2022-10-13 17:50:47
9 ᠰᠠᠷ᠎ᠠ᠎ᠶ᠋ᠢᠨ 28 ᠤ᠋ ᠡᠳᠦᠷ᠂ ᠠᠶᠤᠯ᠎ᠳᠤ ᠬᠢᠵᠢᠭ ᠭᠡᠨᠡᠳᠲᠡ ᠳᠠᠭᠠᠷᠢᠨ ᠢᠷᠡᠵᠠᠢ᠃
ᠥᠪᠥᠷ ᠮᠣᠩᠭᠣᠯ ᠤᠨ ᠤᠮᠠᠷᠠᠲᠤ ᠬᠢᠯᠢ ᠶ᠋ᠢᠨ ᠰᠠᠢᠨ ᠳᠤᠷ᠎ᠠ᠎ᠶ᠋ᠢᠨ ᠦᠶ᠋ᠯᠡᠴᠢᠯᠡᠭᠡᠨ᠎ᠦ ᠬᠣᠯᠪᠣᠭ᠎ᠠ ᠵᠢ ᠡᠭᠦᠰᠭᠡᠨ ᠪᠠᠢᠭᠤᠯᠤᠭ᠍ᠴᠢ ᠸᠠᠩ ᠪᠦᠦ ᠯᠢᠶᠠᠩ ᠲᠡᠷᠡ ᠳᠠᠷᠤᠶ᠎ᠳᠤᠨᠢ ᠬᠠᠷᠢᠭᠤ ᠲᠤᠰᠭᠠᠯ ᠭᠠᠷᠭᠠᠵᠤ᠂ ᠵᠢᠷᠭᠢᠶ᠎ᠠ ᠵᠢᠨ ᠨᠠᠢᠵᠠ ᠵᠢᠨ ᠲᠤᠭᠤᠷᠢᠬ ᠲᠠᠭᠠᠨ ᠤᠮᠠᠷᠠᠲᠤ ᠬᠢᠯᠢ᠎ᠶ᠋ᠢᠨ ᠰᠠᠢᠨ ᠳᠤᠷᠠᠴᠤᠳ ᠢ᠋ ᠤᠷᠢᠶᠠᠯᠠᠨ ᠳᠠᠭᠤᠳᠠᠪᠠ᠃
ᠡᠭᠦᠨ᠎ᠦ ᠬᠠᠮᠲᠤ᠂ ᠬᠥᠬᠡᠬᠣᠲᠠ᠎ᠶ᠋ᠢᠨ ᠬᠣᠲᠣᠩ ᠠᠷᠠᠳ᠎ᠤᠨ ᠲᠣᠭᠣᠷᠢᠭ᠎ᠤᠨ ᠪᠠᠴᠢᠮ ᠪᠠᠢᠳᠠᠯ᠎ᠢ ᠠᠷᠭᠠᠴᠡᠭᠠᠬᠤ ᠲᠣᠪᠴᠢᠶ᠎ᠠ᠂ ᠬᠣᠲᠣᠩ ᠠᠷᠠᠳ᠎ᠤᠨ ᠲᠣᠭᠣᠷᠢᠭ᠎ᠤᠨ ᠡᠪᠡᠳᠴᠢᠨ ᠡᠮᠭᠡᠭ᠎ᠢ ᠰᠡᠷᠭᠡᠢᠯᠡᠨ ᠡᠵᠡᠮᠳᠡᠬᠦ᠌ ᠲᠥᠪ ᠴᠦ᠍ ᠤᠮᠠᠷᠠᠲᠤ ᠬᠢᠯᠢ᠎ᠶ᠋ᠢᠨ ᠰᠠᠢᠨ ᠳᠤᠷ᠎ᠠ᠎ᠶ᠋ᠢᠨ ᠦᠶ᠋ᠯᠡᠴᠢᠯᠡᠭᠡᠨ᠎ᠦ ᠬᠣᠯᠪᠣᠭ᠎ᠠ ᠡᠴᠡ ᠲᠤᠰᠠᠯᠠᠮᠵᠢ ᠭᠤᠶᠤᠴᠢᠯᠠᠪᠠ᠃
ᠤᠮᠠᠷᠠᠲᠤ ᠬᠢᠯᠢ᠎ᠶ᠋ᠢᠨ ᠰᠠᠢᠨ ᠳᠤᠷᠠᠴᠤᠳ 《ᠵᠠᠷᠯᠢᠭ》 ᠢ᠋ ᠰᠣᠨᠣᠰᠤᠮᠠᠭ᠍ᠴᠠ ᠬᠥᠳᠡᠯᠦᠯᠴᠡᠵᠦ᠍᠂ ᠴᠢᠩᠭᠢᠰ ᠬᠠᠭᠠᠨ ᠶᠡᠬᠡ ᠵᠡᠭᠡᠯᠢ᠎ᠶ᠋ᠢᠨ ᠪᠢᠨ ᠾᠧ ᠴᠡᠴᠡᠷᠯᠢᠭ ᠲᠡᠬᠢ ᠤᠮᠠᠷᠠᠲᠤ ᠬᠢᠯᠢ᠎ᠶ᠋ᠢᠨ ᠰᠠᠢᠨ ᠳᠤᠷᠠᠴᠤᠳ᠎ᠤᠨ ᠦᠶ᠋ᠯᠡᠴᠢᠯᠡᠭᠡᠨ᠎ᠦ ᠰᠠᠭᠤᠷᠢᠨ ᠳ᠋ᠤ ᠦᠳᠲᠡᠷ ᠲᠦᠷᠭᠡᠨ ᠴᠤᠭ᠍ᠯᠠᠷᠠᠪᠠ᠃
ᠲᠡᠳᠡᠨ᠎ᠦ ᠳᠣᠲᠣᠷ᠎ᠠ ᠰᠠᠬᠢᠯᠭ᠎ᠠ ᠪᠠᠲᠤ ᠪᠠᠢᠴᠠᠭᠠᠬᠤ ᠬᠣᠷᠢᠶ᠎ᠠ᠂ ᠪᠣᠭᠣᠮᠲᠠ᠂ ᠡᠮᠨᠡᠯᠭᠡ᠎ᠶ᠋ᠢᠨ ᠬᠣᠷᠢᠶ᠎ᠠ ᠵᠡᠷᠭᠡ ᠵᠠᠰᠠᠭ ᠵᠠᠬᠢᠷᠭ᠎ᠠ ᠠᠵᠢᠯ ᠦᠢᠯᠡᠰ ᠦᠨ ᠨᠢᠭᠡᠴᠢ ᠶ᠋ᠢᠨ ᠵᠠᠯᠠᠭᠤᠴᠤᠳ᠂ ᠴᠡᠷᠢᠭ ᠡᠴᠡ ᠬᠠᠯᠠᠭ᠍ᠳᠠᠭ᠍ᠰᠠᠳ᠂ ᠬᠤᠪᠢ᠎ᠶ᠋ᠢᠨ ᠡᠵᠡᠩᠨᠡᠭ᠌ᠴᠢ ᠪᠠ ᠴᠢᠯᠥᠭᠡᠲᠦ ᠠᠵᠢᠯᠯᠠᠭᠴᠢ ᠵᠡᠷᠭᠡ ᠪᠠᠢᠬᠤ ᠪᠡᠷ ᠪᠠᠷᠠᠬᠤ ᠦᠭᠡᠢ ᠪᠠᠰᠠ ᠶᠡᠬᠡ ᠳᠡᠭᠡᠳᠦ ᠰᠤᠷᠭᠠᠭᠤᠯᠢ ᠵᠢᠨ ᠤᠶᠤᠳᠠᠳ ᠪᠤᠢ᠃
《ᠣᠳᠣᠬᠠᠨ ᠳᠤ ᠬᠥᠬᠡᠬᠣᠲᠠ ᠶ᠋ᠢᠨ ᠬᠡᠪᠴᠢᠶᠡᠨ᠎ᠳᠦ ᠦᠢᠯᠡᠴᠢᠯᠡᠵᠤ ᠪᠠᠢᠭ᠎ᠠ ᠤᠮᠠᠷᠠᠲᠤ ᠬᠢᠯᠢ᠎ᠶ᠋ᠢᠨ ᠰᠠᠢ᠌ᠨ ᠲᠤᠷᠠᠴᠤᠳ 780 ᠤᠷᠴᠢᠮ ᠪᠤᠢ᠂ ᠪᠠᠰᠠ ᠨᠡᠮᠡᠭᠳᠡᠵᠤ ᠪᠠᠢᠨ᠎ᠠ》 ᠭᠡᠵᠤ ᠸᠠᠩ ᠪᠦᠦ ᠯᠢᠶᠠᠩ ᠰᠤᠷᠪᠤᠯᠵᠢᠯᠠᠭ᠍ᠴᠢ᠎ᠳᠤ ᠬᠡᠯᠡᠨ᠎ᠠ᠃
ᠦᠤᠷ ᠤᠨ 3 ᠴᠠᠭ 15 ᠮᠢᠨᠦ᠋ᠲ᠎ᠲᠦ᠂ ᠬᠣᠲᠣᠩ ᠠᠷᠠᠳ᠎ᠤᠨ ᠲᠣᠭᠣᠷᠢᠭ ᠤᠨ ᠬᠢᠵᠢᠭ ᠦᠨ ᠪᠠᠢᠳᠠᠯ ᠢ ᠰᠡᠷᠭᠡᠢᠯᠡᠨ ᠡᠵᠡᠮᠳᠡᠬᠦ᠌ ᠠᠵᠢᠯ ᠤ᠋ᠨ ᠲᠠᠬᠤᠯ ᠡᠪᠡᠳᠴᠢᠨ᠎ᠦ ᠪᠠᠢᠴᠠᠭᠠᠯᠲᠠ᠎ᠶ᠋ᠢᠨ ᠡᠭᠦᠷᠭᠡ᠎ᠶ᠋ᠢ ᠡᠭᠦᠷᠭᠡᠯᠡᠵᠦ᠍ ᠪᠠᠢᠭ᠎ᠠ ᠤᠮᠠᠷᠠᠲᠤ ᠬᠢᠯᠢ᠎ᠶ᠋ᠢᠨ ᠰᠠᠢᠨ ᠲᠤᠷᠠᠴᠤᠳ ᠮᠦᠨ ᠤᠲᠠᠰᠤᠳᠠᠨ ᠶᠠᠭᠠᠷᠠᠵᠤ ᠪᠠᠢᠯ᠎ᠠ᠃
ᠪᠥᠭᠡᠮ ᠬᠦᠴᠢᠯ᠎ᠦᠨ ᠪᠠᠢᠴᠠᠭᠠᠯᠲᠠ᠎ᠶ᠋ᠢᠨ ᠦᠷ᠎ᠡ ᠳ᠋ᠦᠩ᠎ᠨᠢ ᠬᠡᠪ᠎ᠦᠨ ᠪᠤᠰᠤ ᠰᠡᠵᠢᠭ᠌ᠯᠡᠯᠲᠡᠶ ᠡᠪᠡᠳᠴᠢᠨ᠎ᠦ ᠵᠢᠱ᠌ᠢᠶ᠎ᠡ᠎ᠶ᠋ᠢᠨ ᠨᠡᠷᠡᠰ᠎ᠢ ᠣᠯᠤᠭ᠍ᠰᠠᠨ᠎ᠤ ᠳᠠᠷᠠᠭ᠎ᠠ᠂ ᠬᠣᠯᠪᠣᠭ᠍ᠳᠠᠯ ᠪᠥᠬᠥᠶ ᠬᠥᠮᠦᠰ ᠤ᠋ᠨ ᠤᠷᠤᠨ ᠪᠠᠢᠷᠢ ᠵᠢ ᠲᠦᠷᠭᠡᠨ ᠡᠷᠢᠨ ᠤᠯᠵᠤ᠂ ᠰᠠᠭᠤᠭ᠎ᠠ ᠭᠠᠵᠠᠷ᠎ᠲᠤᠨᠢ ᠣᠴᠢᠵᠤ᠂ ᠬᠣᠶᠠᠳᠠᠬᠢ ᠤᠳᠠᠭ᠎ᠠ ᠥᠯᠢᠭᠡᠷ ᠡᠳ᠋ ᠠᠪᠴᠤ᠌ ᠪᠠᠢᠴᠠᠭᠠᠨ᠎ᠠ᠃ ᠡᠨᠡ ᠬᠦ᠌ ᠠᠵᠢᠯ᠎ᠢ ᠬᠢᠵᠤ ᠪᠠᠢᠭ᠎ᠠ ᠰᠠᠢᠨ ᠳᠤᠷᠠᠴᠤᠳ᠎ᠤᠨ ᠬᠠᠯᠳᠠᠪᠤᠷᠢᠯᠠᠭ᠍ᠳᠠᠬᠤ ᠠᠶᠤᠯ ᠲᠦᠭ᠌ᠰᠢᠭᠦᠷᠢ ᠥᠨᠳᠥᠷ ᠶᠤᠮ᠃ ᠭᠡᠪᠡᠴᠦ᠍ ᠥᠷᠯᠥᠭᠡ ᠦᠳᠡᠰᠢ ᠭᠡᠰᠡᠨ ᠦᠭᠡᠢ᠂ ᠲᠡᠳᠡ ᠴᠠᠭ ᠮᠥᠴᠡ᠎ᠲᠡᠶ ᠤᠷᠤᠯᠳᠤᠨ᠂ ᠰᠡᠵᠢᠭᠯᠡᠯᠳᠠᠢ ᠡᠪᠡᠳᠴᠢᠳᠡᠨ ᠢ᠋ ᠴᠢᠭᠯᠡᠨ ᠤᠷᠤᠭ᠍ᠰᠢᠯᠠᠨ᠎ᠠ᠃
20 ᠭᠠᠷᠤᠶ ᠤᠮᠠᠷᠠᠲᠤ ᠬᠢᠯᠢ᠎ᠶ᠋ᠢᠨ ᠰᠠᠢᠨ ᠳᠤᠷᠠᠴᠤᠤᠯ᠎ᠢᠶᠠᠷ ᠪᠦᠷᠢᠯᠳᠦᠭ᠌ᠰᠡᠨ ᠠᠷᠢᠭᠤᠳᠭᠠᠬᠤ ᠠᠩᠭᠢ ᠰᠥᠨᠢ ᠳᠦᠯᠢ᠎ᠪᠡᠷ ᠮᠣᠷᠳᠠᠵᠤ᠂ ᠠᠶᠤᠯ ᠲᠦᠭ᠌ᠰᠢᠭᠦᠷᠢ ᠶᠡᠬᠡᠲᠡᠶ ᠭᠤᠤᠯᠳᠠᠯᠭ᠎ᠠ᠎ᠲᠠᠶ ᠣᠷᠣᠨ ᠪᠦᠰᠡ ᠳ᠋ᠤ ᠬᠦᠷᠴᠤ ᠥᠷᠭᠡᠨ ᠬᠡᠪᠴᠢᠶ᠎ᠡ᠎ᠪᠡᠷ ᠳᠠᠬᠢᠨ ᠳᠠᠪᠲᠠᠨ ᠠᠷᠢᠭᠤᠳᠬᠠᠨ᠎ᠠ᠃ᠠᠷᠢᠭᠤᠳᠭᠠᠬᠤ ᠲᠥᠬᠥᠭᠡᠷᠦᠮᠵᠢ ᠪᠣᠯᠤᠨ ᠠᠷᠢᠭᠤᠳᠭᠠᠬᠤ ᠱᠢᠩᠭᠡᠨ ᠪᠡᠶᠡᠲᠦ᠍᠎ᠨᠢ ᠮᠠᠰᠢ ᠬᠦᠨᠳᠦ ᠪᠠᠢᠵᠤ᠂ ᠵᠤᠵᠠᠭᠠᠨ ᠬᠠᠮᠠᠭᠠᠯᠠᠯᠲᠠ᠎ᠶ᠋ᠢᠨ ᠬᠤᠪᠴᠠᠰᠤᠨ ᠳᠣᠲᠣᠷ᠎ᠠ᠂ ᠲᠡᠳᠡᠨ᠎ᠦ ᠠᠮᠢᠰᠭᠤᠯ᠎ᠨᠢ ᠬᠠᠰᠢᠬᠳᠠᠨ᠂ ᠬᠠᠷᠠᠭ᠎ᠠ᠎ᠨᠢ ᠬᠠᠷᠱᠢᠯᠠᠭ᠍ᠳᠠᠵᠤ᠂ ᠬᠥᠯᠥᠰᠥ᠍ ᠤᠷᠤᠰᠤᠨ᠎ᠠ᠂ ᠭᠡᠪᠡᠴᠦ᠍ ᠲᠡᠳᠡ ᠦᠴᠦᠬᠡᠨᠴᠦ᠍ ᠤᠬᠤᠷᠢᠭ᠍ᠰᠠᠨ ᠦᠭᠡᠢ᠂ ᠬᠦᠴᠢᠷ ᠢ᠋ ᠰᠦᠷᠦᠨ ᠤᠷᠤᠭᠰᠢᠯᠠᠨ᠎ᠠ᠃
ᠴᠢᠩᠭᠡᠯᠢᠭ ᠡᠮᠨᠡᠯᠭᠡ᠎ᠶ᠋ᠢᠨ ᠬᠤᠷᠢᠶ᠎ᠠ ᠵᠢ ᠲᠤᠰᠠᠯᠠᠨ ᠳᠡᠮᠵᠢᠬᠦ᠌ ᠳ᠋ᠤ᠂ ᠰᠠᠢᠨ ᠳᠤᠷᠠᠴᠤᠳ ᠶᠠᠳᠠᠷᠠᠯ ᠵᠦᠳᠡᠷᠡᠯ᠎ᠢ ᠬᠠᠢᠬᠤᠷᠤᠯ ᠦᠭᠡᠢ᠎ᠪᠡᠷ ᠣᠬᠣᠷᠬᠠᠨ ᠬᠤᠭᠤᠴᠠᠭᠠᠨ᠎ᠳᠤ ᠬᠡᠳᠦᠨ ᠮᠢᠩᠭᠠᠨ ᠣᠷᠣ ᠳᠡᠪᠢᠰᠭᠡᠷ ᠢ ᠲᠡᠪᠢᠰᠴᠤ ᠲᠠᠭᠤᠰᠬᠠᠪᠠ᠃ ᠣᠷᠣ᠎ᠶ᠋ᠢᠨ ᠬᠡᠷᠡᠭ᠌ᠰᠡᠯ᠎ᠢ ᠲᠡᠭ᠌ᠰᠢᠯᠡᠵᠦ᠍᠂ ᠴᠡᠪᠡᠷᠯᠡᠨ ᠠᠷᠢᠭᠤᠳᠭᠠᠵᠤ᠂ ᠨᠢᠭᠡ ᠮᠥᠴᠡ ᠴᠦ᠍ ᠵᠣᠭ᠍ᠰᠣᠬᠰᠠᠨ ᠦᠭᠡᠢ᠃ ᠲᠠᠳᠠ ᠵᠥᠪᠬᠡᠨ ᠠᠯᠢ ᠲᠦᠷᠭᠡᠨ ᠵᠢᠡᠷ ᠪᠡᠯᠡᠳᠭᠡᠯ ᠠᠵᠢᠯ᠎ᠢᠶᠠᠨ ᠰᠠᠢᠲᠤᠷ ᠬᠢᠵᠦ᠍᠂ ᠭᠥᠯᠢᠶᠡᠨ ᠠᠪᠴᠤ᠌ ᠡᠮᠨᠡᠨ ᠠᠪᠤᠷᠬᠠᠸ᠋ ᠪᠠᠷᠢᠮᠵᠢᠶ᠎ᠠ᠎ᠳᠤ ᠡᠷᠲᠡᠬᠡᠨ ᠬᠦᠷᠭᠡᠵᠤ᠂ ᠸᠢᠷᠦ᠋ᠰ᠎ᠦᠨ ᠲᠠᠷᠬᠠᠬᠤ᠎ᠶ᠋ᠢ ᠡᠷᠲᠡᠬᠡᠨ ᠬᠤᠷᠢᠭᠯᠠᠬᠤ᠎ᠶ᠋ᠢ ᠯᠠ ᠪᠤᠳᠤᠪᠠ ᠁
ᠬᠠᠮᠢᠭ᠎ᠠ ᠲᠤᠰᠠᠯᠠᠨ ᠳᠡᠮᠵᠢᠬᠦ᠌ ᠴᠢᠬᠤᠯᠠᠳᠠᠢ ᠪᠠᠢᠪᠠᠯ ᠲᠡᠨᠳᠡ ᠤᠮᠠᠷᠠᠲᠤ ᠬᠢᠯᠢ᠎ᠶ᠋ᠢᠨ ᠰᠠᠢ᠌ᠨ ᠲᠤᠷᠠᠴᠤᠳ᠎ᠤᠨ ᠪᠠᠷ᠎ᠠ ᠬᠠᠷᠠᠭᠳᠠᠨ᠎ᠠ᠃
ᠰᠦᠨ ᠳ᠋ᠦᠩ ᠯᠢ ᠪᠣᠯ ᠨᠢᠭᠡᠨ ᠡᠩᠬᠦᠷᠡᠢ ᠠᠮᠢᠲᠠᠨ᠎ᠤ ᠳᠡᠯᠭᠡᠭᠦᠷ᠎ᠦᠨ ᠠᠵᠢᠯᠳᠠᠨ ᠪᠤᠯᠤᠨ᠎ᠠ᠂ ᠬᠡᠳᠦᠢᠪᠡᠷ 8 ᠨᠠᠰᠤᠲᠠᠢ ᠬᠡᠦᠬᠡᠨ᠎ᠢᠶᠡᠨ ᠬᠠᠷᠠᠭᠠᠯᠵᠠᠬᠤ ᠴᠢᠬᠤᠯᠠᠲᠠᠢ ᠪᠣᠯᠪᠠᠴᠤ᠌ ᠲᠡᠷᠡ ᠮᠥᠨ ᠯᠡ ᠰᠠᠢ᠌ᠨ ᠲᠤᠷᠠᠴᠤᠤᠨ ᠤ᠋ᠨ ᠦᠢᠯᠡᠴᠢᠯᠡᠭᠡ᠎ᠳᠦ ᠣᠷᠣᠯᠴᠠᠪᠠ᠂ ᠲᠡᠷᠡ᠄ 《ᠪᠢ ᠪᠣᠯ ᠤᠮᠠᠷᠠᠲᠤ ᠬᠢᠯᠢ᠎ᠶ᠋ᠢᠨ ᠵᠠᠯᠠᠭᠤ ᠰᠠᠢ᠌ᠨ ᠲᠤᠷᠠᠴᠤᠤᠯ ᠮᠥᠨ᠂ ᠪᠠᠰᠠ ᠴᠤ᠌ ᠶᠡᠷᠡᠭᠡᠳ ᠣᠨ ᠡᠴᠡ ᠰᠡᠭᠦᠯᠡᠷ ᠲᠦᠷᠦᠭ᠌ᠰᠡᠳ ᠮᠥᠨ᠂ ᠪᠢ 〈ᠬᠢᠵᠢᠭ〉 ᠢ᠋ ᠰᠡᠷᠭᠡᠢᠯᠡᠨ ᠡᠵᠡᠮᠳᠡᠬᠦ ᠡᠮᠦᠨ᠎ᠡ ᠹᠷᠤᠨᠲ ᠲᠤ᠌ ᠬᠦᠷᠴᠤ᠂ ᠶᠡᠷᠡᠭᠡᠳ ᠣᠨ ᠡᠴᠡ ᠰᠡᠭᠦᠯᠡᠷ ᠲᠦᠷᠦᠭ᠌ᠰᠡᠳ ᠤ᠋ᠨ ᠬᠤᠪᠢ ᠨᠡᠮᠡᠷᠢ ᠵᠢ ᠦᠵᠡᠭᠦᠯᠪᠡᠯ ᠵᠣᠬᠢᠨ᠎ᠠ》 ᠭᠡᠵᠦ ᠬᠡᠯᠡᠪᠡ᠃
ᠰᠦᠨ ᠳ᠋ᠦᠩ ᠯᠢ ᠵᠢᠨ ᠠᠵᠢᠯ ᠪᠤᠯ ᠡᠪᠡᠳᠴᠢᠨ ᠡᠮᠭᠡᠭ᠎ᠢ ᠰᠡᠷᠭᠡᠢᠯᠡᠨ ᠡᠵᠡᠮᠳᠡᠬᠦ᠌ ᠱᠠᠭᠠᠷᠳᠠᠯᠭ᠎ᠠ ᠶᠣᠰᠣᠭᠠᠷ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠮᠡᠳᠡᠯᠭᠡ ᠶ᠋ᠢ ᠤᠬᠠᠭᠤᠯᠵᠤ᠂ ᠨᠢᠭᠳᠠ ᠤᠢᠷᠠᠳᠤᠭᠴᠢᠳ ᠤ᠋ᠨ ᠮᠡᠳᠡᠭᠡ ᠵᠠᠩᠭᠢ᠎ᠶ᠋ᠢ ᠺᠤᠮᠫᠢᠦ᠋ᠲᠸᠷ ᠲᠤ᠌ ᠣᠷᠣᠭᠤᠯᠬᠤᠶᠠᠪᠤᠳᠠᠯ ᠪᠤᠯᠤᠨ᠎ᠠ᠃ ᠦᠢᠯᠡᠴᠢᠯᠡᠬᠦ ᠠᠵᠢᠯᠳᠠᠳ ᠬᠦᠷᠦᠯᠴᠡᠬᠦ᠌ ᠥᠬᠡᠶ ᠦᠶ᠎ᠡ᠎ᠳᠦ᠂ ᠲᠡᠷᠡ ᠪᠠᠰᠠ 《ᠵᠥᠭᠡᠭᠡᠪᠦᠷᠢᠯᠡᠭᠴᠢ》 ᠪᠣᠯᠵᠣ᠂ ᠰᠠᠭᠤᠭᠠᠯᠢ ᠠᠷᠠᠳ᠎ᠲᠤ ᠠᠮᠢᠳᠤᠷᠠᠯ᠎ᠤᠨ ᠴᠢᠬᠤᠯᠠ ᠬᠡᠷᠡᠭ᠌ᠯᠡᠬᠡᠨᠦ ᠡᠳ᠋ ᠪᠤᠳᠠᠰ ᠢ᠋ ᠵᠥᠭᠡᠭᠡᠪᠦᠷᠢᠯᠡᠵᠤ ᠬᠦᠷᠭᠡᠳᠡᠭ᠃
ᠰᠦᠨ ᠳ᠋ᠦᠩ ᠯᠢ᠎ᠶ᠋ᠢᠨ ᠳᠡᠭᠦᠦ ᠰᠦᠨ ᠱᠢᠶᠤᠤ ᠨᠢᠶᠠᠨ ᠮᠦᠨ ᠴᠤ᠌ ᠤᠮᠠᠷᠠᠲᠤ ᠬᠢᠯᠢ᠎ᠶ᠋ᠢᠨ ᠰᠠᠢ᠌ᠨ ᠲᠤᠷᠠᠴᠤᠳ ᠪᠣᠯᠤᠨ᠎ᠠ᠂ ᠲᠡᠭᠦᠨ᠎ᠦ ᠡᠭᠦᠷᠭᠡ ᠪᠣᠯ 《ᠲᠠᠬᠤᠯ ᠡᠪᠡᠳᠴᠢᠨ ᠤ᠋ ᠪᠠᠢᠴᠠᠭᠠᠯᠳᠠ》 ᠬᠢᠬᠦ ᠶᠠᠪᠤᠳᠠᠯ ᠪᠣᠯᠤᠨ᠎ᠠ᠃
《ᠡᠨᠡ ᠬᠦ᠌ ᠡᠭᠦᠷᠭᠡ ᠶ᠋ᠢ ᠰᠠᠶᠢᠬᠠᠨ ᠬᠦᠯᠢᠶᠡᠨ ᠠᠪᠬᠤ ᠦᠶ᠎ᠡ᠎ᠳᠦ ᠵᠠᠷᠢᠮ ᠬᠦᠴᠢᠷᠳᠡᠯ᠎ᠳᠦ ᠲᠤᠯᠭᠠᠷᠠᠪᠠ᠂ ᠡᠭᠦᠨ᠎ᠳᠦ ᠱᠢᠢᠳᠪᠦᠷᠢᠯᠡᠬᠦ᠌᠎ᠳᠦ ᠬᠠᠮᠤᠭ᠎ᠤᠨ ᠬᠦᠴᠢᠷᠳᠡᠢ 〈 ᠠᠰᠠᠭᠤᠳᠠᠯ〉 ᠪᠣᠯ ᠳᠠᠷᠤᠢ ᠤᠯᠠᠨ ᠲᠦᠮᠡᠨ ᠨᠠᠮᠠᠶ᠋ᠢ ᠴᠠᠬᠢᠯᠭᠠᠨ ᠬᠣᠯᠪᠣᠭ᠎ᠠ᠎ᠪᠠᠷ ᠮᠡᠬᠡᠯᠡᠵᠤ ᠪᠠᠢᠨ᠎ᠠ ᠭᠡᠵᠤ ᠰᠡᠵᠢᠭᠯᠡᠭᠰᠡᠨ᠎ᠳᠦ ᠪᠤᠢ》 ᠭᠡᠵᠦ ᠰᠦᠨ ᠱᠢᠶᠤᠤ ᠨᠢᠶᠠᠨ ᠬᠡᠯᠡᠪᠡ᠃
ᠬᠡᠳᠦᠢᠪᠡᠷ ᠲᠤᠷᠱᠢᠯᠭ᠎ᠠ ᠳᠤᠲᠠᠮᠠᠭ ᠪᠠᠢᠭᠰᠠᠨ ᠪᠣᠯᠪᠠᠴᠤ᠌ ᠲᠡᠷᠡ ᠵᠣᠷᠢᠭ ᠮᠣᠬᠣᠭ᠍ᠰᠠᠨ ᠦᠭᠡᠢ᠂ ᠳᠡᠷᠭᠡᠳᠡᠬᠢ ᠲᠤᠷᠱᠢᠯᠭ᠎ᠠ᠎ᠲᠠᠶ ᠰᠠᠢ᠌ᠨ ᠲᠤᠷᠠᠴᠤᠳ ᠡᠴᠡ ᠰᠤᠷᠤᠯᠴᠠᠵᠤ᠂ ᠡᠭᠡᠴᠢᠡᠴᠡᠪᠡᠨ ᠪᠠᠰᠠ ᠠᠰᠠᠭᠤᠵᠤ ᠯᠡ ᠪᠠᠢᠪᠠ᠃
《ᠡᠨᠳᠡ ᠪᠢᠳᠡᠨ᠎ᠢ ᠬᠡᠷᠡᠭ᠌ᠰᠡᠨ᠎ᠡ᠂ ᠬᠡᠴᠢᠨᠡᠨ ᠬᠦᠴᠢᠷᠳᠠᠢ ᠬᠡᠳᠦᠶ ᠶᠠᠳᠠᠷᠠᠭ᠍ᠰᠠᠨ ᠴᠤ᠌ ᠪᠡᠨ᠎ᠡ ᠲᠡᠶ ᠭᠡᠰᠡᠨ ᠡᠭᠡᠴᠢ᠎ᠶ᠋ᠢᠨ ᠮᠢᠨᠢ ᠦᠭᠡ ᠨᠠᠮᠠᠶ᠋ᠢ ᠭᠦᠨ ᠵᠣᠷᠢᠭ᠍ᠵᠢᠭᠤᠯᠵᠠᠢ》 ᠭᠡᠵᠦ᠍ ᠰᠦᠨ ᠱᠢᠶᠤᠤ ᠨᠢᠶᠠᠨ ᠬᠡᠯᠡᠪᠡ᠃
ᠸᠠᠩ ᠮᠢᠩ ᠴᠢᠶᠠᠩ ᠪᠣᠯ ᠤᠮᠠᠷᠠᠲᠤ ᠬᠢᠯᠢ᠎ᠶ᠋ᠢᠨ ᠪᠠᠴᠢᠮ ᠪᠠᠢᠳᠠᠯ᠎ᠢ ᠠᠷᠭᠠᠴᠠᠭᠠᠬᠤ ᠠᠪᠤᠷᠠᠨ ᠲᠤᠰᠠᠯᠠᠬᠤ ᠰᠠᠢᠨ ᠲᠤᠷᠠᠴᠤᠳ ᠤ᠋ᠨ ᠦᠶ᠋ᠯᠡᠴᠢᠯᠡᠭᠡᠨ᠎ᠦ ᠠᠩᠭᠢ᠎ᠶ᠋ᠢᠨ ᠭᠡᠱᠢᠭᠦᠨ᠂ ᠮᠥᠨ ᠴᠦ᠍ ᠰᠠᠶᠢᠬᠠᠨ ᠲᠥᠷᠥᠭ᠌ᠡᠳ 80 ᠡᠳᠦᠷ ᠪᠤᠯᠵᠤ ᠪᠠᠢᠭ᠎ᠠ ᠬᠡᠦᠬᠡᠳ᠎ᠦᠨ ᠠᠪᠤ ᠪᠣᠯᠤᠨ᠎ᠠ᠃ 9 ᠰᠠᠷ᠎ᠠ᠎ᠶ᠋ᠢᠨ 29 ᠤ᠋ ᠡᠳᠦᠷ ᠵᠢᠷᠬᠢᠶ᠎ᠡ ᠡᠴᠡ ᠮᠡᠳᠡᠭ᠌ᠳᠡᠯ᠎ᠢ ᠣᠯᠵᠤ ᠦᠵᠡᠭᠡᠳ᠂ ᠲᠡᠷᠡ ᠳᠠᠷᠤᠢᠳᠤᠨᠢ ᠵᠣᠬᠢᠶᠠᠨ ᠪᠠᠢᠭᠤᠯᠤᠯᠲᠠ᠎ᠲᠠᠶ ᠪᠠᠨ ᠬᠠᠷᠢᠯᠴᠠᠵᠤ᠂ ᠬᠣᠲᠣᠩ ᠠᠷᠠᠳ᠎ᠤᠨ ᠲᠣᠭᠣᠷᠢᠭ᠎ᠤᠨ ᠡᠪᠡᠳᠴᠢᠨ ᠡᠮᠭᠡᠭ᠎ᠢ ᠰᠡᠷᠭᠡᠢᠯᠡᠨ ᠡᠵᠡᠮᠳᠡᠬᠦ᠌ ᠠᠩᠬᠠᠨ᠎ᠤ ᠪᠦᠯᠦᠭ᠎ᠤᠨ ᠡᠩᠨᠡᠭᠡ᠎ᠳᠦ ᠣᠷᠣᠯᠴᠠᠪᠠ᠃
《29 ᠤ᠋ ᠰᠥᠨᠢ᠎ᠡᠴᠡ ᠡᠬᠢᠯᠡᠭᠡᠳ ᠣᠳᠣ ᠪᠣᠯᠲᠠᠯ᠎ᠠ ᠡᠳᠦᠷ ᠪᠦᠷᠢ ᠠᠷᠪᠠᠨ ᠬᠡᠳᠦᠨ ᠴᠠᠭ ᠠᠵᠢᠯᠯᠠᠵᠤ ᠪᠠᠢᠬᠰᠠᠨ ᠴᠤ᠌ ᠬᠡᠨ ᠨᠢ ᠭᠡᠳ ᠶᠠᠳᠠᠷᠠᠵᠤ ᠵᠦᠳᠡᠷᠡᠯ᠎ᠡ ᠭᠡᠵᠦ ᠶᠠᠷᠢᠭᠰᠠᠨ ᠦᠭᠡᠢ》 ᠭᠡᠵᠦ᠍ ᠸᠠᠩ ᠮᠢᠩ ᠴᠢᠶᠠᠩ ᠬᠡᠯᠡᠪᠡ᠃
ᠸᠠᠩ ᠯᠢ ᠫᠸᠩ ᠪᠤᠯ ᠤᠮᠠᠷᠠᠲᠤ ᠬᠢᠯᠢ᠎ᠶ᠋ᠢᠨ ᠪᠠᠴᠢᠮ ᠪᠠᠢᠳᠠᠯ᠎ᠢ ᠠᠷᠭᠠᠴᠠᠭᠠᠬᠤ ᠠᠪᠤᠷᠠᠨ ᠲᠤᠰᠠᠯᠠᠬᠤ ᠰᠠᠢ᠌ᠨ ᠲᠤᠷᠠᠴᠤᠳ ᠤ᠋ᠨ ᠦᠢᠯᠡᠴᠢᠯᠡᠭᠡᠨ᠎ᠦ ᠠᠩᠬᠢ᠎ᠶ᠋ᠢᠨ ᠭᠡᠱᠢᠭᠦᠨ ᠮᠦᠨ᠂ ᠲᠡᠷᠡ᠄ 《ᠬᠡᠳᠦᠨ ᠵᠢᠯ᠎ᠦᠨ ᠡᠮᠦᠨ᠎ᠡ ᠪᠢ ᠨᠢᠭᠡ ᠤᠳᠠᠭ᠎ᠠ ᠡᠨᠳᠡᠯ ᠭᠠᠷᠴᠤ᠌᠂ ᠬᠠᠢᠷ᠎ᠠ ᠬᠠᠯᠠᠮᠵᠢ ᠬᠦᠷᠭᠡᠬᠦ᠌ ᠪᠦᠯᠬᠦᠮ᠎ᠦᠨ ᠬᠠᠪᠰᠤᠷᠤᠯᠭᠠᠲᠤᠤᠷᠠ᠂ ᠬᠦᠷᠳᠦᠲᠦ ᠰᠠᠨᠳᠠᠯᠢ᠎ᠳᠤ ᠰᠠᠭᠤᠵᠤ ᠪᠠᠢᠭᠰᠠᠨ᠎ᠡᠴᠡ ᠪᠡᠨ ᠨᠢᠭᠡᠨᠲᠡ ᠪᠣᠰᠴᠤ᠌ ᠵᠣᠭ᠍ᠰᠣᠪᠠ᠂ ᠡᠨᠡ ᠤᠳᠠᠭ᠎ᠠ ᠪᠢ ᠥᠪᠡᠷ᠎ᠦᠨ ᠬᠠᠮᠤᠭ ᠤᠨ ᠶᠡᠬᠡ ᠴᠢᠷᠮᠠᠢᠯᠭ᠎ᠠ᠎ᠪᠠᠷ᠎ᠢᠶᠠᠨ ᠨᠡᠢᠭᠡᠮ᠎ᠳᠦ ᠠᠴᠢ ᠬᠠᠷᠢᠭᠤᠯᠤᠨ᠎ᠠ》 ᠭᠡᠵᠦ ᠬᠡᠯᠡᠪᠡ᠃
2021 ᠣᠨ᠎ᠳᠤ᠂ ᠸᠠᠩ ᠯᠢ ᠫᠸᠩ ᠤᠮᠠᠷᠠᠲᠤ ᠬᠢᠯᠢ᠎ᠶ᠋ᠢᠨ ᠪᠠᠴᠢᠮ ᠪᠠᠢᠳᠠᠯ᠎ᠢ ᠠᠷᠭᠠᠴᠠᠭᠠᠬᠤ ᠠᠪᠤᠷᠠᠨ ᠲᠤᠰᠠᠯᠠᠬᠤ ᠪᠦᠯᠬᠦᠮ᠎ᠳᠦ ᠣᠷᠣᠵᠤ᠂ ᠡᠨᠡ ᠤᠳᠠᠭ᠎ᠠ ᠪᠠᠰᠠ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠰᠠᠢᠨ ᠲᠤᠷᠠᠴᠤᠳ ᠤ᠋ᠨ ᠦᠢᠯᠡᠴᠢᠯᠡᠭᠡ᠎ᠳᠦ ᠣᠷᠣᠯᠴᠠᠬᠤ᠎ᠪᠠᠷ ᠨᠡᠷ᠎ᠡ ᠮᠡᠳᠡᠭᠦᠯᠦᠭᠰᠡᠨ ᠨᠢ ᠡᠨᠡ ᠪᠠᠢᠵᠠᠢ ᠁
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠠᠨᠠᠷ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃