ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠥᠪᠥᠷ ᠮᠣᠩᠭᠣᠯ·ᠬᠠᠢᠷ᠎ᠠ ᠬᠠᠯᠠᠮᠵᠢ

2022-10-21 11:13:34

ᠵᠣᠬᠢᠶᠠᠭ᠍ᠴᠢ᠄ ᠾᠧ ᠵᠢᠶᠠ ᠴᠢ ᠂ ᠴᠢᠨ ᠷᠦᠩ ᠣᠩᠱᠢᠭ᠍ᠰᠠᠨ ᠣᠳᠠᠭ᠎ᠠ᠄ 3

《ᠪᠢ ᠪᠠᠭᠠᠲᠤᠷ ᠪᠢᠰᠢ᠂ ᠭᠡᠪᠡᠴᠦ᠍ ᠪᠢ ᠪᠣᠯ ᠨᠢᠭᠡᠨ ᠡᠪ ᠬᠠᠮᠲᠤ ᠨᠠᠮ᠎ᠤᠨ ᠭᠡᠱᠢᠭᠦᠨ ᠮᠦᠨ᠃ ᠬᠢᠵᠢᠭ᠎ᠦᠨ ᠡᠮᠦᠨ᠎ᠡ᠂ ᠪᠢ ᠭᠠᠪᠱᠢᠭᠠᠢᠯᠠᠨ ᠤᠷᠤᠬᠤ ᠬᠡᠷᠡᠭ᠌ᠲᠡᠶ》᠃

《ᠪᠢ ᠵᠥᠪᠬᠡᠨ ᠡᠭᠡᠯ ᠵᠢᠷ᠎ᠦᠨ ᠬᠥᠯᠥᠰᠥᠨ ᠠᠵᠢᠯᠴᠢᠨ ᠲᠡᠳᠦᠢ᠂ ᠶᠡᠬᠡ ᠶᠠᠪᠤᠳᠠᠯ ᠬᠢᠵᠦ ᠪᠦᠳᠦᠭᠡᠶ᠎ᠡ ᠭᠡᠵᠤ ᠪᠤᠳᠤᠵᠤ ᠥᠩᠭᠡᠷᠡᠭ᠌ᠰᠡᠨ ᠦᠭᠡᠢ᠃ ᠵᠥᠪᠬᠡᠨ ᠤᠯᠤᠰ ᠤᠷᠤᠨ᠂ ᠨᠡᠢᠭᠡᠮ᠎ᠦᠨ ᠲᠥᠯᠥᠭᠡ ᠥᠪᠡᠷ᠎ᠦᠨ ᠦᠴᠦᠬᠡᠨ ᠬᠦᠴᠦ᠍᠎ᠪᠡᠨ ᠡᠷᠭᠦᠶ᠎ᠠ ᠭᠡᠵᠤ ᠪᠤᠳᠤᠭᠰᠠᠨ ᠶᠤᠮ》᠃

《ᠮᠢᠨᠦ᠍ ᠪᠣᠳᠣᠬᠤ ᠎ᠪᠠᠷ ᠤᠯᠤᠰ ᠤᠷᠤᠨ ᠬᠦᠴᠢᠷ ᠪᠡᠷᠬᠡᠱᠢᠶᠡᠯ᠎ᠲᠡᠶ ᠦᠶ᠎ᠠ᠎ᠳᠤ᠂ ᠬᠥᠮᠦᠨ ᠨᠢᠭᠡ ᠪᠦᠷᠢ ᠴᠦᠮ ᠭᠣᠣᠯ ᠬᠦᠴᠦᠨ ᠴᠡᠷᠢᠭ ᠪᠣᠯᠤᠨ᠎ᠠ᠃ ᠴᠡᠷᠢᠭ ᠬᠥᠮᠦᠨ ᠪᠣᠯᠤᠭ᠍ᠰᠠᠨ᠎ᠤ ᠬᠤᠪᠢ᠎ᠳᠤ ᠪᠢ ᠶᠠᠭᠠᠬᠢᠭ᠍ᠰᠠᠨ ᠴᠤ᠌ ᠤᠬᠤᠷᠢᠵᠤ ᠪᠣᠯᠬᠤ ᠦᠭᠡᠢ᠂ ᠡᠪ ᠬᠠᠮᠲᠤ ᠨᠠᠮ᠎ᠤᠨ ᠭᠡᠱᠢᠭᠦᠨ ᠪᠣᠯᠤᠭ᠍ᠰᠠᠨ᠎ᠤ ᠬᠤᠪᠢ᠎ᠳᠤ ᠪᠢ ᠨᠡᠩ ᠴᠤ᠌ ᠵᠠᠢᠯᠠᠭᠤᠯᠵᠤ ᠪᠣᠯᠤᠰᠢ ᠦᠭᠡᠢ ᠬᠠᠷᠢᠭᠤᠴᠠᠯᠭ᠎ᠠ ᠲᠠᠢ 》᠃

᠁

《ᠬᠢᠵᠢᠭ》 ᠲᠠᠢ ᠲᠡᠮᠡᠴᠡᠬᠦ᠌ ᠨᠢᠭᠡᠳᠦᠭᠡᠷ ᠹᠷᠣᠨᠲ ᠲᠤ᠌ ᠭᠠᠪᠱᠢᠭᠠᠢᠯᠠᠵᠤ ᠪᠠᠢᠭ᠎ᠠ ᠠᠵᠢᠯᠳᠠᠳ ᠤ᠋ᠨ ᠬᠥᠮᠦᠰ᠎ᠦᠨ ᠰᠡᠳᠭᠢᠯ᠎ᠢ ᠳᠣᠭ᠍ᠳᠣᠯᠤᠭᠤᠯᠤᠮ᠎ᠠ᠂ ᠢᠳᠡ ᠬᠦᠴᠦᠲᠡᠢ ᠦᠭᠡ ᠶᠠᠷᠢᠶ᠎ᠠ ᠨᠢ ᠡᠭᠡᠯ ᠪᠠᠭᠠᠲᠤᠷᠴᠤᠳ᠎ᠤᠨ ᠰᠡᠳᠭᠢᠯ᠎ᠦᠨ ᠳᠠᠭᠤᠨ᠎ᠢ ᠢᠯᠡᠳᠭᠡᠨ᠎ᠠ᠃

ᠹᠠᠨ ᠷᠠᠨ᠄ ᠤᠳᠭ᠎ᠠ ᠠᠭᠤᠯᠭ᠎ᠠ᠎ᠲᠠᠶ ᠠᠵᠢᠯ ᠬᠢᠨ᠎ᠠ

《ᠪᠢ ᠪᠤᠯ ᠵᠥᠪᠬᠡᠨ ᠡᠭᠡᠯ ᠵᠢᠷ᠎ᠦᠨ ᠬᠤᠪᠢ᠎ᠶ᠋ᠢᠨ ᠡᠵᠡᠩᠨᠡᠭ᠌ᠴᠢ ᠲᠡᠳᠦᠶ ᠶᠤᠮ᠂ ᠠᠭᠤᠤ ᠶᠡᠬᠡ ᠦᠶ᠋ᠯᠡᠰ ᠪᠦᠲᠦᠭᠡᠬᠦ᠌᠎ᠶ᠋ᠢ ᠪᠤᠳᠤᠵᠤ ᠥᠩᠭᠡᠷᠡᠭ᠌ᠰᠡᠨ ᠥᠬᠡᠶ᠂ ᠵᠥᠪᠬᠡᠨ ᠤᠳᠭ᠎ᠠ ᠠᠭᠤᠯᠭ᠎ᠠ᠎ᠲᠠᠶ ᠶᠠᠪᠤᠳᠠᠯ ᠬᠢᠵᠦ᠍᠂ ᠤᠯᠤᠰ ᠪᠠ ᠨᠡᠢᠭᠡᠮ᠎ᠳᠦ ᠥᠪᠡᠷ᠎ᠦᠨ ᠵᠢᠡᠨ ᠭᠡᠰᠡᠨ ᠬᠠᠷᠢᠭᠤᠴᠠᠯᠭ᠎ᠠ᠎ᠪᠠᠨ ᠭᠦᠶ᠋ᠴᠡᠳᠭᠡᠬᠦ᠌᠎ᠶ᠋ᠢ ᠯᠡ ᠪᠤᠳᠤᠵᠤ ᠪᠠᠢᠨ᠎ᠠ》᠃1990 ᠣᠨ᠎ᠳᠤ ᠲᠦᠷᠦᠭ᠌ᠰᠡᠨ ᠹᠠᠨ ᠷᠠᠨ ᠬᠥᠬᠡᠬᠣᠲᠠ᠎ᠶ᠋ᠢᠨ 《ᠠᠨᠳᠠ》 ᠠᠪᠤᠷᠠᠨ ᠲᠤᠰᠠᠯᠠᠬᠤ ᠪᠦᠯᠬᠦᠮ᠎ᠦᠨ ᠡᠪᠯᠡᠯ᠎ᠤᠨ ᠡᠭᠦᠷ᠎ᠦᠨ ᠱᠦᠵᠢ᠎ᠶ᠋ᠢᠨ ᠲᠤᠱᠢᠶᠠᠯ᠎ᠢ ᠡᠭᠦᠷᠭᠡᠯᠡᠵᠦ᠍ ᠪᠤᠢ᠃

ᠬᠥᠬᠡᠬᠣᠲᠠ ᠎ᠳᠤ ᠬᠢᠵᠢᠭ ᠎ᠦᠨ ᠪᠠᠢᠳᠠᠯ ᠭᠡᠨᠡᠳᠳᠡ ᠡᠭᠦᠰᠦᠭᠰᠡᠨ᠎ᠤ ᠳᠠᠷᠠᠭ᠎ᠠ᠂ ᠹᠠᠨ ᠷᠠᠨ 《ᠠᠨᠳ᠋ᠠ》 ᠵᠠᠯᠠᠭᠤᠴᠤᠳ ᠤ᠋ᠨ ᠠᠪᠤᠷᠠᠨ ᠲᠤᠰᠠᠯᠠᠬᠤ ᠰᠠᠢᠨ ᠳᠤᠷ᠎ᠠ᠎ᠶ᠋ᠢᠨ ᠠᠷᠢᠭᠤᠳᠬᠠᠯ ᠤ᠋ᠨ ᠭᠠᠪᠱᠢᠭᠠᠶ ᠠᠩᠭᠢ ᠎ᠶ᠋ᠢ ᠵᠣᠬᠢᠶᠠᠨ ᠪᠠᠢᠭᠤᠯᠵᠤ᠂ ᠢᠦᠢᠴᠢᠤᠸᠠᠨ ᠲᠣᠭᠣᠷᠢᠭ᠎ᠤᠨ ᠡᠪᠯᠡᠯ᠎ᠦᠨ ᠬᠣᠷᠢᠶ᠎ᠠ ᠪᠣᠯᠤᠨ ᠵᠡᠭᠡᠯᠢ ᠭᠤᠳᠤᠮᠵᠢ᠎ᠶ᠋ᠢᠨ ᠬᠡᠷᠡᠭ ᠡᠷᠬᠢᠯᠡᠬᠦ᠌ ᠭᠠᠵᠠᠷ᠎ᠲᠠᠶ ᠵᠣᠯᠭᠠᠭᠤᠯᠵᠤ᠂ ᠠᠷᠢᠭᠤᠳᠬᠠᠬᠤ ᠠᠵᠢᠯ ᠥᠷᠨᠢᠭᠦᠯᠪᠡ᠃ ᠲᠡᠷᠡ ᠠᠷᠢᠭᠤᠳᠭᠠᠬᠤ ᠠᠵᠢᠯ᠎ᠤᠨ ᠴᠢᠬᠤᠯᠠ ᠴᠢᠨᠠᠷ᠎ᠢ ᠰᠠᠢᠨ ᠮᠡᠳᠡᠵᠤ ᠪᠠᠢᠨ᠎ᠠ᠂ ᠡᠨᠡ ᠪᠣᠯ ᠸᠢᠷᠦ᠋ᠰ᠎ᠲᠡᠶ ᠤᠷᠤᠯᠳᠤᠵᠤ ᠪᠠᠢᠭ᠎ᠠ ᠶᠠᠪᠤᠳᠠᠯ ᠮᠥᠨ᠂ ᠲᠡᠷᠡ ᠠᠩᠭᠢ᠎ᠶ᠋ᠢᠨ ᠭᠡᠱᠢᠭᠦᠳ᠎ᠲᠡᠶ᠎ᠪᠡᠨ ᠨᠢᠭᠡ ᠬᠡᠰᠡᠭ ᠭᠠᠵᠠᠷ᠎ᠢ ᠠᠷᠢᠭᠤᠳᠭᠠᠬᠤ ᠪᠦᠷᠢ ᠠᠷᠠᠳ ᠣᠯᠠᠨ᠎ᠤ ᠬᠠᠯᠳᠠᠪᠤᠷᠢᠯᠠᠬᠤ ᠨᠣᠷᠮ᠎ᠠ ᠪᠠᠭᠤᠷᠠᠵᠤ᠂ ᠠᠮᠤᠷ ᠲᠦᠪᠱᠢᠨ᠎ᠦ ᠪᠠᠲᠤᠯᠠᠭ᠎ᠠ ᠳᠡᠭᠡᠭ᠌ᠰᠢᠯᠡᠨ᠎ᠡ᠃ ᠣᠳᠣᠬᠠᠨ ᠪᠣᠯᠲᠠᠯ᠎ᠠ᠂ ᠲᠡᠷᠡ ᠨᠡᠢᠲᠡ 30 ᠭᠠᠷᠤᠶ ᠬᠡᠰᠡᠭ ᠭᠠᠵᠠᠷ᠎ᠢ ᠠᠷᠢᠭᠤᠳᠭᠠᠵᠤ᠂ 16 ᠲᠦᠮᠡ ᠭᠠᠷᠤᠶ ᠬᠥᠮᠦᠨ ᠤᠳᠠᠭ᠎ᠠ ᠳ᠋ᠤ ᠠᠱᠢᠭ ᠭᠥᠷᠳᠡᠭᠡᠵᠡᠶ᠃

ᠱᠢᠤᠢ ᠬᠠᠨ ᠶᠠᠩ ᠄ ᠪᠢᠴᠢᠬᠠᠨ ᠨᠠᠷᠠ ᠮᠡᠲᠦ ᠪᠡᠷ ᠨᠤᠲᠤᠭ ᠤᠰᠤ᠎ᠪᠠᠨ ᠳᠤᠯᠠᠭᠠᠴᠠᠭᠤᠯᠤᠨ᠎ᠠ

ᠱᠢᠤᠢ ᠬᠠᠨ ᠶᠠᠩ ᠪᠤᠯ 《95 ᠣᠨ ᠡᠴᠡ ᠰᠡᠭᠦᠯᠡᠷ ᠲᠦᠷᠦᠭ᠌ᠰᠡᠨ》 ᠵᠠᠯᠠᠭᠤ ᠪᠤᠯᠤᠨ᠎ᠠ᠂ ᠬᠢᠵᠢᠭ᠎ᠦᠨ ᠪᠠᠢᠳᠠᠯ᠎ᠤᠨ ᠡᠮᠦᠨ᠎ᠡ᠂ ᠲᠡᠷᠡ ᠰᠠᠢ᠌ᠨ ᠳᠤᠷ᠎ᠠ ᠡᠴᠡ᠎ᠪᠠᠨ ᠠᠷᠢᠭᠤᠳᠬᠠᠬᠤ ᠠᠵᠢᠯ᠎ᠢ ᠡᠭᠦᠷᠭᠡᠯᠡᠪᠡ᠂ ᠠᠩᠬᠢ᠎ᠶ᠋ᠢᠨ ᠨᠠᠢᠵᠠ᠎ᠨᠠᠷ ᠨᠢ ᠲᠡᠭᠦᠨ ᠢ᠋ ᠯᠠᠪᠳᠠᠭᠤᠨ ᠪᠣᠯᠪᠠᠰᠤᠷᠠᠩᠭᠤᠢ᠂ ᠠᠷᠢᠭᠤᠳᠬᠠᠬᠤ ᠬᠤᠷᠳᠤᠴᠠ ᠲᠦᠷᠭᠡᠨ᠂ ᠨᠠᠷᠢᠨ ᠬᠢᠨᠠᠮᠠᠭᠠᠢ ᠭᠡᠵᠦ᠍ ᠦᠨᠡᠯᠡᠨ᠎ᠠ ᠁ ᠱᠢᠤᠢ ᠬᠠᠨ ᠶᠠᠩ ᠶᠠᠭ ᠲᠡᠭᠦᠨ᠎ᠦ ᠨᠡᠷ᠎ᠡ᠎ᠲᠡᠶ ᠪᠠᠨ ᠠᠳᠠᠯᠢ ᠪᠠᠷ ᠪᠢᠴᠢᠬᠠᠨ ᠨᠠᠷᠠ ᠱᠢᠭ᠋ ᠲᠡᠭᠦᠨ᠎ᠦ ᠬᠠᠢᠷᠠᠲᠠᠢ ᠨᠤᠲᠤᠭ ᠤᠰᠤ᠎ᠪᠠᠨ ᠳᠤᠯᠠᠭᠠᠴᠠᠭᠤᠯᠵᠤ ᠪᠠᠢᠨ᠎ᠠ᠃

ᠬᠥᠬᠡᠬᠣᠲᠠ᠎ᠳ᠋ᠦ ᠲᠤᠰ ᠤᠳᠠᠭ᠎ᠠ ᠵᠢᠨ ᠬᠢᠵᠢᠭ᠎ᠦᠨ ᠪᠠᠢᠳᠠᠯ ᠭᠠᠷᠤᠭ᠍ᠰᠠᠨ ᠡᠴᠡ ᠨᠠᠭᠠᠰᠢ᠂ ᠱᠢᠤᠢ ᠬᠠᠨ ᠶᠠᠩ ᠨᠡᠢ᠌ᠳᠡ 70 ᠭᠠᠷᠤᠢ ᠭᠡᠰᠡᠭ ᠭᠠᠵᠠᠷ᠎ᠢ ᠠᠷᠢᠭᠤᠳᠬᠠᠵᠤ᠂ 21 ᠲᠦᠮᠡ ᠭᠠᠷᠤᠢ ᠬᠥᠮᠦᠨ ᠤᠳᠠᠭ᠎ᠠ ᠳ᠋ᠤ ᠠᠱᠢᠭ ᠬᠦᠷᠳᠡᠭᠡᠵᠡᠢ᠃

ᠭᠦᠸᠧ ᠵᠢᠶᠠ ᠬᠤᠸᠠᠩ ᠄ 《ᠬᠥᠬᠡᠬᠣᠲᠠ᠎ᠶ᠋ᠢᠨ ᠬᠠᠢᠷ᠎ᠠ ᠬᠠᠯᠠᠮᠵᠢ》 ᠵᠢ ᠳᠠᠮᠵᠢᠭᠤᠯᠤᠨ᠎ᠠ

10 ᠰᠠᠷ᠎ᠠ᠎ᠶ᠋ᠢᠨ ᠡᠬᠢ᠎ᠪᠡᠷ᠂ ᠶᠡᠬᠡ ᠰᠤᠷᠭᠠᠭᠤᠯᠢ ᠲᠡᠭᠦᠰᠦᠭᠡᠳ ᠤᠳᠠᠭᠠᠳᠤᠢ ᠭᠦᠢᠵᠧᠦ᠍ ᠨᠤᠲᠤᠭ ᠲᠠᠢ ᠭᠦᠸᠧ ᠵᠢᠶᠠ ᠬᠤᠸᠠᠩ᠂ ᠬᠡᠭᠦᠳᠡᠭ ᠳᠦᠭᠦᠷᠡᠩ ᠬᠦᠰᠡᠯ ᠡᠪᠦᠷᠯᠡᠨ ᠨᠤᠲᠤᠭ ᠡᠴᠡ᠎ᠪᠠᠨ ᠥᠪᠥᠷ ᠮᠣᠩᠭᠣᠯ᠎ᠳᠤ ᠬᠦᠷᠬᠦ᠌ ᠭᠠᠯᠲᠤ ᠲᠡᠷᠭᠡᠨ᠎ᠳᠦ ᠭᠠᠷᠤᠯ᠎ᠠ᠃ ᠭᠠᠯᠲᠤ ᠲᠡᠷᠭᠡᠨ ᠳᠡᠭᠡᠷ᠎ᠡ ᠪᠤᠭᠤᠳᠠᠯ ᠪᠠ ᠬᠡᠰᠡᠭ ᠴᠢᠬᠤᠯᠠ ᠭᠡᠷᠡᠴᠢ ᠦᠨᠡᠮᠯᠡᠯ ᠵᠢᠡᠨ ᠭᠡᠭᠡᠭᠰᠡᠨ ᠪᠦᠭᠡᠳ ᠵᠤᠷᠢᠭᠰᠠᠨ ᠭᠠᠵᠠᠷ ᠬᠥᠬᠡᠬᠣᠲᠠ᠎ᠳᠤ ᠭᠡᠨᠡᠳᠲᠡ ᠬᠢᠵᠢᠭ ᠡᠭᠦᠰᠴᠤ᠂ ᠠᠭᠠᠷ᠎ᠤᠨ ᠳᠤᠯᠠᠭᠠᠨ ᠴᠤ᠌ ᠲᠦᠷᠭᠡᠨ ᠳᠣᠷᠣᠭ᠍ᠰᠢᠯᠠᠨ᠎ᠠ ᠬᠡᠳᠡᠭ ᠎ᠢ ᠶᠠᠭᠠᠬᠢᠵᠤ ᠮᠡᠳᠡᠬᠦ ᠪᠢᠯᠡ᠁

ᠬᠢᠵᠢᠭ᠎ᠦᠨ ᠪᠠᠢᠳᠠᠯ᠎ᠡᠴᠡ ᠪᠣᠯᠵᠤ᠂ ᠰᠠᠶᠢᠬᠠᠨ ᠭᠠᠯᠲᠤ ᠲᠡᠷᠭᠡᠨ᠎ᠡᠴᠡ ᠪᠠᠭᠤᠭ᠍ᠰᠠᠨ ᠭᠦᠸᠧ ᠵᠢᠶᠠ ᠬᠤᠸᠠᠩ ᠵᠣᠴᠢᠳ᠎ᠤᠨ ᠪᠠᠭᠤᠳᠠᠯ᠎ᠳᠤ ᠲᠤᠰᠠᠭᠠᠷᠯᠠᠭ᠍ᠳᠠᠪᠠ᠃ ᠬᠢᠵᠢᠭ᠎ᠢ ᠰᠡᠷᠭᠡᠢᠯᠡᠬᠦ᠌ ᠠᠵᠢᠯᠲᠠᠨ ᠲᠡᠭᠦᠨ᠎ᠦ ᠪᠠᠭᠤᠳᠠᠯ ᠳ᠋ᠤ ᠬᠤᠨᠤᠬᠯᠠᠬᠤ ᠭᠠᠷᠳᠠᠮ ᠬᠦᠢᠴᠡᠳᠭᠡᠵᠤ ᠪᠠᠢᠭᠠᠳ ᠥᠷᠯᠥᠭᠡ ᠎ᠶ᠋ᠢᠨ ᠬᠣᠭᠣᠯᠠᠨ ᠎ᠤ ᠴᠠᠭ᠎ᠡᠴᠡ᠎ᠪᠠᠨ ᠬᠣᠴᠣᠷᠤᠭ᠍ᠰᠠᠨ᠎ᠢ ᠮᠡᠳᠡᠭᠡᠳ ᠲᠡᠭᠦᠨ᠎ᠳᠦ ᠰᠦ ᠪᠠ ᠰᠤᠯᠠ ᠢᠳᠡᠭᠡᠨ ᠬᠦᠷᠭᠡᠵᠡᠶ᠃ ᠲᠤᠰᠠᠭᠠᠷᠯᠠᠬᠤ ᠬᠤᠭᠤᠴᠠᠭ᠎ᠠ ᠳᠠᠭᠤᠰᠤᠭ᠍ᠰᠠᠨ᠎ᠤ ᠳᠠᠷᠠᠭ᠎ᠠ᠂ ᠡᠷᠬᠢᠨ ᠲᠣᠭᠣᠷᠢᠨ᠎ᠤ ᠰᠠᠢᠬᠠᠨ ᠰᠡᠳᠬᠢᠯ᠎ᠲᠠᠶ ᠬᠥᠮᠦᠰ ᠲᠦᠷ ᠴᠠᠭ᠎ᠤᠨ ᠠᠵᠢᠯ ᠪᠠ ᠣᠷᠣᠨ ᠰᠠᠭᠤᠴᠠ ᠡᠷᠢᠵᠦ᠍ ᠥᠭ᠌ᠪᠠ ᠁ ᠲᠡᠷᠡ ᠬᠡᠳᠦᠨ ᠡᠳᠦᠷ᠂ ᠬᠥᠬᠡᠬᠣᠲᠠ ᠵᠢᠨ ᠲᠡᠭᠷᠢ ᠬᠦᠢᠳᠡᠷᠡᠵᠤ ᠴᠠᠰᠤ ᠬᠠᠶᠠᠯᠠᠵᠤ ᠪᠠᠢᠬᠰᠡᠨ ᠴᠤ᠌ ᠡᠷᠬᠢᠨ ᠲᠣᠭᠣᠷᠢᠨ᠎ᠳᠤ ᠡᠭᠦᠰᠦᠭ᠌ᠰᠡᠨ ᠤᠴᠢᠷ ᠪᠦᠬᠦᠨ ᠨᠢ ᠡᠨᠡ ᠬᠦ᠌ ᠬᠠᠷᠢ ᠨᠤᠲᠤᠭ᠎ᠤᠨ ᠬᠥᠮᠦᠨ᠎ᠳᠦ ᠬᠦᠬᠡᠬᠣᠲᠠ᠎ᠶ᠋ᠢᠨ ᠬᠠᠯᠠᠭᠤᠨ ᠲᠤᠯᠠᠭᠠᠨ ᠢ᠋ ᠮᠡᠳᠡᠷᠡᠭᠦᠯᠦᠭ᠌ᠰᠡᠨ ᠪᠠᠢᠨ᠎ᠠ᠃ 《ᠡᠨᠡ ᠬᠦ᠌ ᠤᠳᠠᠭ᠎ᠠ ᠵᠢᠨ ᠤᠴᠠᠷᠠᠯ ᠨᠢ ᠨᠠᠳᠠ ᠳ᠋ᠤ᠌ 〈ᠬᠥᠬᠡᠬᠣᠲᠠ᠎ᠶ᠋ᠢᠨ ᠬᠠᠢᠷ᠎ᠠ ᠬᠠᠯᠠᠮᠵᠢ〉 ᠵᠢ ᠮᠡᠳᠡᠷᠡᠬᠦᠯᠵᠠᠢ》 ᠭᠡᠵᠦ᠍ ᠲᠡᠷᠡ ᠢᠨᠢᠶᠡᠮᠰᠦᠭ᠌ᠯᠡᠨ ᠬᠡᠯᠡᠪᠡ᠃

ᠲᠡᠭᠡᠬᠦ᠎ᠳᠦ᠂ ᠡᠨᠡ ᠬᠦ᠌ ᠭᠦᠢᠵᠧᠦ᠍᠎ᠨᠤᠳᠤᠭ ᠲᠠᠢ ᠵᠠᠯᠠᠭᠤ᠎ᠶ᠋ᠢᠨ ᠠᠵᠢᠯᠯᠠᠭ᠎ᠠ ᠨᠢ ᠴᠤ᠌ ᠤᠳᠤᠬᠠᠨ ᠤ᠋ ᠮᠦᠴᠠ ᠵᠢᠨ ᠬᠥᠬᠡᠬᠣᠲᠠ᠎ᠵᠢ ᠳᠤᠯᠠᠭᠠᠴᠠᠭᠤᠯᠤᠬᠰᠡᠨ ᠪᠠᠢᠨ᠎ᠠ ᠁

ᠨᠡᠢᠭᠡᠮ ᠲᠣᠭᠣᠷᠢᠭ᠂ ᠳᠣᠲᠣᠭᠠᠳᠤ᠎ᠶ᠋ᠢ ᠬᠠᠮᠠᠭᠠᠯᠠᠬᠤ ᠠᠷᠠᠳ᠎ᠤᠨ ᠴᠠᠭ᠍ᠳᠠᠭ᠎ᠠ ᠨᠠᠷ ᠲᠠᠢ ᠬᠠᠷᠢᠯᠴᠠᠬᠤ᠎ᠪᠠᠷ ᠳᠠᠮᠵᠢᠨ᠂ ᠭᠦᠸᠧ ᠵᠢᠶᠠ ᠬᠤᠸᠠᠩ ᠪᠠᠭᠤᠳᠠᠯ᠎ᠤᠨ ᠬᠢᠵᠢᠭ᠎ᠢ ᠰᠡᠷᠭᠡᠢᠯᠡᠬᠦ᠌ ᠰᠠᠢᠨ ᠲᠤᠷᠠᠴᠤᠤᠯ ᠪᠣᠯᠪᠠ᠃ ᠲᠡᠷᠡ ᠪᠦᠬᠦ᠌ ᠰᠡᠳᠭᠢᠯ ᠪᠦᠬᠦ᠌ ᠵᠣᠷᠢᠭ᠎ᠢᠶᠠᠷ᠎ᠢᠶᠠᠨ ᠬᠢᠵᠢᠭ᠎ᠢ ᠰᠡᠷᠭᠡᠢᠯᠡᠨ ᠬᠢᠵᠢᠭ᠎ᠲᠡᠶ ᠲᠡᠮᠡᠴᠡᠬᠦ᠌ ᠠᠵᠢᠯ᠎ᠳᠤ ᠣᠷᠣᠯᠴᠠᠵᠤ᠂《ᠬᠥᠬᠡᠬᠣᠲᠠ᠎ᠶ᠋ᠢᠨ ᠬᠠᠢᠷ᠎ᠠ ᠬᠠᠯᠠᠮᠵᠢ》 ᠵᠢ ᠳᠠᠮᠵᠢᠭᠤᠯᠵᠠᠢ᠃

ᠰᠠᠢ᠌ᠨ ᠳᠤᠷᠠᠴᠤᠤᠯ ᠤ᠋ᠨ ᠠᠵᠢᠯ ᠶᠠᠳᠠᠷᠠᠯ ᠵᠦᠳᠡᠷᠡᠯ᠎ᠲᠡᠶ ᠪᠠᠢᠬᠤ ᠡᠰᠡᠬᠦ᠌᠎ᠶ᠋ᠢ ᠠᠰᠠᠭᠤᠬᠤ᠎ᠳᠤ᠂ ᠭᠦᠸᠧ ᠵᠢᠶᠠ ᠬᠤᠸᠠᠩ᠄ 《ᠡᠨᠡ ᠠᠵᠢᠯ ᠶᠠᠳᠠᠷᠠᠯ ᠵᠦᠳᠡᠷᠡᠯ ᠲᠠᠢ᠂ ᠭᠡᠪᠡᠴᠦ᠍ ᠬᠢᠵᠢᠭ᠎ᠢ ᠰᠡᠷᠭᠡᠢᠯᠡᠨ ᠬᠢᠵᠢᠭ᠎ᠲᠡᠶ ᠲᠡᠮᠡᠴᠡᠬᠦ᠌ ᠠᠵᠢᠯ᠎ᠳᠤ ᠣᠷᠣᠯᠴᠠᠵᠤ᠂ ᠥᠪᠡᠷ᠎ᠦᠨ ᠦᠴᠦᠭᠡᠨ ᠭᠡᠰᠡᠨ ᠬᠤᠪᠢ ᠨᠠᠮᠠᠷᠢ ᠪᠡᠨ ᠦᠵᠡᠬᠦᠯᠵᠤ ᠳᠡᠢᠯᠬᠦ᠌ ᠪᠣᠯᠤᠭ᠍ᠰᠠᠨ᠎ᠳᠠᠭᠠᠨ ᠪᠢ ᠮᠠᠰᠢ ᠰᠡᠳᠭᠢᠯ ᠬᠠᠨᠤᠮᠵᠢᠲᠠᠢ᠂ ᠮᠠᠰᠢ ᠣᠮᠣᠭ᠍ᠰᠢᠵᠤ ᠪᠠᠢᠨ᠎ᠠ》 ᠭᠡᠵᠤ ᠬᠡᠯᠡᠯ᠎ᠠ᠃

ᠯᠦ᠍ ᠸᠸᠨ᠄ ᠴᠡᠷᠢᠭ᠎ᠤᠨ ᠠᠯᠪᠠᠨ᠎ᠡᠴᠡ ᠬᠠᠯᠠᠭ᠍ᠳᠠᠬᠰᠡᠨ ᠴᠤ᠌ ᠡᠬᠦᠷᠭᠡᠯᠡᠯ ᠬᠠᠷᠢᠭᠤᠴᠠᠯᠭ᠎ᠠ ᠪᠡᠨ ᠪᠠᠳᠤ ᠴᠡᠭᠡᠵᠢᠯᠠᠨ᠎ᠠ

ᠯᠦ᠍ ᠸᠸᠨ ᠪᠤᠯ ᠴᠡᠷᠢᠭ᠎ᠤᠨ ᠠᠯᠪᠠᠨ᠎ᠡᠴᠡ ᠬᠠᠯᠠᠭ᠍ᠳᠠᠭ᠍ᠰᠠᠳ᠂ ᠡᠪ ᠬᠠᠮᠲᠤ ᠨᠠᠮ᠎ᠤᠨ ᠭᠡᠱᠢᠭᠦᠨ ᠮᠦᠨ᠃ ᠡᠨᠡ ᠵᠢᠯ 53 ᠨᠠᠰᠤᠲᠠᠢ ᠲᠡᠷᠡᠪᠡᠷ ᠬᠥᠬᠡᠬᠣᠲᠠ᠎ᠶ᠋ᠢᠨ ᠭᠡᠨᠡᠳᠲᠡ᠎ᠶ᠋ᠢᠨ ᠬᠢᠵᠢᠭ᠎ᠦᠨ ᠪᠠᠢᠳᠠᠯ᠎ᠤᠨ ᠡᠮᠦᠨ᠎ᠡ᠂ ᠲᠡᠷᠡ ᠳᠠᠷᠤᠢ᠎ᠳᠤᠨᠢ ᠨᠡᠢᠭᠡᠮ ᠲᠣᠭᠣᠷᠢᠭ᠎ᠲᠤ ᠨᠡᠷ᠎ᠡ ᠮᠡᠳᠡᠭᠦᠯᠵᠦ᠍᠂ ᠵᠢᠨ ᠢᠦᠢ ᠸᠸᠨ ᠶᠤᠸᠠᠨ ᠨᠡᠢᠭᠡᠮ ᠲᠣᠭᠣᠷᠢᠭ᠎ᠤᠨ ᠴᠡᠭ ᠪᠠᠢᠷᠢ ᠵᠢᠨ ᠳᠠᠷᠤᠭ᠎ᠠ᠎ᠶ᠋ᠢᠨ ᠲᠤᠱᠢᠶᠠᠯ᠎ᠢ ᠡᠭᠦᠷᠭᠡᠯᠡᠪᠡ᠃ ᠨᠡᠢᠭᠡᠮ ᠲᠣᠭᠣᠷᠢᠭ ᠪᠣᠯ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠬᠣᠷᠢᠭ᠍ᠯᠠᠯᠲᠠ᠎ᠶ᠋ᠢᠨ ᠳᠠᠢᠯᠠᠯᠳᠤᠭᠠᠨ᠎ᠤ ᠴᠢᠬᠤᠯᠠ ᠭᠣᠭ᠍ᠴᠣᠭ᠎ᠠ ᠮᠥᠨ᠂ ᠴᠡᠷᠢᠭ᠎ᠦᠨ ᠠᠯᠪᠠ᠎ᠡᠴᠡ ᠬᠠᠯᠠᠭ᠍ᠳᠠᠭ᠍ᠰᠠᠳ ᠪᠤᠯᠤᠬᠰᠡᠨ ᠤ᠋ ᠬᠤᠪᠢ ᠳ᠋ᠤ᠂ ᠴᠡᠷᠢᠭ᠎ᠦᠨ ᠬᠥᠮᠦᠨ᠎ᠦ ᠡᠭᠦᠷᠭᠡ ᠬᠠᠷᠢᠭᠤᠴᠠᠯᠭ᠎ᠠ ᠠᠮᠢ ᠨᠠᠰᠤᠨ᠎ᠳᠤᠨᠢ ᠬᠠᠳᠠᠩᠱᠢᠵᠤ᠂ ᠴᠢᠰᠤᠨ᠎ᠳᠤᠨᠢ ᠠᠭᠤᠰᠴᠤ᠌ ᠪᠠᠢᠳᠠᠭ ᠢ᠋ ᠲᠡᠷᠡ ᠬᠦᠨᠵᠡᠭᠡᠢ ᠤᠢᠯᠠᠭᠠᠳᠠᠭ ᠤᠴᠢᠷ ᠡᠴᠡ ᠡᠷᠡᠭᠡᠯᠵᠡᠯ ᠦᠭᠡᠢ ᠲᠡᠮᠡᠴᠡᠪᠠ᠃

ᠡᠯ᠎ᠠ ᠲᠠᠯ᠎ᠠ ᠎ᠶ᠋ᠢᠨ ᠬᠥᠮᠦᠰ ᠎ᠢ ᠢᠳᠡᠪᠬᠢᠲᠡᠢ ᠵᠣᠬᠢᠴᠠᠭᠤᠯᠵᠤ ᠪᠥᠭᠡᠮ ᠬᠦᠴᠢᠯ᠎ᠦᠨ ᠪᠠᠢᠴᠠᠭᠠᠯᠲᠠ ᠬᠢᠯᠭᠡᠵᠦ᠍᠂ ᠡᠳ᠋ ᠪᠣᠳᠠᠰ ᠵᠥᠭᠡᠭᠡᠪᠦᠷᠢᠯᠡᠬᠦ᠌᠎ᠶ᠋ᠢ ᠬᠠᠮᠢᠶᠠᠷᠴᠤ᠌᠂ ᠤᠲᠠᠰᠤ᠎ᠪᠠᠷ ᠰᠠᠭᠤᠭᠠᠯᠢ ᠠᠷᠠᠳ᠎ᠤᠨ ᠰᠡᠳᠬᠢᠯ᠎ᠢ ᠠᠮᠤᠷᠵᠢᠭᠤᠯᠤᠨ᠎ᠠ ᠁ ᠯᠦ᠍ ᠸᠸᠨ ᠭᠠᠷ ᠤᠲᠠᠰᠤ᠎ᠪᠡᠨ ᠪᠠᠷᠤᠭ ᠭᠠᠷ ᠡᠴᠡ ᠪᠡᠨ ᠰᠠᠯᠭᠠᠳᠠᠭ ᠦᠭᠡᠢ ᠪᠠᠢᠵᠤ᠂ ᠠᠵᠢᠯ᠎ᠢᠶᠠᠨ ᠰᠠᠭᠠᠲᠠᠭᠠᠬᠤ᠎ᠡᠴᠡ ᠬᠢᠴᠢᠶᠡᠵᠦ᠂ ᠶᠠᠭᠠᠷᠠᠵᠤ ᠡᠬᠢᠯᠡᠪᠡᠯ ᠦᠷᠭᠦᠯᠵᠢ ᠭᠡᠷ᠎ᠦᠨ ᠬᠥᠮᠦᠰ᠎ᠦᠨ᠎ᠢᠶᠡᠨ ᠤᠲᠠᠰᠤ᠎ᠶ᠋ᠢ ᠲᠤᠰᠴᠤ᠌ ᠳᠡᠢᠯᠬᠦ᠌ ᠦᠭᠡᠢ ᠪᠣᠯᠳᠠᠭ᠃ ᠭᠡᠷ᠎ᠦᠨ ᠬᠥᠮᠦᠰ ᠨᠢ ᠲᠡᠭᠦᠨ᠎ᠦ ᠱᠢᠬᠢᠷ ᠱᠢᠵᠢᠩ ᠡᠪᠡᠳᠴᠢᠨ ᠪᠠ ᠬᠥᠯ᠎ᠦᠨ ᠬᠢᠨᠢ ᠡᠪᠡᠳᠴᠢᠨ᠎ᠤ᠋ ᠪᠠᠢᠳᠠᠯ ᠳ᠋ᠤ ᠰᠠᠨᠠᠭ᠎ᠠ ᠵᠣᠪᠠᠵᠤ᠂ ᠥᠬᠢᠨ ᠨᠢ ᠠᠪᠤ ᠪᠠᠨ ᠥᠷᠥ᠍ ᠡᠪᠡᠳᠴᠦ᠍᠂ ᠲᠡᠭᠦᠨ᠎ᠢ᠋ ᠤᠷᠤᠯᠠᠨ ᠨᠡᠢᠭᠡᠮ ᠲᠣᠭᠣᠷᠢᠭ᠎ᠲᠤ ᠢᠷᠡᠵᠦ᠍ ᠠᠵᠢᠯᠯᠠᠬᠤ ᠬᠡᠪᠡ᠃ ᠢᠩᠭᠢᠭᠡᠳ ᠡᠴᠢᠭᠡ ᠥᠬᠢᠨ ᠬᠣᠶᠠᠭᠤᠯᠠ ᠮᠥᠷᠥ᠍ ᠵᠡᠷᠭᠡᠴᠡᠨ ᠬᠢᠵᠢᠭ᠎ᠲᠡᠶ ᠲᠡᠮᠡᠴᠡᠬᠦ᠌ ᠡᠮᠦᠨ᠎ᠡ ᠹᠷᠣᠨᠲ᠎ᠲᠤ ᠲᠡᠮᠡᠴᠡᠯ᠎ᠡ᠃

ᠮᠠᠷᠭᠠᠰᠢ ᠬᠠᠮᠢᠭ᠎ᠠ ᠤᠨᠲᠠᠬᠤ ᠪᠣᠶ? ᠡᠨᠡ ᠪᠣᠯ ᠪᠢᠳᠠᠨ ᠤ᠋ ᠡᠳᠦᠷ ᠪᠦᠷᠢ ᠪᠣᠳᠣᠯᠬᠢᠯᠠᠵᠤ ᠪᠠᠢᠭ᠎ᠠ ᠠᠰᠠᠭᠤᠳᠠᠯ ᠮᠠᠭᠠᠳ ᠭᠡᠵᠦ᠍ ᠯᠦ᠍ ᠸᠧᠨ ᠬᠡᠯᠡᠪᠡ᠃ ᠬᠡᠳᠦᠢᠪᠡᠷ ᠡᠢᠮᠦ᠍ ᠪᠠᠢᠭ᠍ᠰᠠᠨ ᠴᠤ᠌᠂ ᠨᠡᠢᠭᠡᠮ ᠲᠣᠭᠣᠷᠢᠭ᠎ᠤᠨ ᠬᠢᠵᠢᠭ᠎ᠢ ᠰᠡᠷᠭᠡᠢᠯᠡᠨ ᠬᠢᠵᠢᠭ᠎ᠲᠡᠶ ᠲᠡᠮᠡᠴᠡᠬᠦ᠌ ᠠᠵᠢᠯᠲᠠᠳ ᠮᠥᠨ ᠬᠦ᠌ ᠡᠳᠦᠷ ᠪᠦᠷᠢ᠎ᠶ᠋ᠢᠨ ᠨᠠᠷᠠ ᠭᠠᠷᠬᠤ᠎ᠡᠴᠡ ᠡᠮᠦᠨ᠎ᠡ ᠠᠯᠢᠪᠠ ᠪᠦᠬᠦᠨ ᠵᠢᠡᠨ ᠰᠠᠢᠲᠤᠷ ᠲᠣᠬᠢᠷᠠᠭᠤᠯᠵᠤ᠂ ᠱᠢᠨ᠎ᠡ ᠨᠢᠭᠡᠨ ᠡᠳᠦᠷ᠎ᠦᠨ ᠥᠷᠢᠰᠥᠯᠳᠦᠭᠡᠨ᠎ᠢ ᠤᠭ᠍ᠲᠤᠨ᠎ᠠ ᠁

ᠲᠠᠪᠤᠨ ᠣᠳᠣᠲᠤ ᠤᠯᠠᠭᠠᠨ ᠲᠤᠭ ᠬᠢᠵᠢᠭ᠎ᠲᠡᠶ ᠲᠡᠮᠡᠴᠡᠬᠦ᠌ ᠡᠮᠦᠨ᠎ᠡ ᠹᠷᠣᠨᠲ᠎ᠲᠤ ᠨᠠᠮᠢᠷᠠᠵᠤ᠂ 《ᠡᠨᠡ ᠪᠣᠯ ᠮᠠᠨ᠎ᠤ ᠭᠡᠷ ᠤᠷᠤᠨ ᠮᠥᠨ᠂ ᠪᠢᠳᠡ ᠪᠦᠬᠦ᠌ ᠬᠦᠴᠦᠨ᠎ᠢᠶᠡᠷ᠎ᠢᠶᠡᠨ ᠰᠠᠬᠢᠨ ᠬᠠᠮᠠᠭᠠᠯᠠᠬᠤ ᠬᠡᠷᠡᠭ᠌ᠲᠡᠶ》 ᠭᠡᠳᠡᠭ ᠢ᠋ ᠴᠠᠭ ᠢᠮᠠᠬᠳᠠ ᠪᠢᠳᠠᠨ ᠳ᠋ᠤ ᠰᠠᠨᠠᠭᠤᠯᠵᠤ ᠪᠠᠢᠨ᠎ᠠ; ᠨᠠᠮ᠎ᠤᠨ ᠲᠤᠭ ᠵᠢᠡᠨ ᠥᠨᠳᠥᠷ ᠮᠠᠨᠳᠤᠭᠤᠯᠵᠤ᠂ 《ᠡᠪ ᠬᠠᠮᠲᠤ ᠨᠠᠮ᠎ᠤᠨ ᠭᠡᠱᠢᠭᠦᠨ ᠨᠢᠭᠡ ᠪᠦᠷᠢ ᠡᠭᠦᠷᠭᠡ ᠬᠠᠷᠢᠭᠤᠴᠠᠯᠭ᠎ᠠ᠎ᠪᠠᠨ ᠦᠯᠦ᠍ ᠮᠠᠷᠲᠠᠵᠤ᠂ ᠨᠠᠮ᠎ᠤᠨ ᠰᠦᠯᠳᠡ᠎ᠶ᠋ᠢ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠬᠣᠷᠢᠭ᠍ᠯᠠᠯᠲᠠ᠎ᠶ᠋ᠢᠨ ᠳᠠᠢᠯᠠᠯᠳᠤᠭᠠᠨ᠎ᠳᠤ ᠭᠢᠯᠠᠯᠵᠠᠭᠤᠯᠬᠤ ᠬᠡᠷᠡᠭ᠌ᠲᠡᠢ》 ᠭᠡᠵᠦ᠍ ᠴᠠᠭ ᠢᠮᠠᠭ᠍ᠲᠠ ᠪᠢᠳᠠᠨ ᠳ᠋ᠤ ᠰᠠᠨᠠᠭᠤᠯᠵᠤ ᠪᠠᠢᠨ᠎ᠠ᠃

ᠲᠠ ᠨᠠᠷ ᠪᠠᠢᠭ᠎ᠠ ᠤᠴᠢᠷ ᠡᠴᠡ᠂ ᠬᠡᠴᠢᠨᠡᠨ ᠬᠦᠴᠢᠷ ᠪᠡᠷᠬᠡᠱᠢᠶᠡᠯ ᠲᠤᠯᠭᠠᠷᠠᠭ᠍ᠰᠠᠨ ᠴᠤ᠌᠂ ᠭᠡᠭᠡᠨ ᠰᠠᠷᠠᠭᠤᠯ ᠢᠷᠡᠭᠡᠳᠤᠢ ᠯᠠᠪᠳᠠᠢ ᠬᠦᠷᠴᠤ ᠢᠷᠠᠨ᠎ᠠ᠂ ᠠᠮᠢᠳᠤᠷᠠᠯ ᠯᠠᠪᠳᠠᠢ ᠠᠮᠤᠷ ᠠᠮᠤᠭᠤᠯᠠᠩ ᠪᠤᠯᠤᠨ᠎ᠠ ᠭᠡᠳᠡᠭ ᠲᠤ᠌ ᠪᠢᠳᠡ ᠪᠠᠳᠦ ᠢᠳᠡᠭᠡᠯ ᠲᠠᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠠᠨᠠᠷ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面