2022-05-15 21:18:21
ᠤᠷᠴᠢᠮᠬᠠᠨ᠂ ᠦᠨᠢᠶᠡᠨ ᠰᠦ᠂ ᠦᠭᠡᠷ ᠤᠨ ᠮᠢᠬᠠᠨᠪᠤᠷᠴᠠ ᠵᠡᠷᠭᠡ ᠡᠳ᠋ ᠪᠤᠳᠠᠰᠢ ᠲᠦᠭᠦᠷᠡᠩ ᠠᠴᠢᠬ᠍ᠰᠠᠨ ᠬᠤᠶᠠᠷ ᠠᠴᠢᠶᠠᠨᠤ ᠮᠠᠰᠢᠨ ᠱᠠᠩᠬᠠᠢ ᠳ᠋ᠤ ᠬᠦᠷᠴᠦ᠍᠂ ᠦᠪᠦᠷ ᠮᠤᠩᠭᠤᠯᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯᠤᠨ ᠶᠡᠬᠡ ᠰᠤᠷᠭᠠᠭᠤᠯᠢ ᠵᠢᠨ ᠱᠠᠩᠬᠠᠢ ᠶᠡᠬᠡ ᠰᠤᠷᠭᠠᠭᠤᠯᠢ ᠳ᠋ᠤ ᠬᠠᠨᠳᠢᠪᠯᠠᠬ᠍ᠰᠠᠨ ᠡᠳ᠋ ᠪᠤᠳᠠᠰᠢ ᠬᠦᠷᠭᠡᠵᠡᠢ᠃

ᠱᠠᠩᠬᠠᠢ ᠶᠡᠬᠡ ᠰᠤᠷᠭᠠᠭᠤᠯᠢ ᠬᠠᠨᠳᠢᠪᠯᠠᠬᠰᠡᠨ ᠡᠳ᠋ ᠪᠤᠳᠠᠰᠢ ᠬᠦᠯᠢᠶᠡᠨ ᠠᠪᠴᠦ ᠪᠠᠢᠭᠠ ᠨᠢ
ᠤᠢ᠍ᠢᠯᠠᠭᠠᠬ᠍ᠰᠠᠨ ᠵᠢᠡᠷ᠂ ᠱᠠᠩᠬᠠᠢ ᠶᠡᠬᠡ ᠰᠤᠷᠭᠠᠭᠤᠯᠢ ᠪᠤᠯᠤᠨ ᠦᠪᠦᠷ ᠮᠤᠩᠭᠤᠯᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯᠤᠨ ᠶᠡᠬᠡ ᠰᠤᠷᠭᠠᠭᠤᠯᠢ ᠪᠤᠯ ᠰᠤᠷᠭᠠᠨ ᠬᠦᠮᠦᠵᠢᠯ ᠤᠨ ᠬᠠᠮᠵᠢᠯᠴᠠᠭᠠᠨᠤ ᠠᠨᠳᠠ ᠪᠤᠯᠤᠨᠠ᠃ ᠰᠤᠷᠭᠠᠨ ᠬᠦᠮᠦᠵᠢᠯᠤᠨ ᠬᠢᠴᠶ᠋ᠶᠡᠯ ᠬᠦᠮᠦᠵᠢᠯ᠂ ᠪᠠᠬ᠍ᠰᠢ ᠵᠢᠨ ᠡᠩᠨᠡᠭᠡᠨᠤ ᠪᠠᠢ᠌ᠭᠤᠯᠤᠯᠳᠠ᠂ ᠱᠢᠨᠵᠢᠯᠡᠭᠡᠨᠤ ᠰᠠᠯᠠᠭᠠᠨᠤ ᠪᠠᠢ᠌ᠭᠤᠯᠤᠯᠳᠠ᠂ ᠴᠢᠳᠠᠪᠤᠷᠢᠳᠠᠨ ᠬᠦᠮᠦᠵᠢᠬᠦᠯᠬᠦ᠌ ᠪᠤᠯᠤᠨ ᠱᠢᠨᠵᠢᠯᠡᠬᠦ᠌ ᠤᠬᠠᠭᠠᠨᠤ ᠰᠤᠳᠤᠯᠭᠠᠨ ᠵᠡᠷᠭᠡ ᠲᠠᠯᠠ ᠪᠡᠷ ᠱᠠᠩᠬᠠᠢ ᠶᠡᠬᠡ ᠰᠤᠷᠭᠠᠭᠤᠯᠢ ᠨᠢ ᠦᠪᠦᠷ ᠮᠤᠩᠭᠤᠯ ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤᠨ ᠶᠡᠬᠡ ᠰᠤᠷᠭᠠᠭᠤᠯᠢ ᠳ᠋ᠤ ᠬᠠᠪᠰᠤᠷᠤᠯᠭᠠ ᠲᠡᠮᠵᠢᠯᠭᠡ ᠦᠵᠡᠬᠦᠯᠳᠡᠭ᠂ ᠬᠤᠶᠠᠷ ᠰᠤᠷᠭᠠᠭᠤᠯᠢ ᠪᠡᠷ ᠵᠢᠡᠨ ᠨᠢᠬ᠍ᠳᠡ ᠬᠠᠮᠵᠢᠯᠴᠠᠨ᠂ ᠪᠦᠯᠬᠦᠮᠳᠡᠨ ᠤᠷᠤᠬ᠍ᠰᠢᠯᠠᠬᠤ ᠲᠤᠮᠳᠠ ᠲᠤᠳᠤᠨᠤ ᠨᠦᠬᠦᠷᠯᠡᠯᠢ ᠪᠠᠢ᠌ᠭᠤᠯᠤᠬ᠍ᠰᠠᠨ ᠪᠠᠢ᠌ᠳᠠᠭ᠃ ᠱᠠᠩᠬᠠᠢ ᠵᠢᠨ ᠬᠢᠵᠢᠭ ᠤᠨ ᠪᠠᠢ᠌ᠳᠠᠯ ᠡᠭᠦᠰᠦᠭ᠌ᠰᠡᠨ ᠡᠴᠡ ᠨᠠᠰᠢ᠂ ᠦᠪᠦᠷ ᠮᠤᠩᠭᠤᠯ ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯᠤᠨ ᠶᠡᠬᠡ ᠰᠤᠷᠭᠠᠭᠤᠯᠢ ᠨᠢ ᠬᠢᠵᠢᠭᠤᠨ ᠪᠠᠢ᠌ᠳᠠᠯᠢ ᠰᠡᠷᠭᠡᠢ᠌ᠯᠡᠨ ᠡᠵᠡᠮᠳᠡᠬᠦ᠌ ᠠᠵᠢᠯᠵᠢᠡᠨ ᠰᠠᠢ᠌ᠳᠤᠷ ᠬᠢᠬᠦ᠌ ᠵᠢᠨ ᠲᠠᠭᠠᠤ ᠱᠠᠩᠬᠠᠢ ᠶᠡᠬᠡ ᠰᠤᠷᠭᠠᠭᠤᠯᠢ ᠵᠢᠨ ᠬᠢᠵᠢᠭᠤᠨ ᠪᠠᠢᠳᠠᠯᠢ ᠡᠵᠡᠮᠳᠡᠬᠦ᠌ ᠠᠵᠢᠯᠢ ᠠᠩᠬ᠍ᠠᠷᠤᠨ ᠬᠠᠯᠠᠮᠵᠢᠯᠠᠬ᠍ᠰᠠᠭᠠᠷ ᠢᠷᠡᠵᠠᠢ᠃ ᠡᠨᠡ ᠤᠳᠠᠭᠠ ᠲᠤᠰ ᠰᠤᠷᠭᠠᠭᠤᠯᠢ ᠬᠠᠢ᠌ᠷᠠ ᠬᠠᠯᠠᠮᠵᠢ ᠱᠢᠩᠭᠡᠭ᠌ᠰᠡᠨ ᠢᠳᠡᠭᠡᠨ ᠤᠮᠳᠠᠭᠠᠨᠢ ᠬᠢᠵᠢᠭᠤᠨ ᠠᠶᠤᠯ ᠳ᠋ᠤ ᠲᠤᠯᠭᠠᠷᠠᠬ᠍ᠰᠠᠨ ᠠᠬᠠ ᠲᠡᠭᠦᠦ ᠰᠤᠷᠭᠠᠭᠤᠯᠢ ᠳ᠋ᠠᠭᠠᠨ ᠬᠠᠨᠳᠢᠪᠯᠡᠨ ᠬᠦᠷᠭᠡᠵᠦ᠍᠂ ᠬᠢᠵᠢᠭᠤᠨ ᠪᠠᠢᠳᠠᠯᠢ ᠢᠯᠠᠨ ᠲᠠᠪᠠᠬᠤ ᠳ᠋ᠤ ᠨᠢ ᠲᠤᠰᠠ ᠲᠡᠮ ᠪᠤᠯᠬᠤ ᠵᠢ ᠵᠤᠷᠢᠬ᠍ᠰᠠᠨ ᠪᠠᠢ᠌ᠨᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠹᠦ᠋ ᠭᠸᠨ
ᠣᠷᠴᠢᠭᠤᠯᠤᠭ᠍ᠴᠢ᠄




ᠰᠢᠭᠦᠮᠵᠢ ᠠᠯᠠᠭᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃