2021-10-26 13:08:45
— ᠮᠠᠨᠠᠢᠬᠢ ᠬᠤᠶᠠᠷ ᠮᠢᠩᠭᠠᠨ ᠲᠦᠭᠦᠷᠢᠭ ᠬᠠᠨᠳᠢᠪᠯᠠᠶ᠎ᠠ᠃
— ᠮᠠᠨᠠᠢᠬᠢ ᠭᠤᠴᠢᠨ ᠬᠤᠨᠢ ᠬᠠᠨᠳᠢᠪᠯᠠᠶ᠎ᠠ᠃
— ᠪᠢᠳᠠ ᠨᠢᠭᠡ ᠲᠡᠮᠡᠭᠡ᠂ ᠨᠢᠭᠡ ᠦᠬᠡᠷ ᠬᠠᠨᠳᠢᠪᠯᠠᠶ᠎ᠠ᠃
᠁
ᠡᠨᠡ ᠪᠤᠯ ᠡᠵᠡᠨ᠎ᠠ ᠬᠤᠱᠢᠭᠤᠨ᠎ᠤ ᠦᠩᠳᠤᠭᠤᠤᠯ ᠰᠤᠮᠤᠨ᠎ᠤ ᠮᠠᠯᠴᠢᠳ᠎ᠤᠨ ᠡᠵᠡᠨ᠎ᠠ ᠬᠤᠱᠢᠭᠤᠨ᠎ᠤ ᠬᠢᠵᠢᠭ᠎ᠲᠠᠢ ᠲᠡᠮᠡᠴᠡᠵᠦ᠍ ᠪᠠᠢᠭ᠎ᠠ ᠠᠵᠢᠯᠳᠠᠳ᠎ᠲᠤ ᠬᠦᠷᠬᠡᠬᠦ᠌ ᠬᠠᠨᠳᠢᠪ᠎ᠤᠨ ᠠᠵᠢᠯᠯᠠᠭ᠎ᠠ ᠪᠤᠯᠤᠨ᠎ᠠ᠃
《ᠨᠢᠭᠡ᠎ᠨᠢ ᠬᠦᠴᠢᠷᠳᠡᠪᠡᠯ ᠨᠡᠢᠲᠡ᠎ᠪᠠᠷ ᠲᠤᠰᠠᠯᠠᠨ᠎ᠠ》ᠭᠡᠳᠡᠭ ᠡᠨᠡ ᠯᠡ ᠳ᠋ᠠ᠃ ᠭᠡᠨᠡᠳᠳᠡ ᠳᠠᠭᠠᠷᠢᠭ᠍ᠰᠠᠨ ᠬᠢᠵᠢᠭ᠎ᠲᠤ ᠦᠩᠳᠤᠭᠤᠤᠯ ᠰᠤᠮᠤᠨ᠎ᠤ ᠮᠠᠯᠴᠢᠨ ᠲᠦᠮᠡᠨ᠎ᠠᠴᠠ ᠡᠮᠦᠨ᠎ᠠ ᠹᠷᠤᠨᠲ᠎ᠲᠤ ᠠᠵᠢᠯᠯᠠᠵᠦ᠍ ᠪᠠᠢᠭ᠎ᠠ ᠬᠦᠮᠦᠰ᠎ᠲᠤ ᠡᠢᠨ ᠬᠦ᠌ ᠰᠡᠳᠭᠢᠯ᠎ᠤᠨ ᠳᠡᠮ ᠬᠠᠢᠷᠠᠯᠠᠵᠠᠢ᠃
ᠦᠩᠳᠤᠭᠤᠤᠯ ᠰᠤᠮᠤ᠎ᠨᠢ ᠭᠡᠷᠡᠯᠲᠤ ᠭᠠᠴᠠᠭ᠎ᠠ᠂ ᠪᠠᠶᠠᠠᠭᠤᠤᠯ ᠭᠠᠴᠠᠭ᠎ᠠ ᠬᠡᠬᠦ᠌ ᠬᠤᠶᠠᠷ ᠭᠠᠴᠠᠭ᠎ᠠ᠎ᠲᠠᠢ ᠪᠠᠢᠵᠦ᠍᠂ ᠨᠡᠢᠲᠡ 176 ᠡᠷᠦᠬᠡ᠂ 366 ᠬᠦᠮᠦᠨ ᠠᠮᠠ᠎ᠲᠠᠢ ᠰᠤᠮᠤ ᠪᠤᠯᠤᠨ᠎ᠠ᠃ ᠲᠤᠰ ᠤᠳᠠᠭ᠎ᠠ ᠨᠡᠢᠲᠡ 63900 ᠲᠦᠭᠦᠷᠢᠭ᠂ 3 ᠲᠡᠮᠡᠬᠡ᠂ 1 ᠦᠬᠡᠷ᠂ 45 ᠬᠤᠨᠢ ᠢᠮᠠᠭ᠎ᠠ ᠬᠠᠨᠳᠢᠪᠯᠠᠵᠠᠢ᠃
ᠠᠭᠤᠳᠠᠮ ᠪᠤᠯ ᠦᠩᠳᠤᠭᠤᠤᠯ ᠰᠤᠮᠤᠨ᠎ᠤ ᠪᠠᠶᠠᠠᠭᠤᠤᠯ ᠭᠠᠴᠠᠭᠠᠨ᠎ᠤ ᠮᠠᠯᠴᠢᠨ ᠪᠤᠯᠤᠨ᠎ᠠ᠃ ᠳᠡᠬᠦᠦ᠍ᠨᠢ ᠠᠵᠢᠯ᠎ᠲᠠᠢ ᠪᠤᠯᠬᠤᠷ ᠲᠡᠷᠡ ᠬᠦᠳᠡᠭᠡ᠎ᠪᠠᠨ ᠬᠠᠷᠢᠵᠦ᠍ ᠠᠪᠤ ᠡᠵᠢ᠎ᠳᠤ᠎ᠪᠠᠨ ᠲᠦᠱᠢᠭ ᠪᠤᠯᠵᠦ᠍ ᠮᠠᠯᠴᠢᠨ ᠪᠤᠯᠤᠭ᠍ᠰᠠᠨ ᠵᠠᠯᠠᠭᠤᠴᠤᠳ᠎ᠤᠨ ᠨᠢᠭᠡ ᠪᠤᠯᠤᠨ᠎ᠠ᠃ ᠠᠭᠤᠳᠠᠮ᠎ᠤᠨ᠎ᠬᠢ ᠭᠡᠷ ᠪᠦᠯᠢ᠎ᠪᠠᠷ᠎ᠢᠶᠠᠨ ᠬᠡᠯᠡᠯᠴᠡᠵᠦ᠍ ᠵᠦᠪᠳᠡᠭᠡᠳ ᠬᠠᠮᠤᠭ᠎ᠤᠨ ᠲᠦᠷᠦᠬᠦᠨ᠎ᠳᠤ ᠭᠤᠴᠢᠨ ᠮᠠᠯ ᠬᠠᠨᠳᠢᠪᠯᠠᠬᠤ ᠲᠤᠬᠠᠢ ᠰᠤᠮᠤᠨ᠎ᠤ ᠳᠠᠷᠤᠭ᠎ᠠ᠎ᠳᠤ᠎ᠪᠠᠨ ᠬᠡᠯᠡᠭ᠌ᠰᠡᠨ ᠶᠤᠮ᠃
— ᠮᠠᠨ᠎ᠤ ᠬᠤᠱᠢᠭᠤᠨ᠎ᠳᠤ ᠬᠢᠵᠢᠭ ᠳᠡᠯᠭᠡᠷᠡᠭᠡᠳ ᠤᠯᠠᠨ ᠬᠦᠮᠦᠨ ᠡᠳᠦᠷ ᠰᠦᠨᠢ ᠦᠬᠡᠢ ᠠᠵᠢᠯᠯᠠᠵᠦ᠍ ᠪᠠᠢᠨ᠎ᠠ᠃ ᠲᠡᠳᠡᠨ᠎ᠢ ᠬᠠᠷᠠᠭᠠᠳ ᠰᠡᠳᠭᠢᠯ ᠡᠪᠡᠳᠴᠤ᠌ ᠬᠦᠬᠡᠷᠦᠬᠦᠢᠯᠡᠯᠳᠡᠢ ᠰᠠᠨᠠᠭ᠍ᠳᠠᠭ᠍ᠰᠠᠨ᠃ ᠲᠡᠭᠡᠭᠡᠳ ᠭᠡᠷ ᠪᠦᠯᠢ᠎ᠪᠠᠷ᠎ᠢᠶᠠᠨ ᠬᠡᠯᠡᠯᠴᠡᠵᠦ᠍ ᠵᠦᠪᠳᠡᠭᠡᠳ ᠭᠤᠴᠢᠨ ᠮᠠᠯ ᠬᠠᠨᠳᠢᠪᠯᠠᠬᠤ᠎ᠪᠠᠷ ᠪᠤᠯᠤᠭ᠍ᠰᠠᠨ᠃ ᠮᠠᠯᠴᠢᠨ ᠬᠦᠮᠦᠨ ᠴᠢᠨᠢ ᠦᠭᠡᠷ᠎ᠡ ᠵᠦᠢᠯ᠎ᠢᠶᠠᠷ ᠳᠡᠮᠵᠢᠯᠭᠡ ᠦᠵᠡᠬᠦᠯᠵᠦ᠍ ᠴᠢᠳᠠᠬᠤ ᠦᠬᠡᠢ ᠪᠤᠯᠬᠤᠷ ᠬᠤᠨᠢ ᠮᠠᠯᠢᠶᠠᠷᠢᠶᠠᠨ ᠳᠡᠮᠵᠢᠵᠦ ᠪᠠᠢᠨ᠎ᠠ ᠭᠡᠵᠦ᠍ ᠠᠭᠤᠳᠠᠮ ᠶᠠᠷᠢᠵᠦ᠍ ᠪᠠᠢᠯ᠎ᠠ᠃
ᠬᠤᠤᠰᠪᠠᠶᠠᠷ ᠪᠤᠯ ᠭᠡᠷᠡᠯᠲᠤ ᠭᠠᠴᠠᠭᠠᠨ᠎ᠤ ᠮᠠᠯᠴᠢᠨ ᠪᠤᠯᠤᠨ᠎ᠠ᠃ ᠲᠡᠳᠡᠨ᠎ᠤ᠎ᠬᠢ ᠭᠤᠤᠯᠳᠠᠭᠤ ᠬᠤᠨᠢ ᠢᠮᠠᠭ᠎ᠠ ᠬᠠᠷᠢᠭᠤᠯᠵᠦ᠍ ᠪᠠᠢᠭ᠎ᠠ ᠪᠦᠭᠡᠳ ᠭᠤᠷᠪᠠᠨ ᠲᠡᠮᠡᠭᠡ᠎ᠲᠠᠢ ᠠᠢᠯ ᠠᠵᠢ᠃ ᠬᠢᠵᠢᠭ᠎ᠤᠨ ᠡᠮᠦᠨ᠎ᠠ ᠲᠡᠳᠡᠨ᠎ᠤ᠎ᠬᠢ ᠭᠤᠷᠪᠠᠨ ᠲᠡᠮᠡᠭᠡ ᠵᠢᠨ ᠵᠢᠡᠨ ᠨᠢᠭᠡ ᠵᠢ᠎ᠨᠢ ᠬᠠᠨᠳᠢᠪᠯᠠᠵᠦ᠍᠂ ᠪᠠᠰᠠ ᠨᠢᠭᠡ ᠦᠬᠡᠷ ᠬᠠᠨᠳᠢᠪᠯᠡᠵᠡᠢ᠃
— ᠮᠠᠨ᠎ᠤ ᠬᠤᠱᠢᠭᠤᠨ᠎ᠳᠤ ᠭᠡᠨᠡᠳᠳᠡ ᠬᠢᠵᠢᠭ ᠭᠠᠷᠤᠭᠠᠳ ᠦᠭᠡᠷ᠎ᠡ ᠠᠢᠮᠠᠭ ᠬᠤᠱᠢᠭᠤᠨ᠎ᠤ ᠡᠮᠴᠢ ᠰᠤᠪᠢᠯᠠᠭ᠍ᠴᠢ᠂ ᠴᠠᠭ᠍ᠳᠠᠭ᠎ᠠ ᠠᠵᠢᠯᠳᠠᠨ ᠨᠠᠷ ᠬᠠᠯᠠᠭᠤᠨ ᠰᠡᠳᠭᠢᠯ᠎ᠢᠶᠠᠷ ᠳᠡᠮᠵᠢᠵᠦ᠍ ᠲᠤᠰᠠᠯᠠᠵᠦ᠍ ᠪᠠᠢᠨ᠎ᠠ᠃ ᠬᠦᠳᠡᠭᠡ᠎ᠶ᠋ᠢᠨ ᠮᠠᠯᠴᠢᠨ ᠲᠦᠮᠠᠨ ᠪᠢᠳᠠ ᠲᠤᠮᠤ ᠴᠢᠳᠠᠯ ᠦᠭᠡᠢ᠂ ᠦᠪᠡᠷ᠎ᠤᠨ ᠬᠠᠷᠢᠭᠤᠯᠵᠦ᠍ ᠪᠠᠢᠭ᠎ᠠ ᠮᠠᠯ ᠰᠦᠷᠦᠭ᠎ᠠᠴᠠ᠎ᠪᠠᠨ ᠬᠠᠨᠳᠢᠪᠯᠠᠵᠦ᠍ ᠲᠡᠳᠡᠨ᠎ᠳᠤ᠎ᠪᠠᠨ ᠲᠠᠯᠠᠷᠬᠠᠯ᠎ᠢᠶᠠᠨ ᠳᠡᠪᠱᠢᠭᠦᠯᠵᠦ᠍ ᠪᠠᠢᠨ᠎ᠠ ᠭᠡᠵᠦ᠍ ᠬᠤᠤᠰᠪᠠᠶᠠᠷ ᠶᠠᠷᠢᠯ᠎ᠠ᠃
ᠪᠠᠶᠠᠨᠰᠠᠩ ᠪᠤᠯ ᠭᠡᠷᠡᠯᠲᠤ ᠭᠠᠴᠠᠭᠠᠨ᠎ᠤ ᠭᠠᠴᠠᠭᠠᠨ ᠱᠦᠵᠢ ᠪᠤᠯᠤᠨ᠎ᠠ᠃ ᠲᠡᠷᠡ ᠭᠠᠴᠠᠭᠠᠨ᠎ᠤ ᠮᠠᠯᠴᠢᠨ ᠲᠦᠮᠡᠨ᠎ᠢᠶᠠᠨ ᠵᠤᠬᠢᠶᠠᠨ ᠪᠠᠢᠭᠤᠯᠵᠦ᠍᠂ ᠬᠠᠨᠳᠢᠪ᠎ᠤᠨ ᠠᠵᠢᠯᠯᠠᠭ᠎ᠠ ᠦᠷᠨᠢᠬᠦᠯᠦᠭ᠌ᠰᠡᠨ ᠪᠦᠭᠡᠳ ᠦᠪᠡᠷ᠎ᠢᠶᠠᠨ 2000 ᠲᠦᠭᠦᠷᠢᠭ ᠬᠠᠨᠳᠢᠪᠯᠠᠵᠠᠢ᠃
— ᠮᠠᠨ᠎ᠤ ᠬᠤᠱᠢᠭᠤᠨ᠎ᠳᠤ ᠬᠢᠵᠢᠭ ᠳᠡᠯᠭᠡᠷᠡᠭᠡᠳ ᠤᠯᠠᠨ ᠬᠦᠮᠦᠨ ᠬᠦᠴᠦ᠍᠎ᠪᠠᠨ ᠡᠷᠬᠦᠵᠦ᠍ ᠪᠠᠢᠨ᠎ᠠ᠃ ᠡᠮᠴᠢ ᠰᠤᠪᠢᠯᠠᠭ᠍ᠴᠢ᠂ ᠴᠡᠷᠢᠭ ᠴᠠᠭ᠍ᠳᠠᠭ᠎ᠠ ᠨᠠᠷ ᠠᠷᠤ ᠭᠡᠷ᠎ᠢᠶᠠᠨ ᠤᠷᠬᠢᠵᠦ᠍᠂ ᠠᠷᠠᠳ ᠲᠦᠮᠡᠨ᠎ᠤ ᠲᠦᠯᠦᠭᠡ ᠵᠢᠳᠬᠦᠵᠦ᠍ ᠪᠠᠢᠭ᠎ᠠ᠎ᠨᠢ ᠰᠡᠳᠭᠢᠯ᠎ᠢ ᠬᠦᠳᠡᠯᠭᠡᠭ᠌ᠰᠡᠨ᠃ ᠮᠠᠨ᠎ᠤ ᠬᠤᠱᠢᠭᠤᠨ᠎ᠤ ᠦᠷᠨᠢᠯ ᠬᠦᠭ᠌ᠵᠢᠯ᠂ ᠠᠯᠲᠠᠨ ᠨᠠᠮᠤᠷ᠎ᠢ ᠰᠤᠨᠢᠷᠬᠠᠬᠤ ᠭᠡᠵᠦ᠍ ᠢᠷᠡᠭᠡᠳ ᠬᠠᠱᠢᠭ᠍ᠳᠠᠭ᠍ᠰᠠᠨ ᠵᠢᠭᠤᠯᠴᠢᠳ ᠨᠡᠡᠭ ᠴᠸ᠋ ᠤᠯᠠᠨ ᠪᠠᠢᠨ᠎ᠠ᠃ ᠡᠮᠦᠨ᠎ᠠ ᠹᠷᠤᠨᠲ᠎ᠤᠨ ᠠᠵᠢᠯᠳᠠᠨ ᠪᠤᠯᠤᠨ ᠵᠢᠭᠤᠯᠴᠢᠳ᠎ᠲᠤ ᠨᠤᠲᠤᠭ᠎ᠤᠨ ᠮᠠᠯᠴᠢᠨ ᠲᠦᠮᠡᠨ᠎ᠤ ᠬᠠᠯᠠᠭᠤᠨ ᠰᠡᠳᠭᠢᠯ᠎ᠢᠶᠠᠨ ᠢᠯᠡᠳᠭᠡᠬᠦ᠌ ᠭᠡᠵᠦ᠍ ᠬᠠᠨᠳᠢᠪ ᠡᠷᠬᠦᠭ᠌ᠰᠨᠨ ᠶᠤᠮ ᠡ ᠭᠡᠵᠦ᠍ ᠪᠠᠶᠠᠨᠰᠠᠩ ᠶᠠᠷᠢᠨ᠎ᠠ᠃
—《ᠳᠡᠮ ᠳᠡᠮ ᠳᠤ ᠪᠠᠨ ᠳᠡᠭᠡᠰᠦ ᠡᠷᠴᠢᠮ ᠳᠤ ᠪᠠᠨ》ᠭᠡᠳᠡᠭ᠎ᠢᠶᠠᠷ ᠮᠠᠨ᠎ᠤ ᠰᠤᠮᠤᠨ᠎ᠤ ᠮᠠᠯᠴᠢᠳ ᠦᠪᠡᠷ᠎ᠤᠨ ᠰᠠᠢᠨ ᠳᠤᠷ᠎ᠠ᠎ᠠᠴᠠ᠎ᠪᠠᠨ ᠬᠠᠨᠳᠢᠪ᠎ᠤᠨ ᠠᠵᠢᠯᠯᠠᠭ᠎ᠠ ᠦᠷᠨᠢᠬᠦᠯᠵᠠᠢ᠃ ᠮᠠᠯᠴᠢᠳ᠎ᠤᠨ ᠬᠠᠨᠳᠢᠪ᠎ᠤᠨ ᠮᠦᠩᠭᠦ᠌᠎ᠶ᠋ᠢ ᠬᠤᠶᠠᠷ ᠭᠠᠴᠠᠭᠠᠨ᠎ᠤ ᠱᠦᠵᠢ ᠬᠤᠱᠢᠭᠤᠨ᠎ᠤ ᠤᠯᠠᠭᠠᠨ ᠵᠠᠭᠠᠯᠮᠠᠢᠳᠠᠨ᠎ᠤ ᠨᠡᠢᠭᠡᠮᠯᠢᠭ᠎ᠤᠨ ᠳᠠᠩᠰᠠᠨ᠎ᠳᠤ ᠱᠢᠯᠵᠢᠭᠦᠯᠦᠭᠡᠳ ᠪᠠᠢᠨ᠎ᠠ᠃ ᠤᠳᠠᠯ ᠦᠬᠡᠢ ᠬᠠᠨᠳᠢᠪᠯᠠᠭ᠍ᠰᠠᠨ ᠬᠤᠨᠢ ᠮᠠᠯ᠎ᠢᠶᠠᠨ ᠬᠤᠱᠢᠭᠤᠨ᠎ᠳᠤ ᠬᠦᠷᠭᠡᠵᠦ᠍ ᠦᠭ᠌ᠬᠦᠨ᠎ᠠ᠃ ᠦᠩᠳᠤᠭᠤᠤᠯ ᠰᠤᠮᠤᠨ᠎ᠤ ᠮᠠᠯᠴᠢᠨ ᠲᠦᠮᠨᠨᠳᠤᠪᠠᠨ ᠪᠠᠶᠠᠷᠯᠠᠯ᠎ᠠ ᠭᠡᠵᠦ᠍ ᠦᠩᠳᠤᠭᠤᠤᠯ ᠰᠤᠮᠤᠨ᠎ᠤ ᠤᠷᠤᠯᠠᠭ᠍ᠴᠢ ᠰᠤᠮᠤᠨ ᠳᠠᠷᠤᠭ᠎ᠠ ᠲᠤᠯᠮᠠᠼᠤᠤ ᠶᠠᠷᠢᠵᠦ᠍ ᠪᠠᠢᠯ᠎ᠠ᠃




- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠤᠶᠠᠨ᠍ᠦ᠌ᠨᠳᠦᠰᠦ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃