠡᠴᠡᠬᠦ᠌ ᠪᠠᠢᠯᠳᠤᠭᠠᠨ᠎ᠳᠦ ᠬᠤᠪᠢ ᠨᠡᠮᠡᠷᠢ ᠦᠵᠡᠭᠦᠯᠬᠦ᠌᠎ᠶ᠋ᠢ ᠬᠦᠰᠡᠵᠦ᠍ ᠪᠠᠢᠨ᠎ᠠ ᠭᠡᠪᠡ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠹᠦ᠋ ᠭᠸᠨ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃