2020-02-10 11:15:10
ᠰᠠᠢᠬᠠᠨ ᠲᠤᠰᠬᠤᠨ᠎ᠤ ᠠᠷᠠᠳ᠎ᠤᠨ ᠬᠡᠷ᠎ᠡᠴᠠ ᠭᠠᠷᠴᠦ ᠢᠷᠡᠭᠰᠡᠨ ᠬᠦ ᠶᠠᠨ ᠴᠢᠡᠭ ᠶᠠᠭᠠᠷᠡᠦ ᠰᠠᠨᠳᠤᠷᠤᠦ 18 ᠨᠠᠰᠤᠳᠠᠢ ᠬᠡᠤᠬᠡᠨᠳ᠋ᠡᠭᠡᠨ ᠬᠠᠷᠢᠭᠤ ᠤᠳᠠᠰᠤ ᠠᠪᠴᠠᠢ ᠃ ︽ ᠡᠵᠢ ᠡ ᠂ ᠪᠢ ᠬᠡᠷ᠎ᠲᠡᠭᠡᠨ ᠲᠡᠬᠦᠤ᠎ᠪᠠᠨ ᠬᠠᠷᠠᠵᠦ ᠪᠠᠢᠨ᠎ᠠ ᠂ ᠲᠠ ᠰᠡᠳᠬᠢᠯ ᠠᠮᠤᠷ ᠠᠵᠢᠯᠯᠠᠭᠠᠷᠠᠢ ᠂ ᠠᠮᠠᠪᠴᠢ᠎ᠪᠠᠨ ᠵᠡᠬᠦᠬᠦ᠎ᠪᠠᠨ ᠪᠢᠳᠡᠬᠡᠢ ᠮᠡᠷᠳᠡ ᠂ ᠦᠪᠡᠷ᠎ᠤᠨ ᠪᠡᠶ᠎ᠠ᠎ᠪᠠᠨ ᠰᠠᠢᠬᠠᠨ ᠬᠠᠮᠠᠭᠠᠯᠠᠭᠠᠷᠠᠢ ᠂ ᠪᠢᠳᠡᠬᠡᠢ ᠬᠢᠵᠢᠭ᠎ᠲᠤ ᠬᠠᠯᠳᠠᠪᠤᠷᠢᠯᠠᠬᠳᠠᠴᠢᠬᠠ ᠳ᠋ᠨ ︕ ︾ ᠭᠡᠵᠤ ᠬᠡᠤᠬᠡᠨ᠎ᠤ᠎ᠪᠠᠨ ᠬᠠᠯᠠᠮᠵᠢᠯᠠᠬᠰᠡᠨ ᠦᠬᠡ ᠂ ᠨᠢᠯᠬ᠎ᠠ ᠬᠦᠤ᠎ᠶᠢᠨ᠎ᠢᠶᠡᠨ ᠡᠵᠢ᠎ᠪᠠᠨ ᠡᠷᠢᠭᠡᠳ ᠤᠬᠢᠯᠠᠵᠦ ᠪᠠᠢᠭ᠎ᠠ ᠲᠠᠭᠤᠨ᠎ᠢ ᠰᠤᠨᠤᠰᠤᠭᠠᠳ ᠬᠤ ᠶᠠᠨ ᠴᠢᠩ᠎ᠤᠨ ᠨᠢᠳᠦ᠎ᠨᠢ ᠵᠠᠢᠷᠳᠤᠨ᠎ᠠ ᠃
︽ ᠪᠢ ᠡᠷᠬᠡᠪᠰᠢ ᠡᠷᠡᠮᠡᠬᠡᠢ ᠪᠠᠢᠬᠤ ᠬᠡᠷᠡᠭᠳᠡᠢ ᠂ ᠨᠡᠯᠢᠶᠡᠳ ᠤᠯᠠᠨ ᠬᠦᠮᠦᠨ ᠨᠠᠮᠠᠢ ᠬᠡᠷᠡᠭᠰᠡᠵᠦ ᠪᠠᠢᠨ᠎ᠠ ᠃ ᠪᠢ ᠪᠤᠯ ᠨᠢᠬᠡᠨ ᠡᠵᠢ ᠬᠦᠮᠦᠨ ᠂ ᠨᠡᠩ ᠴᠦ ᠡᠪ ᠬᠠᠮᠳᠤ ᠨᠠᠮ᠎ᠤᠨ ᠬᠡᠰᠢᠬᠦᠨ ᠂ ᠬᠢᠵᠢᠭ᠎ᠤᠨ ᠡᠮᠦᠨ᠎ᠠ ᠡᠷᠬᠡᠪᠰᠢ ᠡᠮᠦᠨ᠎ᠠ ᠹᠷᠦᠨᠲ᠎ᠲᠤ ᠭᠠᠪᠰᠢᠭᠠᠢᠯᠠᠬᠤ ᠶᠤᠰᠤᠳᠠᠢ ︾ ᠭᠡᠵᠤ 43 ᠨᠠᠰᠤᠳᠠᠢ ᠬᠤ ᠶᠠᠨ ᠴᠢᠩ ᠶᠠᠷᠢᠨ᠎ᠡ ᠃ ᠲᠡᠷᠨ ᠪᠤᠯ ᠬᠢᠩᠭᠠᠨ ᠠᠢᠮᠠᠭ᠎ᠤᠨ ᠵᠠᠯᠠᠢᠳ ᠬᠤᠰᠢᠭᠤᠨ᠎ᠤ ᠲᠡᠮᠡᠬᠡ᠎ᠵᠢ ᠪᠠᠯᠭᠠᠰᠤᠨ᠎ᠤ ᠴᠢᠩ ᠯᠦᠩ ᠱᠠᠨ ᠭᠠᠴᠠᠭᠠᠨ᠎ᠤ ᠡᠮᠴᠢ ᠂ ᠮᠦᠨ ᠴᠦ ᠲᠤᠰᠬᠤᠨ᠎ᠤ ᠺᠠᠳ᠋ᠷ ᠪᠤᠯᠤᠨ᠎ᠠ ᠃ ᠲᠡᠬᠦᠨ᠎ᠤ ᠬᠠᠮᠤᠭ ᠪᠠᠭ᠎ᠠ ᠬᠡᠤᠬᠡᠳ᠎ᠨᠢ ᠰᠠᠶᠢ 27 ᠰᠠᠷ ᠠ ᠪᠤᠯᠵᠦ ᠪᠠᠢᠨ᠎ᠠ ᠂ ᠬᠢᠵᠢᠭ ᠲᠡᠯᠬᠡᠷᠡᠭᠰᠡᠨᠤ ᠲᠠᠷᠠᠭ᠎ᠠ ᠲᠡᠷᠡ ᠲᠠᠷᠤᠢᠬᠠᠨ ᠨᠢᠯᠬ᠎ᠠ ᠬᠡᠤᠬᠡᠳ᠎ᠢᠶᠡᠨ ᠬᠡᠷ᠎ᠤᠨ ᠬᠦᠮᠦᠰ᠎ᠲᠡᠭᠡᠨ ᠨᠠᠢᠳᠠᠵᠦ ᠂ ᠡᠮᠦᠨ᠎ᠠ ᠹᠷᠤᠨᠲ᠎ᠲᠤ ᠤᠴᠢᠪᠠ ᠃
ᠬᠤ ᠶᠠᠨ ᠴᠢᠩ ᠬᠢᠬᠡᠳ ᠲᠡᠬᠦᠨ᠎ᠤ ᠲᠠᠢᠴᠢᠨ ᠨᠦᠬᠦᠳ ᠡᠷᠤᠬᠡ ᠲᠠᠷᠠᠭᠠᠯᠠᠨ ᠰᠤᠷᠪᠤᠯᠵᠢᠯᠠᠵᠦ ᠂ ᠲᠤᠰᠬᠤᠨ᠎ᠤ ᠠᠷᠠᠳ᠎ᠤᠨ ᠬᠡᠷ᠎ᠲᠤ ᠤᠷᠤᠮᠠᠬᠴᠨ ᠤᠷᠢᠳ᠎ᠢᠶᠠᠷ ᠦᠪᠡᠷ᠎ᠤᠨ ᠪᠡᠶ᠎ᠠ᠎ᠪᠠᠨ ᠠᠷᠢᠭᠤᠤᠡᠬᠠᠬᠤᠶᠢᠨ ᠬᠠᠮᠳᠤ ᠬᠢᠵᠢᠭ᠎ᠢ ᠰᠡᠷᠬᠡᠢᠯᠡᠬᠦ ᠮᠡᠳᠡᠯᠬᠡ᠎ᠶᠢ ᠲᠦᠬᠡᠮᠡᠯᠵᠢᠬᠦᠯᠦᠨ᠎ᠠ ᠃ ᠡᠬᠦᠨ᠎ᠤ ᠬᠠᠮᠳᠤ ᠪᠠᠰᠠ ᠬᠡᠷ᠎ᠤᠨ ᠲᠤᠳᠤᠨ᠎ᠠ ᠭᠠᠳᠠᠨᠠᠬᠢ᠎ᠶᠢ ᠪᠦᠷ ᠰᠦᠷᠴᠢᠨ ᠠᠷᠢᠭᠤᠤᠡᠬᠠᠯ ᠬᠢᠵᠦ ᠂ ᠲᠤᠰᠬᠤᠨ᠎ᠤ ᠠᠷᠠᠳ᠎ᠤᠨ ᠪᠡᠶ᠎ᠠ᠎ᠶᠢᠨ ᠲᠤᠯᠠᠭᠠᠨ᠎ᠤ ᠬᠡᠮᠵᠢᠶ᠎ᠠ᠎ᠶᠢ ᠬᠡᠮᠵᠢᠵᠦ ᠂ ᠬᠡᠪ᠎ᠤᠨ ᠪᠠᠢᠴᠠᠭᠠᠯᠳᠠ ᠬᠢᠵᠦ ᠦᠭᠪᠡ ᠃
ᠲᠡᠮᠡᠬᠡ᠎ᠵᠢ ᠪᠠᠯᠭᠠᠰᠤᠨ᠎ᠤ ᠴᠢᠡᠭ ᠯᠦᠩ ᠱᠠᠨ ᠪᠠᠯᠭᠠᠰᠤ ᠪᠤᠯ ᠬᠠᠷᠠᠮᠦᠢᠷᠠᠨ ᠮᠤᠵᠢ ᠂ ᠬᠢᠷᠢᠨ ᠮᠤᠵᠢ ᠂ ᠮᠠᠨ᠎ᠤ ᠤᠷᠤᠨ᠎ᠤ ᠬᠢᠯᠢ ᠨᠠᠢᠯᠡᠭᠰᠡᠨ ᠤᠷᠤᠨ᠎ᠳ᠋ᠤ ᠪᠠᠢᠷᠢᠰᠢᠵᠦ ᠂ ᠭᠠᠳᠠᠨ᠎ᠠ᠎ᠡᠴᠠ ᠢᠷᠡᠬᠦ ᠬᠦᠮᠦᠨ ᠤᠯᠠᠨ ᠂ ᠨᠡᠭᠦᠳᠡᠯ ᠬᠦᠮᠦᠨ ᠬᠠᠷ᠎ᠠ ᠤᠯᠠᠨ ᠪᠠᠢᠵᠤ ᠂ ᠬᠠᠮᠢᠶᠠᠷᠴᠦ ᠤᠬᠠᠭᠤᠯᠭ᠎ᠠ ᠬᠢᠬᠦ᠎ᠳ᠋ᠤ ᠨᠡᠯᠢᠶᠡᠳ ᠬᠦᠴᠢᠷ ᠲᠦᠪᠡᠭ ᠤᠷᠤᠰᠢᠵᠦ ᠪᠠᠢᠳᠠᠭ ᠃ ᠬᠢᠵᠢᠭ᠎ᠢ ᠰᠡᠷᠬᠡᠢᠯᠡᠬᠦ ᠮᠡᠳᠡᠯᠬᠡ᠎ᠶᠢᠨ ᠤᠬᠠᠭᠤᠯᠭ᠎ᠠ᠎ᠶᠢ ᠴᠢᠩ ᠯᠦᠩ ᠱᠠᠨ ᠭᠠᠴᠠᠭᠠᠨ᠎ᠳ᠋ᠤ ᠪᠦᠬᠦᠨ᠎ᠢ ᠪᠦᠷᠬᠦᠬᠦᠯᠬᠦ᠎ᠶᠢᠨ ᠲᠦᠯᠦᠬᠡ ᠬᠤ ᠶᠠᠨ ᠴᠢᠩ᠎ᠤᠨ ᠰᠠᠨᠠᠭᠠᠴᠢᠯᠠᠭ᠎ᠠ ᠬᠢᠬᠡᠳ ᠲᠠᠭᠠᠭᠤᠯᠭ᠎ᠠ ᠲᠤᠤᠷ᠎ᠠ ᠂ ︽ ᠴᠢᠩ ᠯᠦᠩ ᠱᠠᠨ ᠭᠠᠴᠠᠭ᠎ᠠ᠎ᠶᠢᠨ ᠡᠮᠡᠭᠳᠡᠢᠴᠤᠳ᠎ᠤᠨ ᠰᠠᠢᠨ ᠲᠤᠷᠠᠴᠤᠳ᠎ᠤᠨ ᠦᠢᠯᠡᠴᠢᠯᠡᠬᠡᠨ᠎ᠤ ᠠᠩᠬᠢ ︾᠎ᠶᠢ ᠪᠠᠢᠭᠤᠯᠵᠦ ᠂ ᠲᠤᠰᠬᠤᠨ᠎ᠤ ᠪᠦᠰᠡᠬᠦᠢᠢᠴᠤᠳ ᠪᠦᠬᠦᠨ᠎ᠢᠶᠠᠷ᠎ᠢᠶᠡᠨ ᠬᠢᠵᠢᠭ᠎ᠢ ᠰᠡᠷᠬᠡᠢᠯᠡᠨ ᠡᠵᠡᠮᠳᠡᠬᠦ ᠤᠬᠠᠭᠤᠯᠭ᠎ᠠ ᠂ ᠵᠠᠮ᠎ᠢ ᠬᠠᠮᠢᠶᠠᠷᠴᠦ ᠡᠵᠡᠮᠰᠢᠬᠦ ᠂ ᠤᠷᠴᠢᠨ ᠲᠤᠭᠤᠷᠢᠨ᠎ᠤ ᠠᠷᠢᠭᠤᠨ ᠴᠡᠪᠡᠷ᠎ᠢ ᠴᠡᠭᠴᠡᠯᠡᠨ ᠵᠠᠰᠠᠬᠤ ᠵᠡᠷᠬᠡ ᠰᠠᠢᠨ ᠲᠤᠷᠠᠴᠤᠳ᠎ᠤᠨ ᠦᠢᠯᠡᠴᠢᠯᠡᠬᠡᠨ᠎ᠤ ᠠᠵᠢᠯᠯᠠᠭ᠎ᠠ᠎ᠳ᠋ᠤ ᠤᠷᠤᠯᠴᠠᠵᠦ ᠂ ᠡᠮᠡᠭᠳᠡᠢᠴᠤᠳ᠎ᠤᠨ ᠲᠦᠷᠦ᠎ᠶᠢᠨ ᠬᠠᠭᠠᠰ ᠲᠤᠯᠭᠠᠭᠤᠷᠢ᠎ᠶᠢᠨ ᠦᠢᠯᠡᠳᠦᠯ᠎ᠢᠶᠡᠨ ᠬᠦᠢᠴᠡᠳ ᠪᠠᠳᠠᠷᠠᠭᠤᠯᠵᠦ ᠂ ᠤᠯᠠᠨ ᠲᠦᠮᠡᠨ᠎ᠤ ᠬᠠᠯᠠᠭᠤᠨ ᠬᠦᠷᠢᠶᠡᠯᠡᠯ᠎ᠢ ᠤᠯᠵᠠᠢ ᠃
ᠬᠤ ᠶᠠᠨ ᠴᠢᠩ ᠡᠷᠤᠬᠡ᠎ᠳ᠋ᠤ ᠤᠷᠤᠵᠦ ᠪᠠᠢᠭ᠎ᠠ ᠪᠠᠯᠭᠠᠰᠤᠨ᠎ᠤ ᠺᠠᠳ᠋ᠷᠴᠤᠳ ᠰᠡᠷᠬᠡᠢᠯᠡᠨ ᠬᠠᠮᠠᠭᠠᠯᠠᠬᠤ ᠠᠮᠠᠪᠴᠢ ᠵᠡᠬᠦᠬᠦ ᠦᠬᠡᠢ ᠪᠠᠢᠳᠠᠯ᠎ᠢ ᠦᠵᠡᠬᠡᠳ ᠂ ᠦᠪᠡᠷ᠎ᠢᠶᠡᠨ ᠤᠢᠷ᠎ᠠ ᠤᠷᠴᠢᠮ᠎ᠤᠨ ᠵᠧᠨ ᠯᠠᠢ ᠂ ᠪᠠᠢᠴᠧᠩ ᠵᠡᠷᠬᠡ ᠭᠠᠵᠠᠷ᠎ᠲᠤ ᠤᠴᠢᠵᠦ ᠬᠡᠳᠦᠨ ᠵᠠᠭᠤᠨ ᠠᠮᠠᠪᠴᠢ ᠬᠤᠳᠠᠯᠳᠤᠨ ᠠᠪᠴᠦ ᠂ ᠦᠨ᠎ᠠ ᠲᠦᠯᠦᠪᠦᠷᠢ ᠦᠬᠡᠢ᠎ᠪᠠᠷ ᠪᠠᠯᠭᠠᠰᠤᠨ᠎ᠤ ᠺᠠᠳ᠋ᠷᠴᠤᠳ᠎ᠲᠤ ᠬᠠᠩᠭᠠᠵᠦ ᠦᠭᠪᠡ ᠃ ᠵᠠᠷᠢᠮ ᠲᠠᠷᠢᠶᠠᠴᠢᠨ ᠡᠷᠤᠬᠡ ᠪᠡᠶ᠎ᠡ᠎ᠶᠢᠨ ᠲᠤᠯᠠᠭᠠᠨ᠎ᠤ ᠬᠡᠮᠵᠢᠬᠦᠷ ᠦᠬᠡᠢ ᠪᠤᠯᠬᠤᠷ ᠂ ᠬᠤ ᠶᠠᠨ ᠴᠢᠩ ᠠᠷᠭ᠎ᠠ ᠪᠦᠬᠦᠨ᠎ᠢ ᠰᠦᠪᠡᠭᠴᠢᠯᠠᠵᠦ ᠲᠤᠯᠠᠭᠠᠨ᠎ᠤ ᠬᠡᠮᠵᠢᠬᠦᠷ ᠬᠤᠳᠠᠯᠳᠤᠨ ᠠᠪᠴᠦ ᠬᠦᠷᠬᠡᠪᠡ ᠃
︽ ᠪᠢ ᠲᠡᠮᠡᠬᠡ᠎ᠵᠢ ᠪᠠᠯᠭᠠᠰᠤᠨ᠎ᠳ᠋ᠤ 22 ᠵᠢᠯ ᠠᠵᠢᠯᠯᠠᠴᠢᠬᠠᠵᠠᠢ ᠂ ᠡᠨᠳᠡᠬᠢ ᠺᠠᠳ᠋ᠷ ᠤᠯᠠᠨ ᠲᠦᠮᠡᠨ᠎ᠲᠠᠢ ᠲᠠᠰᠤᠯᠴᠠᠵᠦ ᠲᠡᠳᠡ ᠨᠡᠷ᠎ᠢ ᠦᠪᠡᠷ᠎ᠤᠨ ᠲᠦᠷᠦᠯ ᠰᠠᠳᠤᠨ᠎ᠲᠠᠢ᠎ᠪᠠᠨ ᠠᠳᠠᠯᠢ ᠦᠵᠡᠵᠦ ᠂ ᠤᠨᠴᠠᠭᠠᠢ ᠴᠠᠭ ᠦᠶ᠎ᠠ᠎ᠳ᠋ᠤ ᠪᠢᠳᠡᠨ᠎ᠤ ᠨᠠᠮ᠎ᠤᠨ ᠬᠡᠰᠢᠬᠦᠨ ᠡᠮᠦᠨ᠎ᠠ᠎ᠨᠢ ᠭᠠᠪᠰᠢᠭᠠᠢᠯᠠᠵᠦ ᠂ ᠲᠤᠰᠬᠤᠨ᠎ᠤ ᠤᠯᠠᠨ ᠲᠦᠮᠡᠨ᠎ᠤ ᠡᠷᠡᠬᠦᠯ ᠮᠠᠠᠳᠤ᠎ᠶᠢ ᠰᠠᠬᠢᠨ ᠬᠠᠮᠠᠭᠠᠯᠠᠨ᠎ᠠ ︾ ᠬᠡᠵᠦ ᠬᠤ ᠶᠠᠨ ᠴᠢᠩ ᠭᠡᠯᠡᠭᠰᠡᠭᠡᠷ ᠶᠠᠭᠠᠷᠠᠦ ᠰᠠᠨᠳᠤᠷᠤᠦ ᠲᠠᠷᠠᠭ᠎ᠠ ᠨᠢᠬᠡ ᠡᠷᠤᠬᠡ ᠤᠷᠤᠭᠤ ᠶᠠᠪᠤᠯᠡ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃