ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠨᠠᠮ᠎ᠤ᠋ᠨ ᠲᠤᠭ

2020-02-10 10:28:25

ᠵᠣᠬᠢᠶᠠᠭ᠍ᠴᠢ᠄ ᠶᠤᠸᠠᠢ ᠶᠢᠩ ᠣᠩᠱᠢᠭ᠍ᠰᠠᠨ ᠣᠳᠠᠭ᠎ᠠ᠄ 3

2 ᠰᠠᠷ᠎ᠠ᠎ᠶᠢᠨ 3᠎ᠤ ᠡᠳᠦᠷ ᠂ ᠦᠪᠡᠷᠳᠡᠭᠡᠨ ᠵᠠᠰᠠᠬᠤ ᠤᠷᠤᠨ᠎ᠤ ᠠᠷᠠᠳ᠎ᠤᠨ ᠲᠦᠯᠦᠭᠡᠯᠡᠭᠴᠢ ᠂ ᠬᠤᠷᠴᠢᠨ ᠵᠡᠭᠦᠨ ᠭᠠᠷᠤᠨ ᠬᠤᠢᠳᠤ ᠬᠤᠰᠢᠭᠤᠨ᠎ᠤ ᠶᠢᠨ ᠯᠢᠡᠭ ᠲᠠᠯ᠎ᠠ ᠨᠤᠳᠤᠬ᠎ᠤᠨ ᠲᠠᠬᠢᠶ᠎ᠠ ᠲᠡᠵᠢᠭᠡᠬᠦ ᠬᠤᠷᠰᠢᠶ᠎ᠠ᠎ᠶᠢᠨ ᠬᠡᠷᠡᠭ ᠡᠷᠬᠢᠯᠡᠭᠴᠢᠳ᠎ᠤᠨ ᠲᠠᠷᠤᠭ᠎ᠠ ᠵᠠᠡᠭ ᠰᠢᠤ ᠴᠦᠨ ᠲᠡᠯᠭᠡᠭᠦᠷ᠎ᠲᠤᠨᠢ ᠦᠯᠡᠳᠡᠵᠦ ᠪᠠᠢᠭᠰᠠᠨ 4 ᠰᠠᠬᠰᠦ 1600 ᠲᠠᠬᠢᠶᠠᠨ ᠦᠨᠳᠡᠭᠡ᠎ᠪᠠᠨ ᠭᠠᠨᠵᠤᠭ᠎ᠠ ᠪᠠᠯᠭᠠᠰᠤ᠎ᠶᠢᠨ ᠬᠤᠯᠪᠤᠭ᠎ᠠ ᠬᠠᠷᠠᠡᠤᠰᠤ ᠭᠠᠴᠠᠭ᠎ᠠ᠎ᠶᠢᠨ ᠰᠢᠨ᠎ᠠ ᠬᠡᠯᠪᠡᠷᠢ᠎ᠶᠢᠨ ᠲᠢᠳᠢᠮᠯᠢᠭ ᠸᠢᠷᠦ᠋ᠰ᠎ᠡᠴᠠ ᠬᠠᠯᠳᠠᠪᠤᠷᠢᠯᠠᠬᠰᠠᠨ ᠠᠭᠤᠰᠭᠢᠨ᠎ᠤ ᠦᠷᠪᠢᠰᠤᠯ᠎ᠤᠨ ᠬᠢᠵᠢᠭ᠎ᠤᠨ ᠪᠠᠢᠳᠠᠯ᠎ᠢ ᠰᠡᠷᠭᠡᠢᠯᠡᠨ ᠬᠢᠵᠠᠭᠠᠷᠯᠠᠬᠣ ᠨᠢᠭᠡᠳᠦᠭᠡᠷ ᠹᠷᠤᠨᠲ᠎ᠤᠨ ᠠᠵᠢᠯᠳᠠᠳ ᠪᠠ ᠭᠠᠨᠵᠤᠭ᠎ᠠ ᠪᠠᠯᠭᠠᠰᠣ᠎ᠶᠢᠨ ︽ ᠲᠠᠯ᠎ᠠ ᠨᠤᠳᠤᠭ᠎ᠤᠨ ᠠᠢᠮᠠᠬ ︾ ᠬᠠᠢᠷ᠎ᠠ᠎ᠶᠢᠨ ᠬᠤᠭᠤᠯᠠ ᠭᠢᠭᠦ ᠭᠠᠵᠠᠷ᠎ᠲᠤ ᠬᠦᠷᠭᠡᠵᠦ ᠤᠴᠢᠪᠠ ᠃ ᠬᠢᠵᠢᠭ᠎ᠤᠨ ᠪᠠᠢᠳᠠᠯ ᠢᠯᠡᠷᠡᠭᠰᠡᠨ᠎ᠡᠴᠠ ᠨᠠᠭᠠᠰᠢ ᠂ ᠵᠠᠡᠭ ᠰᠢᠤ ᠴᠦᠨ ᠬᠠᠷᠢᠭᠤᠴᠠᠯᠭ᠎ᠠ ᠡᠭᠦᠷᠭᠡᠯᠡᠯ᠎ᠢᠶᠡᠨ ᠪᠠᠷᠢᠮᠳᠠᠯᠠᠵᠦ ᠂ ᠯᠠ ᠰᠠᠷ᠎ᠠ᠎ᠶᠢᠨ ᠬᠤᠷᠢ ᠶᠢᠰᠦᠨ᠎ᠳ᠋ᠤ ᠬᠤᠯᠪᠤᠭ᠎ᠠ ᠬᠠᠷᠠᠡᠤᠰᠤ ᠭᠠᠴᠠᠭ᠎ᠠ᠎ᠶᠢᠨ 7 ᠡᠷᠦᠭᠡ ᠲᠠᠪᠤᠨ ᠪᠠᠳᠤᠯᠠᠭᠠᠳᠤ ᠡᠷᠦᠭᠡ ᠪᠠ ᠬᠦᠴᠢᠷᠳᠠᠯᠲᠠᠢ ᠤᠯᠠᠨ ᠲᠦᠮᠡᠨ᠎ᠳ᠋ᠤ ᠠᠮᠤ ᠂ ᠭᠤᠯᠢᠷ ᠂ ᠲᠤᠰᠤ ᠵᠡᠷᠭᠡ ᠲᠤᠬᠤᠨᠢᠭᠤᠯᠬᠣ ᠪᠤᠳᠠᠰ ᠬᠦᠷᠭᠡᠵᠦ ᠲᠡᠳᠡ ᠨᠡᠷ᠎ᠲᠤ ᠭᠡᠷ᠎ᠲᠡᠭᠡᠨ ᠰᠠᠭᠤᠵᠦ ᠬᠢᠵᠢᠭ᠎ᠢ ᠰᠡᠷᠭᠡᠢᠯᠡᠭᠦ᠎ᠶᠢ ᠰᠠᠨᠠᠭᠤᠯᠤᠭᠠᠳ ᠪᠤᠴᠠᠪᠠ ᠃
ᠬᠡᠨᠡᠳᠳᠡ ᠪᠠᠭᠤᠬᠰᠠᠨ ᠬᠢᠵᠢᠭ᠎ᠤᠨ ᠪᠠᠢᠳᠠᠯ᠎ᠤᠨ ᠡᠮᠦᠨ᠎ᠠ ᠂ ᠬᠤᠷᠴᠢᠨ ᠵᠡᠭᠦᠨ ᠭᠠᠷᠤᠨ ᠬᠤᠢᠳᠤ ᠬᠤᠰᠢᠭᠤᠨ᠎ᠤ ᠡᠯ᠎ᠠ ᠱᠠᠳᠤᠨ᠎ᠤ ᠠᠷᠠᠳ᠎ᠤᠨ ᠲᠦᠯᠦᠭᠡᠯᠡᠭᠴᠢᠳ ᠠᠵᠢᠯ᠎ᠤᠨ ᠪᠠᠢᠷᠢ᠎ᠪᠠᠨ ᠪᠠᠳᠤ ᠰᠠᠬᠢᠵᠦ ᠂ ᠬᠢᠵᠢᠭ᠎ᠢ ᠰᠡᠷᠭᠡᠢᠯᠡᠨ ᠬᠤᠷᠢᠬᠯᠠᠬᠤ ᠲᠠᠢᠯᠠᠯᠳᠤᠭᠠᠨ᠎ᠳ᠋ᠤ ᠡᠷᠡᠯᠭᠡᠭᠯᠡᠨ ᠤᠷᠤᠯᠴᠠᠵᠦ ᠂ ᠤᠯᠠᠨ᠎ᠢᠶᠠᠷ᠎ᠢᠶᠡᠨ ᠰᠡᠷᠭᠡᠢᠯᠡᠨ ᠤᠯᠠᠨ᠎ᠢᠶᠠᠷ᠎ᠢᠶᠡᠨ ᠬᠣᠷᠢᠬᠯᠠᠨ ᠵᠠᠰᠠᠬᠤ ᠠᠵᠢᠯ᠎ᠳ᠋ᠤ ᠠᠷᠠᠳ᠎ᠤᠨ ᠲᠦᠯᠦᠭᠡᠯᠡᠭᠴᠢ᠎ᠶᠢᠨ ᠦᠢᠯᠡᠳᠦᠯ᠎ᠢᠶᠡᠨ ᠪᠠᠳᠠᠷᠠᠭᠣᠯᠵᠣ ᠂ ᠲᠦᠢᠳᠭᠡᠷ ᠬᠢᠵᠢᠭ᠎ᠲᠠᠢ ᠡᠷᠡᠯᠭᠡᠭ᠎ᠢᠶᠠᠷ ᠲᠡᠮᠡᠴᠡᠨ᠎ᠡ ᠃
ᠪᠦᠭᠦ ᠲᠤᠰᠬᠤᠨ᠎ᠤ 584 ᠡᠷᠦᠭᠡ ᠂ 1710 ᠬᠦᠮᠦᠨ ᠠᠮᠠ᠎ᠶᠢᠨ ᠡᠷᠡᠭᠦᠯ ᠮᠡᠨᠳᠤ᠎ᠶᠢ ᠪᠠᠳᠣᠯᠠᠬᠣ᠎ᠨᠢ ᠬᠣᠷᠴᠢᠨ ᠵᠡᠭᠦᠨ ᠭᠠᠷᠣᠨ ᠬᠣᠢᠳᠣ ᠬᠣᠰᠢᠭᠣᠨ᠎ᠤ ᠴᠠᠡᠭ ᠱᠸᠡᠭ ᠪᠠᠯᠭᠠᠰᠦ᠎ᠶᠢᠨ ᠯᠤᠤ ᠶᠢᠡᠭ ᠹᠠᠡᠭ ᠲᠤᠰᠬᠤᠨ᠎ᠤ ᠨᠠᠮ᠎ᠤᠨ ᠡᠭᠦᠷ᠎ᠤᠨ ᠲᠡᠳ᠋ ᠱᠦᠵᠢ ᠂ ᠬᠣᠷᠴᠢᠨ ᠵᠡᠭᠦᠨ ᠭᠠᠷᠣᠨ ᠬᠣᠢᠳᠣ ᠬᠣᠰᠢᠭᠣᠨ᠎ᠤ ᠠᠷᠠᠳ᠎ᠤᠨ ᠲᠦᠯᠦᠭᠡᠯᠡᠭᠴᠢ ᠵᠢᠶᠠᠡᠭ ᠺᠦᠢ᠎ᠶᠢᠨ ᠬᠠᠮᠤᠭ᠎ᠡᠴᠠ ᠰᠡᠳᠭᠢᠯ ᠵᠦᠳᠡᠭᠡᠵᠦ ᠪᠠᠢᠭ᠎ᠠ ᠶᠠᠪᠣᠳᠠᠯ ᠪᠤᠯᠤᠨ᠎ᠠ ᠃ ᠴᠠᠭᠠᠨ ᠰᠠᠷ᠎ᠠ᠎ᠶᠢᠨ ᠰᠢᠨ᠎ᠠ᠎ᠶᠢᠨ ᠭᠤᠷᠪᠠᠨ᠎ᠳ᠋ᠤ ᠂ ᠲᠡᠷᠡ ᠲᠤᠰᠬᠤᠨ᠎ᠤ ᠡᠯ᠎ᠠ ᠲᠤᠭᠤᠢᠯᠠᠡᠭ᠎ᠤᠨ ᠲᠠᠷᠤᠭ᠎ᠠ᠎ᠲᠠᠢ᠎ᠪᠠᠨ ᠬᠠᠷᠢᠯᠴᠠᠵᠦ ᠂ ᠵᠢᠷᠭᠢᠶ᠎ᠠ ᠂ ᠸᠢᠳᠢᠣ᠋ ᠂ ᠭᠠᠷ ᠣᠳᠠᠰᠣ ᠵᠡᠷᠭᠡ᠎ᠶᠢ ᠠᠰᠢᠬᠯᠠᠨ ᠵᠢᠬᠰᠠᠭᠠᠨ ᠪᠠᠢᠴᠠᠭᠠᠬᠤ ᠠᠵᠢᠯ ᠦᠷᠨᠢᠭᠦᠯᠵᠦ ᠂ ᠨᠠᠰᠤᠨ ᠪᠠᠶᠠᠷ ᠬᠢᠭᠦ᠎ᠪᠠᠷ ᠪᠠᠢᠬᠰᠠᠨ ᠤᠯᠠᠨ ᠲᠦᠮᠡᠨ᠎ᠢ ᠢᠳᠬᠠᠨ ᠵᠤᠬᠰᠤᠭᠠᠪᠠ ᠃ ᠲᠡᠷᠡ ᠪᠠᠰᠠ ᠡᠳᠦᠷ ᠪᠤᠯᠭᠠᠨ ᠲᠤᠰᠬᠤᠨ᠎ᠤ᠎ᠪᠠᠨ 2 ᠢᠳᠬᠠᠨ ᠪᠤᠴᠠᠭᠠᠬᠤ ᠦᠷᠳᠡᠭᠡ᠎ᠶᠢᠨ ᠠᠵᠢᠯ ᠭᠦᠢᠴᠡᠳᠭᠡᠭᠰᠡᠨ ᠪᠠᠢᠳᠠᠯ᠎ᠢ ᠲᠤᠭᠤᠷᠢᠨ ᠪᠠᠢᠴᠠᠭᠠᠵᠦ ᠂ ᠪᠦᠭᠦ ᠲᠤᠰᠬᠤᠨ᠎ᠤ 4 ᠲᠤᠭᠤᠢᠯᠠᠡᠭ ᠂ 9 ᠵᠠᠮ᠎ᠤᠨ ᠠᠭᠤᠯᠵᠠᠷ᠎ᠤᠨ ᠡᠳᠦᠷ ᠪᠦᠷᠢ᠎ᠶᠢᠨ ᠵᠢᠬᠰᠠᠭᠠᠨ ᠪᠠᠢᠴᠠᠭᠠᠬᠰᠠᠨ ᠪᠠᠢᠳᠠᠯ᠎ᠢ ᠠᠯᠳᠠᠯ ᠦᠭᠡᠢ ᠨᠡᠢᠳᠭᠡᠭᠡᠳ ᠴᠠᠬ ᠲᠤᠬᠠᠢ᠎ᠳ᠋ᠤᠨᠢ ᠲᠡᠭᠡᠭᠰᠢ ᠮᠡᠳᠡᠭᠦᠯᠤᠨ᠎ᠠ ᠃ ᠬᠢᠵᠢᠭ᠎ᠤᠨ ᠪᠠᠢᠳᠠᠯ ᠬᠡᠴᠡᠭᠦᠳᠡᠭᠦ᠎ᠶᠢ ᠲᠠᠭᠠᠯᠳᠤᠨ ᠂ ᠲᠡᠷᠡ ᠲᠤᠰᠬᠤᠨ᠎ᠤ᠎ᠪᠠᠨ ᠬᠠᠵᠠᠭᠣ᠎ᠳ᠋ᠠᠬᠢ ᠬᠠᠷᠠᠭᠤᠯ᠎ᠤᠨ ᠭᠠᠵᠠᠷ᠎ᠤᠨ ᠮᠠᠢᠬᠠᠨ᠎ᠳ᠋ᠤ ᠤᠷᠤ ᠲᠡᠪᠢᠰᠭᠡᠷ᠎ᠢᠶᠡᠨ ᠠᠪᠠᠴᠢᠵᠦ ᠂ ᠤᠯᠠᠨ ᠲᠦᠮᠡᠨ᠎ᠤ ᠡᠷᠡᠭᠦᠯ ᠮᠠᠨᠳᠤ᠎ᠶᠢ ᠬᠠᠮᠠᠭᠠᠯᠠᠬᠤ᠎ᠶᠢᠨ ᠲᠦᠯᠦᠭᠡ ᠡᠳᠦᠷ ᠰᠦᠨᠢ᠎ᠶᠢᠨ ᠬᠤᠪᠢᠨ᠎ᠳ᠋ᠤ ᠶᠠᠭᠠᠷᠠᠵᠦ ᠡᠭᠢᠯᠡᠪᠡ ᠃
ᠲᠦᠡᠭᠯᠢᠶᠤᠤ ᠬᠤᠳᠠ᠎ᠶᠢᠨ ᠠᠷᠠᠳ᠎ᠤᠨ ᠲᠦᠯᠦᠭᠡᠯᠡᠭᠴᠢ ᠡᠤ ᠭᠠᠡᠭ ᠬᠣᠷᠴᠢᠨ ᠵᠡᠭᠦᠨ ᠭᠠᠷᠣᠨ ᠬᠣᠢᠳᠣ ᠬᠣᠰᠢᠭᠣᠨ᠎ᠤ ᠪᠠᠭᠠᠳᠠᠯ᠎ᠠ ᠰᠤᠮᠤ᠎ᠶᠢᠨ ᠴᠠᠭᠠᠨ ᠲᠠᠯᠠᠪᠤᠷ ᠭᠠᠴᠠᠭ᠎ᠠ᠎ᠶᠢᠨ 110 ᠨᠠᠮ᠎ᠤᠨ ᠭᠡᠰᠢᠭᠦᠨ ᠂ ᠰᠠᠢᠨ ᠲᠤᠷᠠᠴᠤᠤᠯ ᠂ ᠭᠠᠴᠠᠭ᠎ᠠ᠎ᠶᠢᠨ ᠠᠷᠠᠳ᠎ᠤᠨ ᠲᠦᠯᠦᠭᠡᠯᠡᠭᠴᠢ ᠵᠢᠴᠢ ᠤᠯᠠᠨ ᠲᠦᠮᠡᠨ᠎ᠢ ᠲᠠᠢᠴᠢᠯᠠᠨ 2300 ᠲᠦᠭᠦᠷᠢᠭ ᠬᠠᠨᠳᠢᠪᠯᠡᠭᠤᠯᠵᠦ ᠬᠢᠵᠢᠭ᠎ᠤᠨ ᠪᠠᠢᠳᠠᠯ᠎ᠢ ᠰᠡᠷᠭᠡᠢᠯᠡᠨ ᠬᠣᠷᠢᠬᠯᠠᠬᠣ ᠠᠵᠢᠯ᠎ᠳ᠋ᠤ ᠲᠤᠰᠠᠯᠠᠵᠦ ᠂ ᠬᠢᠵᠢᠭ᠎ᠤᠨ ᠪᠠᠢᠳᠠᠯ᠎ᠤᠨ ᠡᠮᠦᠨ᠎ᠠ ᠠᠷᠠᠳ᠎ᠤᠨ ᠲᠦᠯᠦᠭᠡᠯᠡᠭᠴᠢ᠎ᠶᠢᠨ ᠬᠠᠷᠢᠭᠤᠴᠠᠯᠭ᠎ᠠ ᠡᠭᠦᠷᠭᠡᠯᠡᠯ᠎ᠢ ᠢᠯᠡᠷᠡᠭᠦᠯᠪᠠ ᠃ ᠬᠤᠷᠴᠢᠨ ᠵᠡᠭᠦᠨ ᠭᠠᠷᠤᠨ ᠬᠤᠢᠳᠤ ᠬᠤᠰᠢᠭᠤᠨ᠎ᠤ ᠠᠷᠠᠳ᠎ᠤᠨ ᠲᠦᠯᠦᠭᠡᠯᠡᠭᠴᠢ ᠂ ᠴᠠᠷᠠᠰᠦ ᠪᠠᠯᠭᠠᠰᠦ᠎ᠶᠢᠨ ᠬᠤᠳᠠᠨ ᠭᠤᠤᠯ ᠡᠷᠡᠭᠦᠯ ᠬᠠᠮᠠᠭᠠᠯᠠᠯ᠎ᠤᠨ ᠬᠤᠷᠢᠶ᠎ᠠ᠎ᠶᠢᠨ ᠲᠠᠷᠤᠭ᠎ᠠ ᠡᠷᠳᠡᠨᠢ ᠬᠠᠢᠷ᠎ᠠ᠎ᠶᠢᠨ ᠰᠡᠳᠭᠢᠯ ᠬᠠᠨᠳᠢᠪᠯᠡᠵᠦ ᠂ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠭᠦ ᠨᠢᠭᠡᠳᠦᠭᠡᠷ ᠹᠷᠤᠨᠲ᠎ᠤᠨ ᠡᠮᠴᠢᠯᠡᠭᠡ᠎ᠶᠢᠨ ᠶᠠᠪᠤᠳᠠᠯ᠎ᠤᠨ ᠠᠵᠢᠯᠳᠠᠨ ᠪᠠ ᠵᠢᠵᠢᠭᠦᠷᠯᠡᠭᠴᠢ᠎ᠳ᠋ᠤ ᠰᠡᠷᠭᠡᠢᠯᠡᠨ ᠬᠠᠮᠠᠭᠠᠯᠠᠬᠤ ᠡᠮ ᠬᠦᠷᠭᠡᠨ ᠪᠤᠳᠠᠳᠤ ᠠᠵᠢᠯᠯᠠᠭ᠎ᠠ᠎ᠪᠠᠷ᠎ᠢᠶᠡᠨ ᠬᠢᠵᠢᠭ᠎ᠢ ᠰᠡᠷᠭᠡᠢᠯᠡᠭᠦ ᠠᠵᠢᠯ᠎ᠳ᠋ᠤ ᠬᠣᠪᠢ ᠨᠡᠮᠡᠷᠢ ᠦᠵᠡᠭᠦᠯᠦᠭᠰᠡᠨ ᠪᠠᠢᠯ᠎ᠠ ᠃
ᠬᠤᠷᠴᠢᠨ ᠵᠡᠭᠦᠨ ᠭᠠᠷᠤᠨ ᠬᠤᠢᠳᠤ ᠬᠤᠰᠢᠭᠤᠨ᠎ᠤ ᠠᠷᠠᠳ᠎ᠤᠨ ᠲᠦᠯᠦᠭᠡᠯᠡᠭᠴᠢ ᠂ ᠬᠤᠷᠴᠢᠨ ᠵᠡᠭᠦᠨ ᠭᠠᠷᠤᠨ ᠬᠤᠢᠳᠤ ᠬᠤᠰᠢᠭᠤᠨ᠎ᠤ ᠱᠤᠸᠠᠡᠭ ᠱᠸᠡᠭ ᠪᠠᠯᠭᠠᠰᠦ᠎ᠶᠢᠨ ᠲᠢᠶᠠᠨ ᠰᠢᠶᠠᠡᠭ ᠵᠠᠰᠠᠯ ᠴᠢᠮᠡᠭᠯᠡᠯ᠎ᠤᠨ ᠬᠢᠵᠠᠭᠠᠷᠳᠤ ᠺᠤᠮᠫᠠᠨᠢ᠎ᠶᠢᠨ ᠶᠡᠷᠦᠡᠭᠭᠡᠢ ᠵᠡᠬᠢᠷᠤᠯ ᠵᠢᠶᠠ ᠪᠢᠨ ᠰᠠᠨᠠᠭᠠᠴᠢᠯᠠᠭ᠎ᠠ᠎ᠡᠴᠠ᠎ᠪᠠᠨ ᠬᠢᠵᠢᠭ᠎ᠢ ᠰᠡᠷᠭᠡᠢᠯᠡᠨ ᠬᠣᠷᠢᠭᠯᠠᠬᠣ ᠲᠠᠢᠯᠠᠯᠳᠤᠭᠠᠨ᠎ᠳ᠋ᠤ ᠤᠷᠤᠯᠴᠠᠵᠦ ᠂ ᠱᠤᠸᠠᠡᠭ ᠱᠸᠡᠭ ᠪᠠᠯᠭᠠᠰᠦ᠎ᠶᠢᠨ ᠰᠢᠶᠠᠡᠭ ᠶᠠᠡᠭ ᠲᠤᠰᠬᠤᠨ᠎ᠤ ᠬᠠᠵᠠᠭᠣ᠎ᠳ᠋ᠤ ᠠᠯᠪᠠᠨ ᠵᠢᠷᠤᠮ᠎ᠤᠨ ᠵᠢᠵᠢᠭᠦᠷ ᠬᠢᠵᠦ ᠂ 2000 ᠲᠦᠭᠦᠷᠢᠭ ᠭᠠᠷᠭᠠᠨ ᠪᠠᠯᠭᠠᠰᠦ᠎ᠶᠢᠨ᠎ᠢᠶᠡᠨ ᠠᠵᠢᠯ᠎ᠢ ᠲᠠᠮᠵᠢᠪᠠ ᠃ ᠬᠤᠷᠴᠢᠨ ᠵᠡᠭᠦᠨ ᠭᠠᠷᠤᠨ ᠬᠤᠢᠳᠤ ᠬᠤᠰᠢᠭᠤᠨ᠎ᠤ ᠯᠢ ᠾᠸ ᠂ ᠰᠢᠤᠢ ᠱᠤ ᠹᠸᠨ ᠂ ᠡᠤ ᠭᠦᠢ ᠯᠠᠨ ᠂ ᠭᠤᠸᠠᠨ ᠱᠤᠤ ᠶᠢᠡᠭ ᠂ ᠾᠸ ᠯᠢ ᠭᠦᠸᠸ ᠂ ᠵᠠᠡᠭ ᠴᠦᠨ ᠯᠢᠡᠭ ᠂ ᠴᠢᠮᠡᠭ ᠵᠡᠷᠭᠡ ᠡᠯ᠎ᠠ ᠱᠠᠳᠤᠨ᠎ᠤ ᠠᠷᠠᠳ᠎ᠤᠨ ᠲᠦᠯᠦᠭᠡᠯᠡᠭᠴᠢᠳ ᠴᠦ ᠮᠦᠡᠭᠭᠦ ᠵᠤᠭᠤᠰ᠎ᠢᠶᠠᠷ ᠲᠤᠰᠠᠯᠠᠬᠤ ᠂ ᠨᠢᠭᠡᠲᠦᠭᠡᠷ ᠹᠷᠤᠨᠲ᠎ᠲᠤ ᠠᠵᠢᠯᠯᠠᠬᠣ ᠵᠡᠷᠭᠡ ᠬᠡᠯᠪᠡᠷᠢ᠎ᠪᠠᠷ ᠰᠡᠷᠭᠡᠢᠯᠡᠨ ᠬᠣᠷᠢᠬᠯᠠᠵᠣ ᠤᠬᠠᠭᠤᠯᠬᠤ ᠠᠵᠢᠯ᠎ᠳ᠋ᠤ ᠰᠢᠭᠤᠷᠬᠠᠢᠯᠠᠨ ᠭᠠᠪᠰᠢᠭᠠᠢᠯᠠᠵᠦ ᠂ ᠠᠷᠠᠳ᠎ᠤᠨ ᠲᠦᠯᠦᠭᠡᠯᠡᠭᠴᠢ᠎ᠶᠢᠨ ᠬᠠᠷᠢᠭᠤᠴᠠᠯᠭ᠎ᠠ ᠡᠭᠦᠷᠭᠡᠯᠡᠯ ᠬᠢᠭᠡᠳ ᠳᠦᠷᠢ ᠳᠦᠷᠬᠦ᠎ᠶᠢ ᠭᠠᠢᠬᠠᠭᠣᠯᠵᠣ ᠂ ᠤᠯᠠᠨ ᠲᠦᠮᠡᠨ᠎ᠤ ᠬᠢᠵᠢᠭ᠎ᠢ ᠰᠡᠷᠭᠡᠢᠯᠡᠨ ᠬᠢᠵᠢᠭ᠎ᠲᠠᠢ ᠲᠡᠮᠡᠴᠡᠭᠦ ᠢᠳᠡᠭᠡᠯ ᠵᠤᠷᠢᠭ᠎ᠢ ᠡᠷᠴᠢᠯᠡᠵᠦ ᠬᠦᠪᠴᠢᠯᠡᠭᠰᠡᠨ ᠪᠠᠢᠨ᠎ᠠ ᠃

ᠠᠶᠤᠯᠳᠤ ᠬᠢᠵᠢᠭ ᠲᠡᠯᠭᠡᠷᠡᠭᠰᠡᠨ ᠵᠠᠡᠭᠭᠢᠯᠠᠭ᠎ᠠ᠎ᠶᠢᠨ ᠮᠦᠴᠡ᠎ᠳ᠋ᠤ ᠂ ᠠᠷᠠᠳ᠎ᠤᠨ ᠲᠦᠯᠦᠭᠡᠯᠡᠭᠴᠢᠳ ᠤᠬ ᠰᠠᠨᠠᠭ᠎ᠠ ᠪᠠ ᠡᠭᠦᠷᠭᠡ ᠬᠠᠷᠢᠭᠤᠴᠠᠯᠭ᠎ᠠ᠎ᠪᠠᠨ ᠦᠢᠯᠡᠳᠦᠯᠭᠡᠵᠢᠭᠦᠯᠵᠦ ᠂ ᠰᠠᠨᠠᠭᠠᠴᠢᠯᠠᠭ᠎ᠠ᠎ᠡᠴᠠ᠎ᠪᠠᠨ ᠨᠢᠭᠡᠳᠦᠭᠡᠷ ᠹᠷᠤᠨᠲ᠎ᠲᠤ ᠬᠦᠷᠴᠤ ᠂ ᠬᠠᠭᠢᠷ ᠬᠦᠢᠳᠡᠨ ᠡᠪᠤᠯ᠎ᠤᠨ ᠡᠳᠦᠷ ᠬᠠᠷᠠᠭᠤᠯ ᠮᠠᠨᠠᠭ᠎ᠠ ᠵᠤᠬᠰᠤᠵᠦ ᠂ ᠤᠷᠤᠵᠦ ᠭᠠᠷᠬᠤ ᠬᠦᠮᠦᠰ᠎ᠢ ᠪᠠᠢᠴᠠᠭᠠᠨ ᠮᠦᠷᠳᠡᠵᠦ ᠂ ᠬᠢᠵᠢᠭ᠎ᠤᠨ ᠪᠠᠢᠳᠠᠯ᠎ᠢ ᠬᠤᠯᠪᠤᠭᠠᠯᠠᠨ ᠰᠡᠷᠭᠡᠢᠯᠡᠬᠦ ᠠᠵᠢᠯ᠎ᠢ ᠴᠢᠡᠭᠭᠠᠳᠬᠠᠵᠦ ᠂ ᠬᠢᠵᠢᠭ᠎ᠤᠨ ᠪᠠᠢᠳᠠᠯ᠎ᠢ ᠰᠡᠷᠭᠡᠢᠯᠡᠨ ᠬᠤᠷᠢᠬᠯᠠᠬᠤ᠎ᠳ᠋ᠤ ᠬᠦᠴᠤᠨ ᠴᠢᠳᠠᠯ᠎ᠢᠶᠡᠨ ᠨᠡᠮᠡᠷᠢᠯᠡᠨ᠎ᠡ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面