2020-02-16 16:15:36
2 ᠰᠠᠷ᠎ᠠ᠎ᠶᠢᠨ 14᠎ᠤ ᠦᠳᠠ᠎ᠶᠢᠨ ᠡᠮᠤᠨ᠎ᠠ ᠂ ᠵᠠᠯᠠᠢᠳ ᠬᠤᠰᠢᠭᠤᠨ᠎ᠤ ᠪᠠᠶᠠᠩᠤᠤᠯ ᠪᠠᠯᠭᠠᠰᠤ᠎ᠶᠢᠨ ᠴᠠᠩ ᠱᠠᠨ ᠲᠤᠰᠬᠤᠨ᠎ᠤ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠪᠠᠢᠴᠠᠭᠠᠯᠳᠠ᠎ᠶᠢᠨ ᠴᠡᠭ᠎ᠤᠨ ᠡᠮᠦᠨ᠎ᠠ ᠨᠢᠬᠡ ᠮᠠᠰᠢᠨ ᠲᠡᠷᠬᠡ ᠢᠷᠡᠵᠥ ᠵᠤᠭᠰᠤᠪᠠ ᠃ ᠯᠢᠦ ᠰᠢᠩ ᠽᠠᠢ ᠲᠡᠷᠬᠡᠨ ᠲᠤᠳᠤᠷᠠᠬᠢ ᠬᠦᠮᠦᠰ᠎ᠤᠨ ᠪᠠᠶ᠎ᠠ᠎ᠶᠢᠨ ᠬᠠᠯᠠᠭᠤᠨ᠎ᠢ ᠨᠠᠷᠢᠠ ᠬᠢᠨᠠᠮᠠᠭᠠᠢ ᠬᠡᠮᠵᠢᠬᠦ᠎ᠶᠢᠨ ᠬᠠᠮᠳᠤ ︽ ᠤᠨᠴᠠᠭᠠᠢ ᠤᠴᠢᠷ ᠶᠠᠪᠤᠳᠠᠯ ᠦᠬᠡᠢ ᠪᠤᠯ ᠪᠢᠳᠠᠬᠡᠢ ᠭᠠᠳᠠᠭᠰᠢ ᠭᠠᠷᠤᠭᠠᠷᠠᠢ ᠂ ᠠᠪᠠᠭᠠᠶᠢᠨᠢᠶᠡᠨ ᠦᠬᠡ᠎ᠶᠢ ᠰᠤᠨᠤᠰᠴᠢᠬᠠ ︾ ᠬᠡᠵᠦ ᠰᠠᠨᠠᠭᠤᠯᠤᠨ᠎ᠠ ᠃
ᠲᠡᠷᠬᠡᠡ ᠳᠤᠳᠤᠷᠠᠬᠢ ᠬᠦᠮᠦᠰ ᠨᠢᠬᠡᠨ ᠵᠡᠷᠬᠡ ᠵᠦᠪᠳᠡᠯᠴᠡᠭᠰᠡᠡᠢᠶᠡᠨ ᠲᠡᠬᠦᠨ᠎ᠤ ᠢᠳᠬᠠᠯ᠎ᠢ ᠰᠤᠨᠤᠰᠤᠭᠠᠳ ᠮᠠᠰᠢᠨ ᠲᠡᠷᠬᠡ᠎ᠪᠠᠨ ᠡᠷᠬᠢᠬᠦᠯᠵᠦ ᠲᠤᠰᠬᠤᠨ ᠵᠦᠭ᠎ᠢᠶᠡᠨ ᠪᠤᠴᠠᠪᠠ ᠃ ᠯᠢᠦ ᠰᠢᠩ ᠽᠠᠢ ᠪᠠᠰᠠ ᠲᠡᠳᠠᠠᠢ ︽ ᠭᠠᠳᠠᠬᠰᠢ ᠭᠠᠷᠪᠠᠯ ᠠᠮᠠᠪᠴᠢ ᠵᠡᠬᠦᠵᠦ ᠂ ᠬᠡᠷ᠎ᠲᠡᠭᠡᠨ ᠤᠷᠤᠪᠠᠯ ᠭᠠᠷ᠎ᠢᠶᠡᠨ ᠰᠠᠢᠠ ᠤᠬᠢᠶᠠᠵᠥ ᠠᠷᠢᠭᠤᠳᠬᠠ ︾ ᠬᠡᠵᠦ ᠰᠠᠨᠠᠭᠤᠯᠤᠨ᠎ᠠ ᠃
ᠯᠢᠦ ᠰᠢᠩ ᠽᠠᠢ ᠡᠨᠡ ᠵᠢᠯ 70 ᠨᠠᠰᠤᠳᠠᠢ ᠂ ᠨᠠᠮ᠎ᠳ᠋ᠤ ᠤᠷᠤᠭᠠᠳ 46 ᠵᠢᠯ ᠪᠤᠯᠵᠦ ᠪᠠᠢᠨ᠎ᠠ ᠂ ᠲᠡᠷᠠ ᠲᠤᠰᠬᠤᠨ᠎ᠤ᠎ᠪᠠᠨ ᠨᠠᠮ᠎ᠤᠨ ᠡᠬᠦᠷ᠎ᠤᠨ ᠱᠦᠵᠢ᠎ᠶᠢᠨ ᠲᠤᠰᠢᠶᠠᠯ᠎ᠡᠴᠠ ᠪᠠᠭᠤᠭᠰᠠᠨ᠎ᠤ ᠲᠠᠷᠠᠭ᠎ᠠ ᠲᠤᠰᠬᠤᠨ᠎ᠤ ᠬᠦᠮᠦᠰ ᠪᠦᠷ ᠲᠡᠬᠦᠨ᠎ᠢ ︽ ᠠᠬᠠᠮᠠᠳ ᠱᠦᠵᠢ ︾ ᠬᠡᠵᠦ ᠬᠦᠨᠳᠤᠳᠬᠡᠨ ᠲᠠᠭᠤᠳᠠᠳᠠᠭ ᠃ ᠲᠡᠷᠡ ᠪᠤᠯ ᠪᠠᠶᠠᠩᠤᠤᠯ ᠪᠠᠯᠭᠠᠰᠤ᠎ᠶᠢᠨ ᠰᠢᠨ᠎ᠠ ᠲᠢᠳᠢᠮᠯᠢᠭ ᠠᠭᠤᠰᠬᠢᠨ ᠦᠷᠪᠢᠰᠤᠯ᠎ᠤᠨ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠬᠤᠷᠢᠭᠯᠠᠯᠳᠠ᠎ᠶᠢᠨ ᠲᠠᠢᠯᠠᠯᠳᠤᠭᠠᠨ᠎ᠳ᠋ᠤ ᠰᠠᠢᠨ ᠲᠤᠷ᠎ᠠ᠎ᠡᠴᠠ᠎ᠪᠠᠨ ᠨᠡᠷ᠎ᠠ ᠮᠡᠳᠡᠬᠦᠯᠵᠤ ᠤᠷᠤᠯᠴᠠᠭᠰᠠᠨ ᠲᠦᠷᠦᠭᠦᠤ ᠪᠦᠯᠦᠭ᠎ᠤᠨ ᠰᠠᠢᠨ ᠲᠤᠷᠠᠴᠤᠳ᠎ᠤᠨ ᠨᠢᠬᠡ ᠂ ᠮᠦᠨ ᠴᠦ ᠲᠤᠰ ᠪᠠᠯᠭᠠᠰᠤ᠎ᠶᠢᠨ ᠨᠠᠰᠤ᠎ᠪᠠᠷ ᠬᠠᠮᠤᠭ᠎ᠤᠨ ᠠᠬᠠᠮᠠᠳ ᠰᠠᠢᠨ ᠲᠤᠷᠠᠴᠢᠠ ᠪᠤᠯᠤᠨ᠎ᠠ ᠃ ᠡᠳᠦᠷ ᠪᠦᠷᠢ ᠬᠤᠶᠠᠷ ᠡᠬᠡᠯᠵᠢ ᠵᠢᠵᠢᠬᠦᠷᠯᠡᠵᠦ ᠂ ᠦᠷᠯᠦᠬᠡ᠎ᠶᠢᠨ 6 ᠴᠠᠭ᠎ᠡᠴᠠ ᠦᠳᠡ᠎ᠶᠢᠨ 12 ᠴᠠᠭ ᠪᠤᠯᠳᠠᠯ᠎ᠠ ᠠᠵᠢᠯ᠎ᠤᠨ ᠪᠠᠢᠷᠢ᠎ᠪᠠᠨ ᠪᠠᠳᠤ ᠰᠠᠬᠢᠨ᠎ᠠ ᠃ ᠠᠩᠬ᠎ᠠ ᠡᠬᠢᠯᠡᠬᠡᠳ ᠲᠤᠰᠬᠤᠨ᠎ᠤ ᠤᠳᠤᠷᠢᠳᠤᠯᠭ᠎ᠠ ᠲᠡᠬᠦᠨ᠎ᠢ ᠨᠠᠰᠤ ᠠᠬᠢᠵᠡᠢ ᠬᠡᠵᠥ ᠲᠤᠰᠬᠠᠢ ᠵᠢᠵᠢᠬᠦᠷ ᠲᠤᠬᠢᠷᠠᠭᠤᠯᠤᠭᠰᠠᠠ ᠦᠬᠡᠢ᠎ᠳ᠋ᠤ ᠲᠡᠷᠡ ᠲᠦᠷᠦᠯ ᠰᠠᠳᠤᠨᠡᠴᠠᠪᠠᠨ ᠠᠮᠠᠪᠴᠢ ᠠᠪᠴᠦ ᠂ ᠵᠢᠵᠢᠬᠦᠷ ᠪᠦᠬᠦᠨ᠎ᠳ᠋ᠤ ᠬᠠᠮᠵᠢᠯᠴᠠᠬᠤ᠎ᠶᠢᠨ ᠬᠠᠮᠳᠤ ᠄ ︽ ᠰᠠᠷᠰ᠎ᠤᠨ ᠬᠢᠵᠢᠭ ᠲᠡᠯᠬᠡᠷᠡᠭᠰᠡᠨ ᠦᠶ᠎ᠠ᠎ᠳ᠋ᠤ ᠪᠢ ᠲᠤᠰᠬᠤᠨ᠎ᠤ ᠨᠠᠮ᠎ᠤᠨ ᠡᠬᠦᠷ᠎ᠤᠨ ᠱᠦᠵᠢ ᠪᠠᠢᠬᠰᠠᠠ ᠪᠤᠯᠬᠤᠷ ᠬᠢᠵᠢᠭ᠎ᠲᠠᠢ ᠲᠡᠮᠡᠴᠡᠭᠰᠡᠨ ᠠᠵᠢᠯ᠎ᠤᠨ ᠲᠤᠷᠰᠢᠯᠭ᠎ᠠ᠎ᠲᠠᠢ ᠂ ᠦᠨᠦ ᠮᠢᠨᠦ ᠪᠡᠶ᠎ᠠ ᠴᠢᠬᠢᠷᠠᠭ ᠪᠠᠢᠬᠰᠠᠭᠠᠷ ᠂ ᠨᠠᠳᠠ᠎ᠶᠢ ᠰᠡᠷᠬᠡᠢᠯᠡᠨ ᠡᠵᠡᠮᠳᠡᠬᠦ ᠬᠤᠷᠢᠭᠯᠠᠯᠳᠠ᠎ᠶᠢᠨ ᠲᠠᠢᠯᠠᠯᠳᠤᠭᠠᠨ᠎ᠳ᠋ᠤ ᠤᠷᠤᠯᠴᠠᠭᠤᠯᠪᠠᠯ ᠵᠤᠬᠢᠨ᠎ᠠ ᠂ ᠪᠢᠳᠡᠬᠡᠢ ᠬᠤᠷᠢᠬᠯᠠᠭᠠᠷᠠᠢ ︾ ᠬᠡᠵᠦ ᠡᠷᠡᠰ ᠰᠢᠭᠤᠷᠬᠠᠢ ᠬᠡᠯᠡᠨ᠎ᠠ ᠃ ︽ ᠠᠬᠠᠮᠠᠳ ᠱᠦᠵᠢ ᠬᠠᠵᠠᠭᠤ᠎ᠳ᠋ᠤ ᠪᠠᠢᠪᠠᠯ ᠤᠯᠠᠨ᠎ᠤ ᠤᠷᠮ᠎ᠠ ᠵᠤᠷᠢᠭ ᠤᠯᠠᠮ ᠪᠠᠳᠠᠷᠠᠴᠢᠬᠠᠳᠠᠭ ᠃ ᠠᠬᠠᠮᠠᠳ ᠱᠦᠵᠢ᠎ᠶᠢᠨ ᠨᠡᠮᠴᠢ ᠴᠢᠨᠡᠷ ᠂ ᠬᠦᠮᠦᠨ ᠮᠦᠰᠦ᠎ᠶᠢ ᠪᠢᠳᠡ ᠬᠡᠵᠢᠶ᠎ᠠ ᠴᠤ ᠰᠤᠷᠤᠭᠠᠳ ᠪᠠᠷᠠᠬᠤ ᠦᠬᠡᠢ ᠶᠤᠮ ︾ ᠬᠡᠵᠦ ᠴᠠᠩ ᠱᠠᠨ ᠲᠤᠰᠬᠤᠨ᠎ᠤ ᠨᠠᠮ᠎ᠤᠨ ᠡᠬᠦᠷ᠎ᠤᠨ ᠱᠦᠵᠢ ᠵᠤᠤ ᠰᠢᠶᠤᠤ ᠬᠤᠢ ᠶᠠᠷᠢᠨ᠎ᠠ ᠃
ᠨᠠᠰᠤ ᠠᠬᠢᠭᠰᠠᠨ ᠬᠦᠮᠦᠨ ᠦᠯᠦᠰᠬᠦ᠎ᠶᠢ ᠲᠡᠭᠠᠭᠠᠬᠤ ᠦᠬᠡᠢ ᠪᠤᠯᠬᠤᠷ ᠯᠢᠦ ᠰᠢᠩ ᠽᠠᠢ ᠨᠠᠰᠤᠳᠠᠠ ᠪᠡᠶᠠᠳ᠋ᠡᠭᠡᠨ ᠬᠠᠭᠤᠷᠠᠢ ᠬᠦᠨᠡᠰᠤ ᠠᠪᠴᠦ ᠂ ᠬᠦᠮᠦᠨ ᠬᠠᠷ᠎ᠠ ᠴᠦᠬᠡᠡ ᠦᠶ᠎ᠠ᠎ᠳ᠋ᠤ ᠬᠠᠯᠠᠭᠤᠨ ᠤᠰᠤ ᠤᠭᠤᠴᠢᠵᠦ ᠬᠡᠳᠦᠨ ᠠᠮᠠ ᠢᠳᠡᠳᠡᠭ ᠃ ᠪᠡᠶ᠎ᠠ᠎ᠶᠢᠨ ᠬᠠᠯᠠᠭᠤᠨ᠎ᠢ ᠬᠡᠮᠵᠢᠬᠦ ᠡᠯᠧᠺᠲ᠋ᠷᠤᠨ ᠬᠡᠮᠵᠢᠬᠦᠷ ᠬᠦᠢᠳᠡᠡ᠎ᠳ᠋ᠤ ᠦᠢᠯᠡᠳᠦᠯ᠎ᠢᠶᠡᠨ ᠠᠯᠳᠠᠳᠠᠭ ᠪᠤᠯᠬᠤᠷ ᠲᠡᠷᠡ ᠬᠡᠮᠵᠢᠬᠦᠷ᠎ᠢᠶᠡᠨ ᠡᠪᠤᠷᠳᠤᠯᠡᠵᠦ ᠬᠠᠯᠠᠭᠤᠠ ᠪᠠᠢᠯᠭᠠᠬᠤ᠎ᠶᠢ ᠪᠠᠳᠤᠯᠠᠨ᠎ᠠ ᠃ ᠡᠬᠡᠯᠵᠢ ᠰᠤᠯᠢᠬᠤ ᠪᠤᠯᠤᠯ᠎ᠠ ᠂ ᠲᠡᠷᠡ ᠡᠪᠤᠷᠡᠴᠠᠪᠠᠨ ᠬᠠᠯᠠᠭᠤᠨ᠎ᠤ ᠬᠡᠮᠵᠢᠬᠦᠷ᠎ᠢᠶᠡᠨ ᠭᠠᠷᠭᠠᠭᠠᠳ ᠡᠬᠡᠯᠵᠢ ᠠᠪᠤᠭᠴᠢ᠎ᠶᠢᠨ᠎ᠢᠶᠡᠨ ᠡᠪᠤᠷ᠎ᠲᠤ ᠬᠢᠪᠠ ᠃ ᠬᠡᠷ᠎ᠲᠡᠭᠡᠨ ᠬᠠᠷᠢᠭᠠᠳ ᠯᠢᠦ ᠨᠠᠰᠤᠳᠠᠨ ᠱᠠᠬᠠᠢ᠎ᠪᠠᠨ ᠲᠠᠢᠯᠵᠦ ᠬᠠᠠᠵᠤᠨ ᠲᠡᠬᠡᠷ᠎ᠠ᠎ᠪᠠᠨ ᠭᠠᠷᠤᠮᠠᠭᠴᠠ ᠲᠠᠪᠢᠰᠬᠡᠷ ᠲᠤᠤᠭᠤᠷ ᠲᠡᠭᠠᠷᠠᠵᠥ ᠮᠢᠨᠴᠦᠬᠦᠷᠡᠭᠰᠡᠨ ᠬᠦᠯᠢᠶᠡᠨ ᠬᠢᠵᠥ ᠪᠦᠯᠢᠶᠡᠰᠬᠡᠨᠠ ᠃ ᠯᠢᠦ ᠨᠠᠰᠤᠳᠠᠨ ᠬᠦᠯᠢᠶᠡᠨ ᠲᠤᠯᠠᠭᠠᠴᠠᠭᠤᠯᠬᠤ᠎ᠶᠢᠨ ᠵᠡᠷᠬᠡ᠎ᠪᠠᠷ ᠦᠳᠡ᠎ᠶᠢᠨ ᠬᠤᠭᠤᠯᠠ᠎ᠪᠠᠨ ᠢᠳᠡᠵᠦ ᠪᠠᠷᠠᠭᠠᠳ ᠪᠠᠭ᠎ᠠ ᠯᠠ ᠠᠮᠤᠰᠬᠢᠮᠠᠭᠴᠠ ᠲᠠᠬᠢᠭᠠᠳ ᠲᠤᠰᠬᠤᠨ᠎ᠤ ᠠᠷᠠᠳ᠎ᠤᠨ ᠵᠦᠪᠯᠡᠯ᠎ᠳ᠋ᠤ ᠵᠢᠵᠢᠬᠦᠷᠯᠡᠬᠦ᠎ᠪᠠᠷ ᠶᠠᠪᠤᠪᠠ ᠃
ᠤᠳᠤᠬᠠᠨ᠎ᠳ᠋ᠤ ᠪᠠᠶᠠᠩᠤᠤᠯ ᠪᠠᠯᠭᠠᠰᠤ᠎ᠶᠢᠨ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠬᠤᠷᠢᠭᠯᠠᠯᠳᠠ᠎ᠶᠢᠨ ᠲᠠᠢᠯᠠᠯᠳᠤᠭᠠᠨ᠎ᠤ ᠹᠷᠤᠨᠲ᠎ᠲᠤ ᠭᠠᠪᠰᠢᠭᠠᠢᠯᠠᠠ ᠠᠵᠢᠯᠯᠠᠵᠥ ᠪᠠᠢᠭ᠎ᠠ ᠰᠠᠢᠨ ᠲᠤᠷᠠᠴᠤᠳ 300 ᠭᠠᠷᠤᠢ ᠬᠦᠮᠦᠨ ᠪᠠᠢᠵᠤ ᠂ ᠪᠦᠷ ᠰᠠᠢᠨ ᠲᠤᠷ᠎ᠠ᠎ᠡᠴᠠ᠎ᠪᠠᠨ ᠨᠠᠮ᠎ᠤᠨ ᠲᠤᠭ᠎ᠲᠤ ᠲᠠᠩᠭᠠᠷᠢᠭᠯᠠᠨ ᠨᠠᠮ᠎ᠢᠶᠡᠨ ᠬᠠᠢᠷᠠᠯᠠᠵᠦ ᠤᠯᠤᠰ᠎ᠢᠶᠡᠨ ᠬᠠᠢᠷᠠᠯᠠᠬᠤ ᠤᠭ ᠰᠠᠨᠠᠭ᠎ᠠ᠎ᠪᠠᠨ ᠦᠢᠯᠡᠳᠦᠯᠬᠡᠵᠢᠬᠦᠯᠤᠨᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠠᠷᠢᠭᠤᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃