2022-06-13 09:34:40
ᠲᠦᠷᠦᠭᠦᠬᠡᠨ᠂ ᠵᠠᠷᠣᠳ ᠬᠤᠱᠢᠭᠤᠨ᠎ᠤ ᠤᠳᠭ᠎ᠠ ᠤᠷᠠᠯᠢᠭ᠎ᠤᠨ᠎ᠬᠢᠨ᠎ᠤ ᠬᠤᠯᠪᠣᠭ᠎ᠠ᠎ᠶ᠋ᠢᠨ ᠪᠠᠷ ᠵᠢᠷᠤᠭᠴᠢᠳ ᠬᠢᠵᠢᠭ ᠲᠠᠢ ᠲᠡᠮᠡᠴᠡᠬᠦ ᠡᠮᠣᠨ᠎ᠡ ᠹᠷᠤᠨᠲ᠎ᠲᠤ ᠠᠵᠢᠯᠯᠠᠵᠣ ᠪᠠᠢᠭ᠎ᠠ ᠬᠦᠮᠣᠰ᠎ᠤᠨ ᠭᠤᠶᠣ ᠰᠠᠢᠬᠠᠨ ᠲᠦᠷᠢ ᠲᠦᠷᠬᠦ᠌᠎ᠶ᠋ᠢ ᠵᠢᠷᠤᠭ᠍ᠯᠠᠨ ᠪᠦᠳᠣᠬᠡᠵᠥ᠂ ᠬᠦᠮᠣᠰ᠎ᠤᠨ ᠰᠡᠳᠭᠢᠯ᠎ᠢ ᠬᠦᠨᠳᠡᠭ᠌ᠰᠡᠨ ᠬᠢᠵᠢᠭ ᠲᠠᠢ ᠲᠡᠮᠡᠴᠡᠭᠰᠡᠨ ᠬᠤᠷᠣᠮᠢ ᠵᠢᠷᠤᠭ ᠪᠣᠯᠭᠠᠨ ᠲᠡᠮᠳᠡᠭᠯᠡᠵᠤ᠂ ᠬᠢᠵᠢᠭ᠎ᠲᠠᠢ ᠲᠡᠮᠡᠴᠡᠭᠰᠡᠨ ᠪᠠᠭᠠᠲᠤᠷᠴᠤᠳ᠎ᠢ ᠮᠠᠭ᠍ᠲᠠᠨ ᠳᠠᠭᠤᠯᠠᠵᠤ᠂ ᠢᠳᠡᠪᠬᠢ ᠬᠦᠴᠦᠨ᠎ᠢ ᠤᠯᠠᠮᠵᠢᠯᠠᠨ᠂ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ᠌ ᠤᠬᠠᠭᠤᠯᠭ᠎ᠠ᠎ᠳᠤ ᠢᠳᠡᠪᠬᠢᠳᠡᠢ ᠣᠷᠣᠯᠴᠠᠵᠣ᠂ ᠬᠢᠵᠢᠭ ᠲᠠᠢ ᠲᠡᠮᠡᠴᠡᠭᠦ᠎ᠳᠤ ᠬᠦᠴᠦᠨ ᠨᠡᠮᠡᠷᠢᠯᠡᠵᠣ ᠪᠠᠢᠨ᠎ᠠ᠃
ᠵᠠᠷᠣᠳ ᠬᠤᠱᠢᠭᠤᠨ᠎ᠤ ᠰᠣᠶᠣᠯ᠎ᠤᠨ ᠣᠷᠳᠣᠨ᠎ᠤ ᠤᠷᠠᠨ ᠵᠢᠷᠤᠭ᠎ᠤᠨ ᠳᠤᠭᠤᠢᠯᠠᠩ ᠤ᠋ᠠ ᠪᠠᠷ ᠵᠢᠷᠤᠭᠴᠢᠨ ᠬᠠᠨ ᠲᠠᠢᠴᠢᠨ《ᠡᠵᠢ᠎ᠶ᠋ᠢᠨ ᠨᠠᠢᠳᠠᠯᠭ᠎ᠠ》 ᠬᠡᠰᠡᠨ᠎ᠪᠠᠷ ᠵᠢᠷᠤᠭ᠎ᠤᠨ ᠪᠦᠲᠦᠭᠡᠯ᠎ᠢᠶᠠᠨ ᠨᠠᠷᠢᠨ ᠨᠢᠮᠪᠠᠢ ᠵᠠᠰᠠᠨ᠎ᠠ᠃ ᠪᠠᠷ ᠵᠢᠷᠤᠭᠲᠤ᠌᠂ ᠮᠣᠩᠭᠤᠯ ᠲᠡᠷᠯᠢᠭ ᠡᠮᠦᠰᠴᠦ᠍ ᠠᠮᠠᠪᠴᠢ ᠵᠡᠭᠦᠭ᠌ᠰᠡᠨ ᠡᠵᠢ ᠨᠢ ᠥᠬᠢᠨ᠎ᠳᠡᠭᠡᠨ ᠶᠠᠭᠤ ᠨᠢᠬᠡ᠎ᠶ᠋ᠢ ᠵᠠᠬᠢᠵᠥ ᠪᠠᠢᠭ᠎ᠠ ᠬᠤᠷᠣᠮ ᠵᠠᠭᠤᠷ᠎ᠠ᠎ᠶ᠋ᠢ ᠵᠢᠷᠤᠭᠯᠠᠠ ᠲᠡᠮᠳᠡᠭ᠌ᠯᠡᠵᠠᠢ᠃
ᠥᠪᠡᠷᠲᠡᠭᠡᠨ ᠵᠠᠰᠠᠬᠤ ᠣᠷᠣᠨ᠎ᠤ ᠲᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ᠎ᠪᠠᠷ ᠵᠢᠷᠤᠭ᠎ᠤᠨ ᠤᠯᠠᠮᠵᠢᠯᠠᠭ᠍ᠴᠢ ᠪᠣᠯᠤᠭ᠍ᠰᠠᠨ᠎ᠤ ᠬᠤᠪᠢ᠎ᠳᠤ᠂ ᠬᠠᠨ ᠲᠠᠢᠴᠢᠨ 20 ᠭᠠᠷᠤᠢ ᠵᠢᠯ᠎ᠪᠠᠷ ᠵᠢᠷᠤᠭ᠎ᠢ ᠰᠤᠳᠤᠯᠤᠨ ᠤᠯᠠᠮᠵᠢᠯᠠᠵᠤ᠂ ᠤᠯᠤᠰ᠂ ᠥᠪᠡᠷᠲᠡᠭᠡᠨ ᠵᠠᠰᠠᠬᠤ ᠣᠷᠣᠨ᠂ ᠬᠤᠳᠠ᠎ᠶ᠋ᠢᠨ ᠲᠡᠰ᠎ᠤᠨ ᠰᠡᠳᠬᠦᠯ᠎ᠳᠤ 1000 ᠭᠠᠷᠤᠢ᠎ᠪᠠᠷ ᠵᠢᠷᠤᠭ᠎ᠤᠨ ᠪᠦᠲᠦᠭᠡᠯ ᠨᠡᠢᠳᠡᠯᠡᠬᠦᠯᠪᠠ᠃ ᠡᠨᠡ ᠬᠡᠳᠦᠨ ᠡᠳᠦᠷ ᠲᠡᠷᠠ ᠪᠠᠰᠠ ᠬᠢᠵᠢᠭ᠎ᠢ ᠡᠰᠡᠷᠭᠦᠴᠡᠬᠦ᠌ ᠭᠤᠣᠯ ᠰᠡᠳᠦᠪ᠎ᠤᠨ ᠲᠣᠭᠤᠷᠢᠨ᠎ᠳᠤ᠂ ᠪᠥᠭᠡᠮ ᠬᠦᠴᠢᠯ᠎ᠢ ᠪᠠᠢᠴᠠᠭᠠᠬᠤ ᠦᠵᠡᠭ᠌ᠳᠡᠯ ᠤᠨᠪᠠᠷ ᠵᠢᠷᠤᠭ᠎ᠤᠨ ᠪᠦᠲᠦᠭᠡᠯ᠎ᠢ ᠤᠷᠠᠯᠠᠠ ᠪᠦᠲᠦᠭᠡᠵᠦ᠍᠂ ᠤᠷᠠᠯᠢᠭ᠎ᠤᠨ ᠬᠡᠯᠪᠡᠷᠢ᠎ᠪᠠᠷ ᠡᠳᠦᠷ ᠰᠥᠨᠢ ᠦᠭᠡᠢ ᠬᠢᠵᠢᠭ ᠲᠠᠢ ᠲᠡᠮᠡᠴᠡᠬᠦ ᠡᠮᠦᠨ᠎ᠡ ᠹᠷᠤᠨᠲ ᠲᠤ᠌ ᠭᠠᠪᠰᠢᠭᠠᠢᠯᠠᠵᠤ ᠪᠠᠢᠭ᠎ᠠ 《ᠴᠠᠭᠠᠨ ᠬᠤᠪᠴᠠᠰᠣᠳᠣ ᠠᠨᠵᠸᠯ》᠎ᠳ᠋ᠤ ᠲᠠᠯᠠᠷᠬᠠᠵᠣ ᠪᠠᠢᠬᠤ ᠰᠡᠳᠭᠢᠯᠬᠡ᠎ᠪᠠᠨ ᠢᠯᠡᠳᠭᠡᠵᠠᠢ᠃
ᠵᠢᠷᠤᠭ᠎ᠤᠨ ᠵᠣᠬᠢᠶᠠᠨ ᠪᠦᠲᠦᠭᠡᠯᠭᠡ᠎ᠳᠤ ᠪᠠᠭ᠍ᠠᠲᠠᠢ ᠲᠦᠩ᠎ᠶ᠋ᠢᠨ ᠹᠧᠩ᠄《ᠤᠷᠠᠨ ᠵᠢᠷᠤᠭ᠎ᠤᠨ ᠠᠵᠢᠯᠲᠠᠨ ᠪᠣᠯᠤᠭ᠍ᠰᠠᠨ᠎ᠤ ᠬᠤᠪᠢ᠎ᠳᠤ᠂ ᠭᠠᠷ᠎ᠲᠠᠬᠢ ᠪᠢᠷ᠂ ᠰᠡᠢᠯᠦᠭᠦᠷ ᠬᠢᠲᠤᠭ᠎ᠠ᠎ᠪᠠᠷ᠎ᠢᠶᠠᠨ ᠴᠠᠭᠠᠨ ᠬᠤᠪᠴᠠᠰᠤᠲᠤ ᠪᠠᠢᠯᠳᠤᠭ᠍ᠴᠢ᠎ᠶ᠋ᠢᠨ ᠬᠢᠵᠢᠭ᠎ᠢ ᠰᠡᠷᠬᠡᠢᠯᠡᠨ ᠡᠵᠡᠮᠳᠡᠬᠦ᠌ ᠨᠢᠬᠡᠳᠣᠬᠡᠷ ᠹᠷᠣᠨᠲ᠎ᠲᠤ ᠱᠢᠭᠤᠷᠬᠠᠢᠯᠠᠠ ᠠᠵᠢᠯᠯᠠᠵᠣ ᠪᠠᠢᠭ᠎ᠠ᠎ᠶ᠋ᠢ ᠵᠢᠷᠣᠭ᠍ᠯᠡᠨ ᠲᠡᠮᠳᠡᠭ᠌ᠯᠡᠬᠦ᠌ ᠪᠣᠯ ᠮᠢᠨᠤ ᠵᠠᠢᠯᠠᠭᠤᠯᠵᠤ ᠪᠣᠯᠣᠰᠢ ᠦᠭᠡᠢ ᠬᠠᠷᠢᠭᠤᠴᠠᠯᠭ᠎ᠠ᠂ ᠡᠢᠮᠦ᠍᠎ᠠᠴᠠ ᠬᠤᠶᠠᠷ ᠰᠠᠷ᠎ᠠ ᠭᠠᠷᠤᠢ᠎ᠶ᠋ᠢᠨ ᠴᠠᠭ᠎ᠢ ᠠᠱᠢᠭ᠍ᠯᠠᠨ 〈ᠴᠠᠭᠠᠨ ᠬᠤᠪᠴᠠᠰᠤᠲᠤ ᠠᠨᠵᠸᠯ〉 ᠬᠡᠬᠦ᠌ ᠪᠠᠷ ᠵᠢᠷᠤᠭ᠎ᠤᠨ ᠪᠦᠲᠦᠭᠡᠯ᠎ᠢᠶᠠᠨ ᠰᠡᠢᠯᠣᠨ ᠵᠢᠷᠣᠭ᠍ᠯᠠᠵᠡᠢ》 ᠬᠡᠵᠣ ᠪᠠᠢᠯ᠎ᠠ᠃
ᠣᠢᠷ᠎ᠠ᠎ᠶ᠋ᠢᠨ ᠵᠢᠯ᠂ ᠲᠤᠰ ᠬᠤᠱᠢᠭᠤ ᠶᠡᠷᠦᠩᠬᠡᠢ ᠱᠦᠵᠢᠰᠢ᠎ᠶ᠋ᠢᠨ ᠫᠢᠩ᠎ᠤᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ᠌ ᠲᠤᠬᠠᠢ ᠴᠢᠬᠤᠯᠠ ᠶᠠᠷᠢᠶ᠎ᠠ ᠵᠢᠭᠠᠪᠤᠷᠢ ᠴᠣᠬᠤᠯᠠᠪᠤᠷᠢ᠎ᠶ᠋ᠢᠨ ᠵᠣᠷᠢᠭ ᠰᠠᠨᠠᠭ᠎ᠠ᠎ᠶ᠋ᠢ ᠨᠠᠷᠢᠨ ᠬᠢᠨᠠᠮᠠᠭᠠᠢ ᠲᠣᠭᠤᠱᠢᠯᠠᠭᠤᠯᠣᠨ ᠨᠠᠢᠳᠠᠪᠤᠷᠢᠵᠢᠭᠤᠯᠵᠤ᠂ ᠪᠠᠷ ᠵᠢᠷᠤᠭᠴᠢᠳᠢ ᠢᠳᠡᠪᠬᠢᠲᠡᠢ ᠳᠠᠢᠴᠢᠯᠠᠨ ᠣᠷᠠᠨ ᠵᠢᠷᠤᠭ᠎ᠢᠶᠠᠷ ᠴᠠᠭ ᠦᠶ᠎ᠡ᠎ᠶ᠋ᠢᠨ ᠪᠠᠭᠠᠲᠤᠷᠴᠤᠳ᠎ᠢ ᠮᠠᠭ᠍ᠲᠠᠨ ᠳᠠᠭᠤᠯᠠᠵᠤ᠂ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ᠌ ᠮᠡᠳᠡᠯᠭᠡ᠎ᠶ᠋ᠢ ᠤᠬᠠᠭᠤᠯᠵᠤ᠂ ᠰᠦᠯᠵᠢᠶᠡᠨ ᠲᠠᠪᠴᠠᠩ᠎ᠤᠨ ᠳᠠᠪᠠᠭᠤᠯᠢᠭ᠎ᠢ ᠠᠱᠢᠭ᠍ᠯᠠᠨ᠂ ᠪᠥᠬᠦ᠌ ᠤᠯᠤᠰ᠎ᠤᠨ ᠠᠷᠠᠳ ᠲᠦᠮᠡᠨ᠎ᠤ ᠬᠠᠲᠠᠭᠤ ᠪᠡᠷᠬᠡᠱᠢᠶᠡᠯ᠎ᠢ ᠬᠠᠮᠲᠤ᠎ᠪᠠᠷ ᠳᠤᠭᠤᠯᠵᠤ᠂ ᠰᠡᠳᠭᠢᠯ᠎ᠢᠶᠠᠨ ᠨᠢᠭᠡᠳᠭᠡᠨ ᠬᠦᠴᠦ᠍᠎ᠪᠠᠨ ᠬᠠᠮᠲᠤᠳᠭᠠᠵᠤ᠂ ᠱᠢᠨ᠎ᠡ ᠲᠢᠳᠢᠮᠯᠢᠭ ᠠᠭᠤᠰᠭᠢᠨ ᠦᠷᠪᠢᠰᠦᠯ᠎ᠤᠨ ᠬᠢᠵᠢᠭᠲᠡᠢ ᠲᠡᠮᠡᠴᠡᠭᠦ᠎ᠳᠤ ᠦᠵᠡᠭᠦᠯᠪᠡᠰᠦ ᠵᠣᠬᠢᠬᠤ ᠬᠤᠪᠢ ᠨᠡᠮᠡᠷᠢ᠎ᠪᠠᠨ ᠦᠵᠡᠭᠦᠯᠬᠦ᠌᠎ᠶ᠋ᠢ ᠣᠷᠢᠶᠠᠯᠠᠭ᠍ᠰᠠᠨ ᠪᠠᠢᠨ᠎ᠠ᠃

ᠪᠦᠳᠦᠬᠡᠯ ᠵᠢᠠᠠ ᠲᠡᠯᠬᠡᠡ ᠦᠵᠡᠬᠦᠯᠦᠨ᠎ᠠ᠃
ᠶᠢᠨ ᠯᠢᠩ ᠵᠶ᠋ᠢ ᠨᠠ ᠰᠠᠬᠦᠳᠡᠷᠯᠠᠪᠠ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠤᠶᠤᠨᠲᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃