ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠨᠠᠮ᠎ᠤ᠋ᠨ ᠲᠤᠭ

2020-02-20 13:34:29

ᠵᠣᠬᠢᠶᠠᠭ᠍ᠴᠢ᠄ ᠲᠡᠭᠦᠰᠪᠢᠯᠢᠭ ᠣᠩᠱᠢᠭ᠍ᠰᠠᠨ ᠣᠳᠠᠭ᠎ᠠ᠄ 3

ᠬᠦᠬᠡᠮᠦ᠋ᠴᠢᠷ᠎ᠤᠨ ᠤᠭ ᠰᠠᠨᠠᠭ᠎ᠠ

︽ ᠪᠢ ᠪᠤᠯ ᠡᠪᠯᠡᠯ᠎ᠤᠨ ᠬᠡᠰᠢᠭᠦᠨ ᠂ ᠪᠠᠯᠭᠠᠰᠤᠨ᠎ᠤ ᠰᠡᠷᠭᠡᠢᠯᠡᠨ ᠡᠵᠡᠮᠳᠡᠬᠦ ᠠᠵᠢᠯ᠎ᠳ᠋ᠤ ᠤᠷᠤᠯᠴᠠᠵᠤ ᠪᠤᠯᠤᠨ᠎ᠠ ‍ᠤᠤ ︖ ︾ ᠪᠠᠴᠢᠮ ᠲᠤᠯᠭᠠᠮ ᠬᠢᠵᠢᠭ᠎ᠢ ᠰᠡᠷᠭᠡᠢᠯᠡᠨ ᠡᠵᠡᠮᠳᠡᠬᠦ ᠳᠠᠢᠯᠠᠯᠳᠤᠭᠠᠨ᠎ᠤ ᠲᠠᠯᠠᠪᠤᠷ᠎ᠲᠤ ᠂ ᠤᠷᠠᠳ᠎ᠤᠨ ᠡᠮᠦᠨᠡᠲᠦ ᠬᠤᠰᠢᠭᠤᠨ᠎ᠤ ᠪᠠᠶᠠᠨᠬᠤᠸᠠ ᠪᠠᠯᠭᠠᠰᠤᠨ᠎ᠤ ᠨᠠᠮ᠎ᠤᠨ ᠬᠤᠷᠢᠶᠠᠨ᠎ᠤ ᠱᠦᠵᠢ ᠲᠠᠨᠢᠯ ᠪᠤᠰᠤ ᠬᠦᠮᠦᠨ᠎ᠤ ᠤᠳᠠᠰᠤ᠎ᠶᠢ ᠲᠤᠰᠪᠠ ᠃ ᠡᠨᠡ᠎ᠨᠢ ᠨᠤᠳᠤᠬ᠎ᠲᠤ᠎ᠪᠠᠨ ᠪᠤᠴᠠᠵᠤ ᠦᠢᠯᠡᠰ ᠪᠤᠰᠬᠠᠭᠰᠠᠨ ᠵᠠᠯᠠᠭᠤ ᠬᠦᠬᠡᠮᠦ᠋ᠴᠢᠷ᠎ᠤᠨ ᠪᠠᠶᠠᠨᠬᠤᠸᠠ ᠪᠠᠯᠭᠠᠰᠤᠨ᠎ᠤ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠡᠮᠦᠨ᠎ᠠ ᠹᠷᠤᠨᠲ᠎ᠤᠨ ᠡᠩᠨᠡᠭᠡᠨ᠎ᠳ᠋ᠤ ᠤᠷᠤᠯᠴᠠᠬᠤ᠎ᠪᠠᠷ ᠰᠠᠨᠠᠭᠠᠴᠢᠯᠠᠭ᠎ᠠ᠎ᠡᠴᠠ᠎ᠪᠠᠨ ᠡᠷᠭᠦᠭᠰᠡᠨ ᠭᠤᠶᠤᠴᠢᠯᠠᠯ ᠪᠤᠯᠤᠨ᠎ᠠ ᠃


ᠬᠦᠭᠡᠮᠦ᠋ᠴᠢᠷ ᠡᠮᠦᠨ᠎ᠡ ᠹᠷᠤᠨᠲ᠎ᠲᠤ ᠵᠢᠵᠢᠭᠦᠷᠯᠡᠨ᠎ᠡ ᠃
ᠰᠤᠷᠪᠤᠯᠵᠢᠯᠠᠬᠴᠢ ᠳᠡᠬᠦᠰᠪᠢᠯᠢᠭ ᠰᠡᠬᠦᠳᠡᠷᠯᠠᠪᠠ

︽ ᠪᠢ ᠪᠤᠯ ᠲᠠᠯ᠎ᠠ ᠨᠤᠳᠤᠭ᠎ᠤᠨ ᠦᠷ᠎ᠡ ᠬᠡᠦᠬᠡᠳ ᠂ ᠮᠢᠨᠤ ᠭᠡᠷ᠎ᠤᠨ ᠠᠬᠠᠮᠠᠳ ᠪᠦᠭᠦᠳᠡᠬᠡᠷ᠎ᠢᠶᠡᠨ ᠨᠠᠮ᠎ᠤᠨ ᠬᠡᠰᠢᠭᠦᠳ ᠂ ᠮᠦᠨ ᠴᠤ ᠦᠨᠳᠦᠰᠦᠨ ᠱᠠᠲᠤᠨ᠎ᠤ ᠺᠠᠳ᠋ᠷᠴᠤᠳ ᠪᠠᠢᠵᠤ ᠂ ᠲᠡᠳᠡᠨ᠎ᠤ ᠠᠷᠠᠳ ᠤᠯᠠᠨ᠎ᠳ᠋ᠤ᠎ᠪᠠᠨ ᠭᠤᠶᠠᠴᠢ ᠦᠬᠡᠢ ᠵᠢᠳᠬᠦᠵᠤ ᠶᠠᠪᠤᠬᠰᠠᠨ᠎ᠢ ᠨᠢᠳᠤ᠎ᠪᠠᠷ᠎ᠢᠶᠡᠨ ᠦᠵᠡᠵᠤ ᠦᠰᠦᠭᠰᠡᠨ ᠶᠤᠮ ᠃ ᠨᠢᠳᠤᠨᠤᠨ ᠮᠠᠨ᠎ᠤ ᠨᠤᠳᠤᠭ᠎ᠲᠤ ᠦᠶᠡᠷ᠎ᠤᠨ ᠭᠠᠮᠰᠢᠭ ᠡᠭᠦᠰᠬᠦ᠎ᠳ᠋ᠤ ᠂ ᠪᠢ ᠭᠠᠴᠠᠭᠠᠨ᠎ᠤ᠎ᠪᠠᠨ ᠵᠢᠷᠬᠢᠶ᠎ᠠ᠎ᠶᠢᠨ ᠬᠤᠯᠪᠤᠭ᠎ᠠ᠎ᠡᠴᠠ ᠠᠪᠤ᠋ ᠪᠤᠯᠤᠨ ᠪᠠᠯᠭᠠᠰᠤᠨ᠎ᠤ ᠡᠯ᠎ᠡ ᠪᠠᠢᠭᠤᠯᠭ᠎ᠠ ᠨᠢᠭᠡᠴᠢ᠎ᠶᠢᠨ ᠠᠪᠠᠭ᠎ᠠ ᠨᠠᠷ ᠦᠶᠡᠷ᠎ᠤᠨ ᠤᠰᠤᠨ᠎ᠳ᠋ᠤ ᠲᠠᠭᠤᠭᠳᠠᠬᠤ ᠠᠶᠤᠯ᠎ᠢ ᠰᠦᠷᠦᠨ ᠰᠦᠨᠢ᠎ᠪᠠᠷ ᠭᠠᠴᠠᠭᠠᠨ᠎ᠤ ᠮᠠᠯᠴᠢᠳ᠎ᠢ ᠰᠢᠯᠵᠢᠭᠦᠯᠵᠦ ᠂ ᠮᠠᠯᠴᠢᠳ᠎ᠤᠨ ᠦᠭᠡᠷ ᠮᠠᠯ᠎ᠢ ᠬᠠᠮᠠᠭᠠᠯᠠᠵᠤ ᠂ ᠮᠠᠯᠴᠢᠳ᠎ᠲᠤ ᠲᠤᠰᠠᠯᠠᠨ ᠭᠠᠮᠰᠢᠭ᠎ᠤᠨ ᠲᠠᠷᠠᠭᠠᠬᠢ ᠲᠠᠬᠢᠨ ᠪᠦᠲᠦᠭᠡᠨ ᠪᠠᠢᠭᠤᠯᠤᠯᠲᠠ ᠬᠢᠬᠦ᠎ᠶᠢ ᠤᠯᠵᠤ ᠬᠠᠷᠠᠪᠠ ᠃ ᠪᠢ ᠲᠤᠬᠠᠢ᠎ᠶᠢᠨ ᠦᠶ᠎ᠡ᠎ᠳ᠋ᠤ ᠬᠠᠷᠢᠵᠤ ᠢᠷᠡᠭᠰᠡᠨ ᠦᠭᠡᠢ᠎ᠳ᠋ᠤ᠎ᠪᠠᠨ ᠬᠡᠮᠰᠢᠳᠡᠭ ︾ ᠭᠡᠵᠦ ᠳᠤᠭᠠᠴᠢᠬᠤ᠎ᠶᠢᠨ ᠳᠠᠭᠠᠤ᠎ᠳ᠋ᠤ ︽ ᠡᠨᠡ ᠤᠳᠠᠭ᠎ᠠ ᠂ ᠪᠢ ᠬᠠᠷᠢᠭᠠᠳ ᠢᠷᠡᠭᠰᠡᠨ ᠪᠤᠯᠬᠤᠷ ᠂ ᠡᠨᠡ ᠬᠦ ︿ ᠬᠤᠪᠢᠰᠬᠠᠯᠳᠤ ﹀ ᠬᠠᠷᠢᠭᠤᠴᠠᠯᠭ᠎ᠠ᠎ᠶᠢ ᠡᠭᠦᠷᠭᠡᠯᠡᠵᠦ ᠂ ᠬᠢᠵᠢᠭ᠎ᠤᠨ ᠪᠠᠢᠳᠠᠯ᠎ᠤᠨ ᠡᠮᠦᠨ᠎ᠡ ᠹᠷᠤᠨᠲ᠎ᠲᠤ ᠡᠷᠡᠯᠭᠡᠭᠯᠡᠨ ᠲᠡᠮᠡᠴᠡᠨ ᠂ ᠦᠪᠡᠷ᠎ᠤᠨ ᠬᠦᠴᠦ ᠨᠡᠮᠡᠷᠢ᠎ᠪᠠᠨ ᠵᠤᠷᠢᠭᠤᠯᠵᠤ ᠂ ᠬᠡᠷ᠎ᠤᠨ ᠬᠦᠮᠦᠨ ᠪᠤᠯᠤᠨ ᠨᠤᠳᠤᠭ᠎ᠤᠨ ᠤᠯᠠᠨ ᠲᠦᠮᠡᠨ᠎ᠢᠶᠡᠨ ᠬᠠᠮᠠᠭᠠᠯᠠᠬᠤ᠎ᠶᠢ ᠴᠢᠩ ᠰᠡᠳᠭᠢᠯ᠎ᠡᠴᠠ᠎ᠪᠠᠨ ᠬᠦᠰᠡᠵᠦ ᠪᠠᠢᠨ᠎ᠠ ︾ ᠭᠡᠮᠡᠨ ᠠᠬᠠᠮᠠᠳ ᠦᠶ᠎ᠡ᠎ᠶᠢᠨ᠎ᠢᠶᠡᠨ ᠨᠦᠯᠦᠭᠡᠯᠡᠯ ᠲᠤᠤᠷ ‍᠎ᠠ ᠂ 24 ᠨᠠᠰᠤᠲᠠᠢ ᠬᠦᠬᠡᠮᠦ᠋ᠴᠢᠷ ᠨᠠᠮ᠎ᠤᠨ ᠵᠤᠬᠢᠶᠠᠨ ᠪᠠᠢᠭᠤᠯᠤᠯᠲᠠ᠎ᠳ᠋ᠤ ᠲᠦᠪ ᠬᠢᠴᠢᠶᠡᠩᠭᠦᠢ᠎ᠪᠠᠷ ᠨᠢᠭᠡᠨ ᠬᠤᠪᠢ ᠨᠠᠮ᠎ᠳ᠋ᠤ ᠤᠷᠤᠬᠤ ᠡᠷᠬᠦᠳᠡᠯ᠎ᠤᠨ ᠪᠢᠴᠢᠭ ᠲᠤᠰᠢᠶᠠᠵᠤ ᠂ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠠᠵᠢᠯ ᠡᠬᠢᠯᠡᠭᠰᠡᠨ᠎ᠡᠴᠠ ᠨᠠᠭᠠᠰᠢ ᠂ ᠪᠤᠰᠤᠳ 36 ᠪᠠᠯᠭᠠᠰᠤᠨ᠎ᠤ ᠺᠠᠳ᠋ᠷ᠎ᠲᠠᠢ ᠬᠠᠮᠲᠤ᠎ᠪᠠᠷ 110 ᠨᠤᠮᠧᠷᠲᠤ ᠤᠯᠤᠰ᠎ᠤᠨ ᠵᠠᠮ᠎ᠤᠨ ᠬᠤᠶᠠᠷ ᠪᠠᠢᠴᠠᠭᠠᠯᠳᠠ᠎ᠶᠢᠨ ᠴᠡᠭ᠎ᠤᠨ 24 ᠴᠠᠭ᠎ᠤᠨ ᠲᠤᠷᠰᠢ ᠵᠢᠵᠢᠭᠦᠷᠯᠡᠬᠦ ᠡᠭᠦᠷᠭᠡ᠎ᠶᠢ ᠡᠭᠦᠷᠭᠡᠯᠡᠵᠦ ᠂ ᠡᠨᠡ ᠬᠦ ᠤᠳᠤᠭ᠎ᠠ ᠦᠭᠡᠢ ᠲᠠᠢᠯᠠᠯᠳᠤᠭᠠᠨ᠎ᠳ᠋ᠤ ᠲᠠᠲᠠᠭᠠᠯᠵᠠᠯ ᠦᠭᠡᠢ ᠤᠷᠤᠯᠴᠠᠭᠰᠠᠨ ᠪᠠᠢᠨ᠎ᠠ ᠃
ᠡᠮᠦᠨ᠎ᠡ ᠹᠷᠤᠨᠲ ᠪᠤᠯ ᠤᠭ ᠰᠠᠨᠠᠭ᠎ᠠ᠎ᠪᠠᠨ ᠤᠶᠢᠯᠡᠳᠤᠯᠭᠡᠵᠢᠬᠦᠯᠬᠦ ᠰᠢᠯᠭᠠᠭᠤᠷ ᠮᠦᠨ ︕ ᠤᠳᠤ ᠪᠤᠯᠲᠠᠯ᠎ᠠ ᠤᠷᠠᠳ᠎ᠤᠨ ᠡᠮᠦᠨᠡᠲᠦ ᠬᠤᠰᠢᠭᠤᠨ᠎ᠳ᠋ᠤ ᠨᠢᠭᠡᠨᠲᠡ 30 ᠭᠠᠷᠤᠢ ᠬᠦᠮᠦᠨ ᠨᠠᠮ᠎ᠤᠨ ᠵᠤᠬᠢᠶᠠᠨ ᠪᠠᠢᠭᠤᠯᠤᠯᠲᠠ᠎ᠳ᠋ᠤ ᠬᠢᠵᠢᠭ᠎ᠤᠨ ᠪᠠᠢᠳᠠᠯ᠎ᠢ ᠰᠡᠷᠭᠡᠶᠢᠯᠡᠨ ᠡᠵᠡᠮᠳᠡᠬᠦ ᠡᠮᠦᠨ᠎ᠡ ᠹᠷᠤᠨᠲ ᠳᠡᠭᠡᠷ᠎ᠠ ᠨᠠᠮ᠎ᠳ᠋ᠤ ᠤᠷᠤᠬᠤ ᠡᠷᠬᠦᠳᠡᠯ᠎ᠤᠨ ᠪᠢᠴᠢᠭ ᠳᠡᠪᠰᠢᠭᠦᠯᠵᠦ ᠂ ᠡᠳᠡᠭᠡᠷ ᠡᠷᠬᠦᠳᠡᠯ᠎ᠤᠨ ᠪᠢᠴᠢᠭ ᠪᠤᠯᠭᠠᠨ ᠪᠤᠯ ᠲᠠᠷᠤᠢ ᠳᠠᠢᠯᠠᠯᠳᠤᠭᠠᠨ᠎ᠳ᠋ᠤ ᠮᠤᠷᠳᠠᠬᠤ ᠡᠷᠭᠦᠳᠡᠯ ᠂ ᠵᠤᠷᠢᠭ᠎ᠢᠶᠡᠨ ᠢᠯᠡᠳᠭᠡᠬᠦ ᠪᠢᠴᠢᠭ ᠪᠠᠢᠵᠤ ᠂ ᠨᠡᠮ᠎ᠳ᠋ᠤ ᠡᠷᠬᠦᠮᠵᠢᠯᠡᠭᠰᠡᠳ ᠪᠦᠬᠦᠨ᠎ᠤ ᠠᠷᠠᠳ ᠲᠦᠮᠡᠨ᠎ᠳ᠋ᠤ ᠦᠢᠯᠡᠴᠢᠯᠡᠬᠦ ᠤᠭ ᠰᠠᠨᠠᠭ᠎ᠠ ᠂ ᠦᠨᠡᠨ ᠰᠡᠳᠭᠢᠯ ᠪᠤᠯᠤᠨ᠎ᠠ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠴᠣᠷᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面