2022-05-10 17:15:13
ᠳᠤᠮᠳᠠᠳᠤ ᠤᠯᠤᠰ᠎ᠤᠨ ᠡᠪᠡᠳᠴᠢᠨ ᠡᠮᠭᠡᠭ᠎ᠢ ᠰᠡᠷᠭᠡᠢᠯᠡᠨ ᠡᠵᠡᠮᠳᠡᠬᠦ᠌ ᠲᠥᠪ᠎ᠦᠨ ᠭᠠᠷᠠᠭ᠎ᠤᠨ ᠰᠣᠨᠢᠨ ᠳᠡᠭᠡᠷ᠎ᠡ ᠨᠡᠢᠲᠡᠯᠡᠭ᠌ᠰᠡᠨ ᠱᠢᠨ᠎ᠡ ᠲᠢᠲᠢᠮᠯᠢᠭ ᠸᠢᠷᠦ᠋ᠰ᠎ᠦᠨ ᠸᠠᠺᠼᠢᠨ᠎ᠤ ᠲᠤᠬᠠᠶ ᠨᠢᠭᠡᠨ ᠰᠤᠳᠤᠯᠭᠠᠨ᠎ᠳᠤ ᠢᠯᠡᠷᠡᠭᠦᠯᠦᠭ᠌ᠰᠡᠨ᠎ᠢᠶᠡᠷ᠄ ᠪᠥᠬᠥ᠌ ᠶᠠᠪᠤᠴᠠ᠎ᠶᠢᠨ ᠱᠢᠨ᠎ᠡ ᠲᠢᠲᠢᠮᠯᠢᠭ ᠸᠢᠷᠦ᠋ᠰ᠎ᠦᠨ ᠸᠠᠺᠼᠢᠨ᠎ᠢ ᠳᠠᠷᠢᠪᠠᠯ ᠬᠦᠨᠳᠦ ᠡᠪᠡᠳᠴᠢᠨ᠎ᠢ ᠪᠦᠲᠦᠮᠵᠢᠲᠡᠶ ᠰᠡᠷᠭᠡᠢᠯᠡᠵᠦ᠍ ᠴᠢᠳᠠᠨ᠎ᠠ!
ᠲᠣᠰ ᠰᠤᠳᠤᠯᠭᠠᠨ 2021 ᠣᠨ᠎ᠤ 5 ᠰᠠᠷ᠎ᠠ᠎ᠶ᠋ᠢᠨ 21 ᠦ ᠡᠳᠦᠷ᠎ᠡᠴᠡ 2022 ᠣᠨ᠎ᠤ 2 ᠰᠠᠷ᠎ᠠ᠎ᠶ᠋ᠢᠨ 28 ᠤ ᠡᠳᠦᠷ᠎ᠦᠨ ᠬᠣᠭᠣᠷᠣᠨᠳᠣ ᠳᠤᠮᠳᠠᠳᠤ ᠤᠯᠤᠰ᠎ᠤᠨ ᠳᠣᠲᠣᠷ ᠭᠠᠵᠠᠷ᠎ᠲᠤ ᠣᠨᠣᠱᠢᠯᠠᠭ᠍ᠳᠠᠭ᠍ᠰᠠᠨ ᠪᠣᠶ ᠪᠥᠬᠥᠶ ᠡᠪᠡᠳᠴᠢᠨ᠎ᠦ ᠵᠢᠱ᠌ᠢᠶ᠎ᠡ᠎ᠶ᠋ᠢ ᠴᠤᠭ᠍ᠯᠠᠭᠤᠯᠵᠤ᠂ ᠨᠡᠢᠲᠡ 10829 ᠵᠢᠱ᠌ᠢᠶ᠎ᠡ ᠪᠠᠢᠵᠤ᠂ ᠡᠭᠦᠨ᠎ᠳᠦ 8675 ᠵᠢᠱ᠌ᠢᠶ᠎ᠡ᠎ᠨᠢ ᠳ᠋ᠧᠯᠲ᠋ᠠ ᠤᠨᠳᠤᠤᠱᠢᠭ᠍ᠰᠠᠨ ᠸᠢᠷᠦ᠋ᠰ ᠶ᠋ᠢᠡᠷ ᠣᠨᠣᠱᠢᠯᠠᠭ᠍ᠳᠠᠭ᠍ᠰᠠᠨ ᠡᠪᠡᠳᠴᠢᠨ᠎ᠦ ᠵᠢᠱ᠌ᠢᠶ᠎ᠡ᠂ 2154 ᠵᠢᠱ᠌ᠢᠶ᠎ᠡ᠎ᠨᠢ ᠤᠮᠢᠺᠷᠤᠨ ᠤᠨᠳᠤᠤᠱᠢᠭ᠍ᠰᠠᠨ ᠸᠢᠷᠦ᠋ᠰᠶ᠋ᠢᠡᠷ ᠣᠨᠣᠱᠢᠯᠠᠭ᠍ᠳᠠᠭ᠍ᠰᠠᠨ ᠡᠪᠡᠳᠴᠢᠨ᠎ᠦ ᠵᠢᠱ᠌ᠢᠶ᠎ᠡ ᠪᠠᠢᠪᠠ᠃ ᠰᠤᠳᠤᠯᠤᠭ᠍ᠴᠢᠳ 3 —17 ᠨᠠᠰᠤᠨ᠎ᠤ ᠳᠤᠭᠤᠢᠯᠠᠩ᠂ 18—59 ᠨᠠᠰᠤᠨ᠎ᠤ ᠳᠤᠭᠤᠢᠯᠠᠩ ᠪᠣᠯᠤᠨ ≧ 60 ᠨᠠᠰᠤᠨ᠎ᠤ ᠲᠤᠭᠤᠢᠯᠠᠩ᠎ᠤᠨ ᠬᠥᠮᠦᠰ᠎ᠦᠨ ᠠᠳᠠᠯᠢ ᠪᠤᠰᠤ ᠸᠢᠷᠦ᠋ᠰ᠎ᠲᠦ ᠬᠠᠯᠳᠠᠪᠤᠷᠢᠯᠠᠭ᠍ᠰᠠᠨ ᠪᠠᠢᠳᠠᠯ ᠳᠤᠤᠷ᠎ᠠ᠂ ᠲᠠᠷᠢᠯᠭ᠎ᠠ ᠲᠠᠷᠢᠬᠰᠠᠨ ᠥᠬᠡᠶ᠂ ᠬᠡᠰᠡᠭ ᠲᠠᠷᠢᠯᠭ᠎ᠠ ᠲᠠᠷᠢᠬᠰᠠᠨ᠂ ᠪᠥᠬᠥ᠌ ᠶᠠᠪᠤᠴᠠ᠎ᠶᠢᠨ ᠲᠠᠷᠢᠯᠭ᠎ᠠ ᠲᠠᠷᠢᠬᠰᠠᠨ᠂ ᠴᠢᠩᠭᠠᠳᠬᠠᠬᠤ ᠲᠠᠷᠢᠯᠭ᠎ᠠ ᠲᠠᠷᠢᠬᠰᠠᠨ ᠵᠡᠷᠭᠡ᠎ᠪᠡᠷ ᠲᠠᠮᠵᠢᠨ ᠱᠢᠨ᠎ᠡ ᠲᠢᠲᠢᠮᠯᠢᠭ ᠸᠢᠷᠦ᠋ᠰ᠎ᠦᠨ ᠸᠠᠺᠼᠢᠨ᠎ᠤ ᠬᠠᠮᠠᠭᠠᠯᠠᠬᠤ ᠬᠦᠴᠦᠨ᠎ᠢ ᠦᠨᠡᠯᠡᠨ ᠵᠢᠱ᠌ᠢᠪᠠ᠃
ᠳ᠋ᠦᠩᠨᠡᠯᠲᠡ ᠨᠢᠭᠡ᠄
ᠲᠣᠰ ᠰᠤᠳᠤᠯᠭᠠᠨ᠎ᠳᠤ ᠢᠯᠡᠷᠡᠭᠦᠯᠦᠭ᠌ᠰᠡᠨ᠎ᠢᠶᠡᠷ᠄ ᠪᠥᠬᠥ᠌ ᠶᠠᠪᠤᠴᠠ᠎ᠶᠢᠨ ᠱᠢᠨ᠎ᠡ ᠲᠢᠲᠢᠮᠯᠢᠭ ᠸᠢᠷᠦ᠋ᠰ᠎ᠦᠨ ᠸᠠᠺᠼᠢᠨ᠎ᠢ ᠳᠠᠷᠢᠪᠠᠯ ᠳ᠋ᠧᠯᠲ᠋ᠠ ᠤᠨᠳᠤᠤᠱᠢᠭ᠍ᠰᠠᠨ ᠸᠢᠷᠦ᠋ᠰ᠎ᠲᠦ ᠬᠠᠯᠳᠠᠪᠤᠷᠢᠯᠠᠬᠳᠠᠬᠤ᠎ᠶ᠋ᠢ ᠰᠡᠷᠭᠡᠢᠯᠡᠬᠦ᠌᠎ᠳᠦ ᠢᠯᠡᠷᠬᠡᠶ ᠦᠷ᠎ᠡ ᠳ᠋ᠦᠩ᠎ᠲᠡᠶ ᠪᠥᠭᠡᠳ ᠬᠦᠨᠳᠦ ᠡᠪᠡᠳᠴᠢᠨ᠎ᠢ ᠰᠡᠷᠭᠡᠢᠯᠡᠬᠦ᠌᠎ᠳᠦ ᠢᠯᠡᠷᠬᠡᠶ ᠦᠷ᠎ᠡ ᠳ᠋ᠦᠩ᠎ᠲᠡᠶ ᠪᠠᠢᠳᠠᠭ᠃
●3—17 ᠨᠠᠰᠤ᠂ 18 —59 ᠨᠠᠰᠤ ᠪᠠ ≧ 60 ᠨᠠᠰᠤᠨ᠎ᠤ ᠲᠤᠭᠤᠢᠯᠠᠩ᠎ᠤᠨ ᠪᠥᠬᠥ᠌ ᠶᠠᠪᠤᠴᠠ᠎ᠶᠢᠨ ᠱᠢᠨ᠎ᠡ ᠲᠢᠲᠢᠮᠯᠢᠭ ᠸᠢᠷᠦ᠋ᠰ᠎ᠦᠨ ᠸᠠᠺᠼᠢᠨ᠎ᠢ ᠳᠠᠷᠢᠬᠰᠠᠨ ᠪᠠ ᠲᠠᠷᠢᠬᠰᠠᠨ ᠦᠭᠡᠢ ᠳᠤᠭᠤᠢᠯᠠᠩ᠎ᠲᠠᠢ ᠬᠠᠷᠢᠴᠠᠭᠤᠯᠪᠠᠯ ᠠᠭᠤᠰᠭᠢᠨ ᠦᠷᠪᠢᠰᠦᠯ᠎ᠡᠴᠡ ᠪᠣᠯᠵᠣ ᠡᠭᠦᠰᠭᠦ ᠲᠦᠭ᠌ᠰᠢᠭᠦᠷᠢ᠎ᠡᠴᠡ ᠲᠣᠰ ᠲᠣᠰ 58%᠂ 51% ᠪᠠ 66% ᠪᠠᠷ ᠪᠠᠭᠤᠷᠠᠭᠤᠯᠪᠠ᠃
●18—59 ᠨᠠᠰᠤ ᠪᠠ ≧ 60 ᠨᠠᠰᠤᠨ᠎ᠤ ᠲᠤᠭᠤᠢᠯᠠᠩ ᠪᠥᠬᠥ᠌ ᠶᠠᠪᠤᠴᠠ᠎ᠶᠢᠨ ᠱᠢᠨ᠎ᠡ ᠲᠢᠲᠢᠮᠯᠢᠭ ᠸᠢᠷᠦ᠋ᠰ᠎ᠦᠨ ᠸᠠᠺᠼᠢᠨ᠎ᠢ ᠳᠠᠷᠢᠬᠰᠠᠨ ᠡᠴᠡ ᠬᠦᠨᠳᠦ ᠡᠪᠡᠳᠴᠢᠨᠡᠭᠦᠰᠬᠦ ᠲᠦᠭ᠌ᠰᠢᠭᠦᠷᠢ᠎ᠶ᠋ᠢ ᠲᠣᠰ ᠲᠣᠰ 83% ᠪᠠ 69%᠎ᠪᠠᠷ ᠪᠠᠭᠤᠷᠠᠭᠤᠪᠠ᠃
●18—59 ᠨᠠᠰᠤ ᠪᠠ ≧ 60 ᠨᠠᠰᠤᠨ᠎ᠤ ᠲᠤᠭᠤᠢᠯᠠᠩ ᠴᠢᠩᠭᠠᠳᠬᠠᠬᠤ ᠲᠠᠷᠢᠯᠭ᠎ᠠ ᠲᠠᠷᠢᠬᠰᠠᠨ ᠡᠴᠡ ᠠᠭᠤᠰᠭᠢᠨ᠎ᠤ ᠦᠷᠪᠢᠰᠦᠯ ᠡᠭᠦᠰᠬᠦ ᠲᠦᠭ᠌ᠰᠢᠭᠦᠷᠢ᠎ᠶ᠋ᠢ ᠴᠥᠮ 86% ᠪᠡᠷ ᠪᠠᠭᠤᠷᠠᠭᠤᠯᠪᠡ᠃
●18—59 ᠨᠠᠰᠤ ᠪᠠ ≧ 60 ᠨᠠᠰᠤᠨ᠎ᠤ ᠲᠤᠭᠤᠢᠯᠠᠩ ᠴᠢᠩᠭᠠᠳᠬᠠᠬᠤ ᠲᠠᠷᠢᠯᠭ᠎ᠠ ᠲᠠᠷᠢᠬᠰᠠᠨ ᠡᠴᠡ ᠬᠦᠨᠳᠦ ᠡᠪᠡᠳᠴᠢᠨᠡᠭᠦᠰᠬᠦ ᠲᠦᠭ᠌ᠰᠢᠭᠦᠷᠢ᠎ᠶ᠋ᠢ ᠲᠣᠰ ᠲᠣᠰ 98% ᠪᠠ 91% ᠪᠠᠷ ᠪᠠᠭᠤᠷᠠᠭᠤᠪᠠ᠃
ᠳ᠋ᠦᠩᠨᠡᠯᠲᠡ ᠬᠣᠶᠠᠷ᠄
ᠲᠣᠰ ᠰᠤᠳᠤᠯᠭᠠᠨ᠎ᠳᠤ ᠢᠯᠡᠷᠡᠭᠦᠯᠦᠭ᠌ᠰᠡᠨ᠎ᠢᠶᠡᠷ᠄ 60 ᠨᠠᠰᠤᠨ᠎ᠠᠴᠠ ᠳᠡᠭᠡᠭ᠌ᠰᠢᠬᠢ ᠬᠥᠮᠦᠰ᠎ᠦᠨ ᠤᠮᠢᠺᠷᠤᠨ ᠤᠨᠳᠤᠤᠱᠢᠭ᠍ᠰᠠᠨ ᠸᠢᠷᠦ᠋ᠰᠶ᠋ᠢᠡᠷ ᠤᠨᠤᠬᠰᠢᠯᠠᠬᠳᠠᠬᠰᠠᠨ ᠡᠪᠡᠳᠴᠢᠨ᠎ᠦ ᠵᠢᠱ᠌ᠢᠶ᠎ᠡ᠎ᠶᠢᠨ ᠳᠣᠲᠣᠷ᠎ᠠ᠂ ᠸᠠᠺᠼᠢᠨᠲᠠᠷᠢᠬᠰᠠᠨ ᠦᠭᠡᠢ ᠳᠤᠭᠤᠢᠯᠠᠩ᠎ᠤᠨ ᠠᠭᠤᠰᠭᠢᠨ ᠦᠷᠪᠢᠰᠦᠯ᠎ᠳᠦ ᠨᠡᠷᠪᠡᠬᠳᠡᠭᠰᠡᠨ ᠨᠤᠷᠮ᠎ᠠ 79% ᠪᠠᠢᠬᠰᠠᠨ ᠡᠴᠡ ᠪᠥᠬᠥ᠌ ᠶᠠᠪᠤᠴᠠ᠎ᠶᠢᠨ ᠱᠢᠨ᠎ᠡ ᠲᠢᠲᠢᠮᠯᠢᠭ ᠸᠢᠷᠦ᠋ᠰ᠎ᠦᠨ ᠸᠠᠺᠼᠢᠨ ᠲᠠᠷᠢᠬᠰᠠᠨ ᠲᠤᠭᠤᠢᠯᠠᠩ᠎ᠤᠨ ᠠᠭᠤᠰᠭᠢᠨ ᠦᠷᠪᠢᠰᠦᠯ᠎ᠳᠦ ᠨᠡᠷᠪᠡᠬᠳᠡᠭᠰᠡᠨ ᠨᠤᠷᠮ᠎ᠠ ᠳᠣᠷᠣᠭ᠍ᠰᠢᠯᠠᠭᠠᠳ 52% ᠪᠣᠯᠪᠠ᠃ ᠴᠢᠩᠭᠠᠳᠬᠠᠬᠤ ᠲᠠᠷᠢᠯᠭ᠎ᠠ ᠬᠢᠭᠰᠡᠨ 60 ᠨᠠᠰᠤᠨ ᠡᠴᠡ ᠲᠡᠭᠡᠭᠰᠢᠬᠢ 67 ᠤᠨᠤᠬᠰᠢᠯᠠᠬᠳᠠᠬᠰᠠᠨ ᠡᠪᠡᠳᠴᠢᠲᠡᠨ᠎ᠤ ᠲᠤᠳᠤᠷ᠎ᠠ ᠬᠦᠨᠳᠦ ᠠᠭᠤᠰᠭᠢᠨ ᠦᠷᠪᠢᠰᠦᠯ ᠨᠢᠭᠡ ᠴᠦ᠍ ᠢᠯᠡᠷᠡᠭ᠌ᠰᠡᠨ ᠦᠭᠡᠢ᠃
ᠲᠣᠭ᠎ᠠ ᠪᠠᠷᠢᠮᠲᠠ᠎ᠳᠤ ᠢᠯᠡᠷᠡᠭᠦᠯᠦᠭ᠌ᠰᠡᠨ᠎ᠢᠶᠡᠷ᠂ ᠪᠥᠬᠥ᠌ ᠶᠠᠪᠤᠴᠠ᠎ᠶᠢᠨ ᠲᠠᠷᠢᠯᠭ᠎ᠠ ᠬᠢᠬᠦ᠌ ᠪᠠ ᠴᠢᠩᠭᠠᠳᠭᠠᠬᠤ ᠲᠠᠷᠢᠯᠭ᠎ᠠ ᠬᠢᠬᠦ ᠨᠢ ᠠᠭᠤᠰᠭᠢᠨ ᠦᠷᠪᠢᠰᠦᠯ ᠪᠠ ᠬᠦᠨᠳᠦ ᠠᠭᠤᠰᠭᠢᠨ ᠦᠷᠪᠢᠰᠦᠯ ᠡᠭᠦᠰᠭᠦ ᠠᠶᠤᠯ ᠲᠦᠭ᠌ᠰᠢᠭᠦᠷᠢ᠎ᠶ᠋ᠢ ᠪᠠᠭᠤᠷᠠᠭᠤᠯᠵᠤ ᠴᠢᠳᠠᠨ᠎ᠠ᠂ ᠢᠯᠠᠩᠭᠤᠶ᠎ᠠ ᠨᠠᠰᠤᠳᠠᠢᠴᠤᠳ᠎ᠲᠦ ᠠᠪᠴᠤ᠌ ᠬᠡᠯᠡᠪᠡᠯ ᠨᠡᠩ ᠢᠯᠡᠷᠬᠡᠢ ᠪᠠᠢᠳᠠᠭ᠃
ᠢᠷᠡᠯᠳᠡ᠄ ᠡᠷᠡᠭᠦᠯ ᠡᠩᠬᠡ ᠥᠪᠥᠷ ᠮᠣᠩᠭᠣᠯ᠎ᠤᠨ ᠠᠯᠪᠠᠨ ᠵᠢᠷᠬᠢᠶ᠎ᠠ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄ ᠶᠥᠩ ᠬᠤᠩ




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃