2020-02-27 10:32:38
ᠳᠦᠷᠪᠡᠳ᠎ᠦᠨ ᠲᠠᠯ᠎ᠠ ᠨᠤᠳᠤᠭ᠎ᠤᠨ ᠪᠠᠲᠤ ᠰᠠᠬᠢᠭᠤᠯ
ᠤᠯᠠᠭᠠᠨᠴᠠᠪ᠎ᠤᠨ ᠬᠢᠯᠢ᠎ᠶᠢᠨ ᠬᠠᠮᠢᠶᠠᠷᠤᠯᠲᠠ᠎ᠶᠢᠨ ᠰᠠᠯᠪᠤᠷᠢ ᠠᠩᠭᠢ᠎ᠶᠢᠨ ᠲᠦᠷᠪᠡᠳ ᠬᠤᠰᠢᠭᠤᠠᠳ᠋ᠠᠬᠢ ᠬᠢᠯᠢ᠎ᠶᠢᠨ ᠬᠠᠮᠢᠶᠠᠷᠤᠯᠲᠠ᠎ᠶᠢᠨ ᠶᠡᠬᠡ ᠠᠩᠭᠢ᠎ᠶᠢᠨ ᠺᠠᠳ᠋ᠷ ᠴᠠᠭᠳᠠᠭ᠎ᠠ ᠨᠠᠷ ᠬᠦᠢᠳᠡᠨ ᠰᠠᠯᠬᠢ᠎ᠶᠢ ᠰᠦᠷᠴᠤ ᠂ ᠬᠢᠵᠢᠭ᠎ᠤᠨ ᠪᠠᠶᠢᠳᠠᠯ᠎ᠢ ᠰᠡᠷᠭᠡᠶᠢᠯᠡᠨ ᠡᠵᠡᠮᠳᠡᠬᠦ ᠡᠮᠦᠨ᠎ᠡ ᠹᠷᠣᠨᠲ᠎ᠲᠤ ᠭᠠᠪᠰᠢᠭᠠᠢᠯᠠᠨ ᠬᠢᠯᠢ᠎ᠪᠠᠨ ᠰᠠᠬᠢᠵᠤ ᠬᠢᠵᠢᠭ᠎ᠢ ᠰᠡᠷᠭᠡᠢᠯᠡᠭᠦ ︽ ᠪᠠᠢᠯᠳᠤᠭᠴᠢ ︾ ᠪᠤᠯᠵᠤ ᠭᠠᠪᠰᠢᠭᠠᠢᠯᠠᠨᠠ ᠃
ᠬᠢᠵᠢᠭ ᠠᠷᠢᠯᠬᠤ ᠥᠬᠡᠶ ᠪᠣᠯ ᠡᠮᠥᠨ᠎ᠡ ᠹᠷᠤᠨᠲ᠎ᠡᠴᠠ ᠤᠬᠤᠷᠢᠬᠤ ᠥᠬᠡᠶ
ᠨᠣᠮᠣᠭᠠᠨ ᠰᠤᠮᠤᠨ᠎ᠤ ᠬᠢᠵᠢᠭ᠎ᠤᠨ ᠪᠠᠶᠢᠳᠠᠯ᠎ᠢ ᠰᠡᠷᠭᠡᠶᠢᠯᠡᠨ ᠡᠵᠡᠮᠳᠡᠬᠦ ᠲᠦᠷ ᠴᠠᠭ᠎ᠤᠨ ᠪᠠᠶᠢᠴᠠᠭᠠᠬᠤ ᠥᠷᠲᠡᠭᠡ᠎ᠳ᠋ᠤ ᠨᠠᠮ᠎ᠤᠨ ᠲᠤᠭ ᠰᠠᠯᠬᠢᠨ᠎ᠤ ᠠᠶ᠎ᠠ᠎ᠪᠠᠷ ᠨᠠᠮᠢᠷᠠᠵᠤ ᠂ ᠲᠦᠢᠯ᠎ᠤᠨ ᠲᠤᠯᠠᠭᠠᠨ ᠲᠤᠲᠤᠨᠤ ᠰᠠᠨᠠᠭᠳᠠᠨ᠎ᠠ ᠃ ᠤᠤᠯ᠎ᠨᠢ ᠤᠯᠠᠭᠠᠨᠴᠠᠪ᠎ᠤᠨ ᠬᠢᠯᠢ᠎ᠶᠢᠨ ᠬᠠᠮᠢᠶᠠᠷᠤᠯᠲᠠ᠎ᠶᠢᠨ ᠰᠠᠯᠪᠤᠷᠢ ᠠᠩᠭᠢ᠎ᠶᠢᠨ ᠲᠦᠷᠪᠡᠳ ᠬᠤᠰᠢᠭᠤᠠᠳ᠋ᠠᠬᠢ ᠬᠢᠯᠢ᠎ᠶᠢᠨ ᠬᠠᠮᠢᠶᠠᠷᠤᠯᠲᠠ᠎ᠶᠢᠨ ᠶᠡᠬᠡ ᠠᠩᠭᠢ᠎ᠶᠢᠨ ︽ ᠨᠠᠮ᠎ᠤᠨ ᠭᠡᠰᠢᠭᠦᠨ᠎ᠤ ᠭᠠᠪᠰᠢᠭᠠᠶ ᠠᠩᠭᠢ ︾ ᠡᠨᠳᠡ ᠪᠠᠢᠭᠤᠯᠤᠭᠳᠠᠵᠤ ᠂ ᠬᠢᠵᠢᠭ᠎ᠤᠨ ᠪᠠᠶᠢᠳᠠᠯ᠎ᠢ ᠬᠦᠴᠦᠯᠡᠨ ᠰᠡᠷᠭᠡᠢᠯᠡᠵᠤ ᠂ ᠮᠠᠯᠴᠢᠨ ᠲᠦᠮᠡᠨ᠎ᠤ ᠠᠮᠢ ᠨᠠᠰᠤ ᠪᠠ ᠬᠢᠯᠢ ᠬᠢᠵᠠᠭᠠᠷ᠎ᠤᠨ ᠠᠮᠤᠷ ᠲᠤᠭᠳᠠᠭᠤᠨ᠎ᠢ ᠬᠠᠮᠠᠭᠠᠯᠠᠵᠤ ᠪᠠᠢᠭ᠎ᠠ ᠠᠵᠢ ᠃
1 ᠰᠠᠷ᠎ᠠ᠎ᠶᠢᠨ 25᠎ᠤ ᠡᠳᠦᠷ ᠂ ᠲᠣᠰ ᠶᠡᠬᠡ ᠠᠩᠭᠢ᠎ᠶᠢᠨ ᠨᠣᠮᠣᠭᠠᠨ ᠬᠢᠯᠢ᠎ᠶᠢᠨ ᠲᠣᠮᠢᠯᠠᠭᠰᠠᠨ ᠰᠠᠯᠪᠤᠷᠢ᠎ᠶᠢᠨ ᠵᠢᠯᠣᠭᠣᠳᠣᠭᠴᠢ ᠮᠸᠩ ᠷᠦᠩ ᠴᠠᠩ ᠤᠲᠠᠰᠤ ᠳᠤᠰᠤᠭᠰᠠᠨ᠎ᠤ ᠳᠠᠷᠠᠭ᠎ᠠ ᠂ ᠨᠠᠮ᠎ᠤᠨ ᠭᠡᠰᠢᠭᠦᠨ ᠴᠠᠭᠳᠠᠭ᠎ᠠ ᠨᠠᠷ᠎ᠢᠶᠡᠨ ᠲᠠᠭᠤᠳᠠᠨ ᠨᠠᠮ᠎ᠤᠨ ᠭᠡᠰᠢᠭᠦᠨ ᠨᠢᠭᠡᠪᠦᠷᠢ ᠬᠢᠵᠢᠭ᠎ᠤᠨ ᠪᠠᠶᠢᠳᠠᠯ᠎ᠢ ᠰᠡᠷᠭᠡᠶᠢᠯᠡᠨ ᠡᠵᠡᠮᠳᠡᠬᠦ ᠨᠢᠭᠡᠳᠦᠭᠡᠷ ᠹᠷᠣᠨᠲ᠎ᠢ ᠪᠠᠲᠤ ᠰᠠᠬᠢᠵᠤ ᠂ ᠬᠦᠴᠦ᠎ᠪᠠᠨ ᠬᠠᠮᠳᠤᠳᠬᠠᠨ ᠬᠦᠴᠢᠷ ᠪᠡᠷᠬᠡᠰᠢᠶᠡᠯ᠎ᠢ ᠢᠯᠠᠨ ᠳᠠᠪᠠᠵᠤ ᠂ ᠬᠢᠵᠢᠭ ᠠᠷᠢᠯᠬᠤ ᠦᠭᠡᠢ ᠪᠤᠯ ᠶᠠᠭᠠᠬᠢᠭᠰᠠᠨ ᠴᠤ ᠤᠬᠤᠷᠢᠬᠤ ᠦᠭᠡᠢ ᠬᠡᠰᠡᠨ ︽ ᠨᠠᠮ᠎ᠤᠨ ᠭᠡᠰᠢᠭᠦᠨ᠎ᠤ ᠳᠠᠶᠢᠴᠢᠯᠠᠯᠲᠠ᠎ᠶᠢᠨ ᠵᠠᠷᠯᠢᠭ ︾ ᠨᠡᠶᠢᠲᠡᠯᠡᠪᠡ ᠃
ᠴᠠᠭᠠᠨ ᠰᠠᠷ᠎ᠠ᠎ᠶᠢᠨ ᠠᠷᠪᠠᠨ ᠲᠠᠪᠤᠨ᠎ᠤ ᠡᠳᠦᠷ ᠂ ᠡᠮᠦᠨ᠎ᠡ ᠹᠷᠣᠨᠲ᠎ᠲᠤ ᠪᠠᠶᠢᠭ᠎ᠠ ᠨᠣᠮᠣᠭᠠᠨ ᠲᠣᠮᠢᠯᠠᠭᠰᠠᠨ ᠰᠠᠯᠪᠤᠷᠢ᠎ᠶᠢᠨ ᠳᠠᠷᠤᠭ᠎ᠠ ᠾᠧᠦ ᠬᠦᠢ ᠹᠸᠩ᠎ᠤᠨ ᠬᠦᠦ᠎ᠨᠢ ᠤᠳᠠᠰᠤ ᠢᠷᠡᠬᠦᠯᠵᠥ ᠄ ︽ ᠠᠪᠤ᠋ ᠡ ᠂ ᠱᠥᠯᠥ᠎ᠲᠠᠢ ᠬᠤᠭᠤᠯᠠ ᠢᠳᠡᠬᠦ᠎ᠪᠠᠷ ᠢᠷᠡᠬᠦ ᠦᠭᠡᠢ ᠤᠤ ︖ ᠴᠢᠮᠠᠢ ᠲᠠᠢᠰᠤᠨ᠎ᠢ ᠴᠣᠬᠢᠵᠤ ᠪᠠᠢᠨ᠎ᠠ ᠬᠡᠵᠥ ᠡᠵᠢ ᠬᠡᠯᠡᠵᠥ ᠪᠠᠢᠨ᠎ᠠ ᠂ ᠬᠡᠵᠢᠶ᠎ᠠ ᠴᠤᠬᠢᠵᠤ ᠪᠠᠷᠠᠬᠤ ᠪᠣᠶ ︖ ︾ ᠬᠡᠵᠥ ᠠᠰᠠᠭᠤᠨ᠎ᠠ ᠃
ᠾᠧᠦ ᠬᠦᠢ ᠹᠸᠩ᠎ᠤᠨ ᠨᠢᠳᠦᠨᠳ᠋ᠤᠨᠢ ᠵᠠᠢᠷ ᠬᠦᠶᠦᠪᠡ ᠃
ᠬᠡᠳᠦᠨ ᠡᠳᠦᠷ᠎ᠤᠨ ᠲᠤᠷᠰᠢ ᠂ ᠲᠡᠷᠡ ᠲᠤᠮᠢᠯᠠᠭᠰᠠᠨ ᠰᠠᠯᠪᠤᠷᠢ᠎ᠶᠢᠨ ᠴᠠᠭᠳᠠᠭ᠎ᠠ ᠨᠠᠷ᠎ᠢᠶᠡᠨ ᠳᠠᠭᠠᠭᠤᠯᠤᠨ ᠬᠢᠵᠢᠭ᠎ᠤᠨ ᠪᠠᠶᠢᠳᠠᠯ᠎ᠢ ᠰᠡᠷᠭᠡᠶᠢᠯᠡᠨ ᠡᠵᠡᠮᠳᠡᠬᠦ ᠪᠠᠶᠢᠴᠠᠭᠠᠯᠲᠠ᠎ᠶᠢᠨ ᠴᠡᠭ᠎ᠢ ᠪᠠᠲᠤ ᠰᠠᠬᠢᠵᠤ ︽ ᠨᠢᠭᠡ ᠲᠡᠷᠭᠡ᠎ᠶᠢ ᠴᠤ ᠦᠩᠬᠡᠷᠡᠬᠦᠯᠬᠦ ᠥᠬᠡᠶ ᠂ ᠨᠢᠭᠡ ᠬᠥᠮᠦᠨ᠎ᠢ ᠴᠦ ᠶᠠᠪᠤᠭᠤᠯᠬᠤ ᠥᠬᠡᠶ ︾ ᠬᠡᠰᠡᠡ ᠵᠠᠷᠯᠢᠭ ᠵᠢᠭᠠᠪᠤᠷᠢ᠎ᠶᠢ ᠡᠷᠡᠰ ᠬᠡᠷᠡᠭᠵᠢᠬᠦᠯᠪᠡ ᠃ ᠵᠢᠬᠡᠬᠦᠨ ᠰᠠᠯᠬᠢᠨ᠎ᠳ᠋ᠤ ᠲᠠᠭᠠᠷᠠᠬᠤ᠎ᠳᠠᠭᠠᠨ ᠬᠠᠶᠠ ᠬᠥᠯᠢᠶᠡᠨ ᠳᠡᠪᠰᠡᠯᠬᠢᠯᠡᠵᠥ ᠪᠡᠶ᠎ᠡ᠎ᠪᠠᠨ ᠪᠦᠯᠢᠶᠡᠰᠬᠡᠨᠡ ᠃
ᠾᠧᠦ ᠬᠦᠶ ᠹᠧᠩ ᠄ ︽ ᠪᠢ ᠨᠠᠮ᠎ᠤᠨ ᠭᠡᠰᠢᠭᠦᠨ᠎ᠤ ᠬᠢᠪᠡᠰᠦ ᠵᠤᠬᠢᠬᠤ ᠠᠵᠢᠯ᠎ᠢᠶᠡᠨ ᠬᠢᠵᠦ ᠪᠤᠢ ᠂ ᠮᠠᠨ᠎ᠤ ᠪᠥᠬᠥ ᠨᠠᠮ᠎ᠤᠨ ᠭᠡᠰᠢᠭᠦᠨ ᠴᠠᠭᠳᠠᠭ᠎ᠠ ︿ ᠬᠢᠵᠢᠭ ᠠᠷᠢᠯᠬᠤ ᠥᠬᠡᠶ ᠪᠣᠯ ᠶᠠᠭᠠᠬᠢᠭᠰᠠᠨ ᠴᠤ ᠰᠡᠷᠬᠡᠢᠯᠡᠨ ᠡᠵᠡᠮᠳᠡᠬᠦ ᠡᠮᠥᠨ᠎ᠡ ᠹᠷᠤᠨᠲ᠎ᠡᠴᠠ ᠤᠬᠤᠷᠢᠬᠤ ᠥᠬᠡᠶ ﹀ ᠬᠡᠰᠡᠨ ᠠᠮᠠᠯᠠᠯᠳᠠ᠎ᠲᠠᠢ ︾ ᠬᠡᠵᠤ ᠶᠠᠷᠢᠨ᠎ᠠ ᠃
ᠤᠬᠠᠭᠤᠯᠭ᠎ᠠ᠎ᠶᠢᠨ ᠬᠠᠭᠤᠲᠠᠰᠤ᠎ᠡᠴᠠ ᠤᠯᠠᠨ ᠵᠥᠢᠯ᠎ᠢ ᠮᠡᠳᠡᠭᠰᠡᠨ
︽ ᠦᠷᠭᠡᠨ ᠤᠯᠠᠨ ᠮᠠᠯᠴᠢᠨ ᠲᠦᠮᠡᠨ ᠮᠢᠨᠢ ᠰᠠᠶᠢᠨ ᠪᠠᠶᠢᠵᠠᠭᠠᠨ᠎ᠠ ᠤᠤ ︖ ᠦᠪᠠᠷ᠎ᠤᠨ ᠪᠡᠶ᠎ᠡ ᠪᠠ ᠦᠷᠦᠭᠡᠯ ᠪᠤᠰᠤᠳ᠎ᠤᠨ ᠡᠷᠡᠭᠦᠯ ᠮᠡᠨᠳᠦ᠎ᠶᠢᠨ ᠲᠥᠯᠥᠭᠡ ᠴᠠᠭᠠᠨ ᠰᠠᠷ᠎ᠠ᠎ᠶᠢᠨ ᠬᠤᠭᠤᠴᠠᠭᠠᠨ᠎ᠳ᠋ᠤ ᠠᠢᠯᠴᠢᠯᠡᠵᠦ ᠲᠤᠭᠤᠷᠢᠬᠤ ᠦᠬᠡᠢ ᠂ ᠨᠠᠢᠷ ᠴᠤᠭᠯᠠᠭᠠᠨ᠎ᠳ᠋ᠤ ᠤᠷᠤᠯᠴᠠᠬᠤ ᠦᠭᠡᠢ ᠂ ᠭᠠᠷ᠎ᠢᠶᠡᠨ ᠪᠠᠢᠩᠭᠤ ᠤᠬᠢᠶᠠᠵᠤ ᠂ ᠦᠷᠦᠭᠡ ᠬᠡᠷ᠎ᠲᠡᠭᠡᠨ ᠦᠷᠭᠦᠯᠵᠢ ᠰᠠᠯᠬᠢ ᠨᠡᠪᠲᠡᠷᠡᠭᠦᠯᠵᠥ ᠪᠠᠢᠭᠠᠷᠠᠢ ᠁ ︾
2 ᠰᠠᠷ᠎ᠠ᠎ᠶᠢᠨ 6᠎ᠤ ᠡᠳᠦᠷ ᠂ ᠨᠣᠮᠣᠭᠠᠨ ᠰᠤᠮᠤ᠎ᠶᠢᠨ ᠤᠯᠠᠭᠠᠨ ᠰᠢᠷᠡᠭᠡ ᠭᠠᠴᠠᠭ᠎ᠠ᠎ᠳ᠋ᠤ ᠂ ᠨᠣᠮᠣᠭᠠᠨ ᠬᠢᠯᠢ᠎ᠶᠢᠨ ᠲᠣᠮᠢᠯᠠᠭᠰᠠᠨ ᠰᠠᠯᠪᠤᠷᠢ᠎ᠶᠢᠨ ᠴᠠᠭᠳᠠᠭ᠎ᠠ ᠨᠠᠷ ᠯᠠᠪᠠᠷ᠎ᠢᠶᠠᠷ ᠰᠡᠷᠭᠡᠶᠢᠯᠡᠨ ᠡᠵᠡᠮᠳᠡᠬᠦ ᠮᠡᠳᠡᠯᠭᠡ᠎ᠶᠢ ᠤᠬᠠᠭᠤᠯᠵᠤ ᠶᠠᠪᠤᠨ᠎ᠠ ᠃
ᠮᠠᠯᠴᠢᠨ ᠰᠠᠶᠢᠵᠢᠷᠠᠬᠤ ᠄ ︽ ᠬᠢᠯᠢ᠎ᠶᠢᠨ ᠴᠠᠭᠳᠠᠭ᠎ᠠ ᠨᠠᠷ᠎ᠤᠨ ᠤᠬᠠᠭᠤᠯᠭ᠎ᠠ᠎ᠡᠴᠠ ᠬᠢᠵᠢᠭ᠎ᠢ ᠰᠡᠷᠭᠡᠢᠯᠡᠬᠦ ᠤᠯᠠᠨ ᠵᠥᠢᠯ᠎ᠢ ᠮᠡᠳᠡᠭᠰᠡᠨ ᠰᠢᠤ ᠂ ᠮᠠᠯᠴᠢᠳ᠎ᠤᠨ ᠲᠦᠯᠥᠬᠡ ᠲᠡᠳᠡ ᠶᠡᠬᠡ ᠵᠥᠳᠡᠷᠡᠭᠰᠡᠨ ︾ ᠬᠡᠵᠦ ᠶᠠᠷᠢᠨ᠎ᠠ ᠃
ᠲᠦᠪᠡᠳ ᠬᠤᠰᠢᠭᠤᠨ᠎ᠤ ᠪᠤᠳᠠᠳᠤ ᠪᠠᠢᠳᠠᠯ᠎ᠳ᠋ᠤ ᠵᠤᠬᠢᠴᠠᠭᠤᠯᠤᠨ ᠡᠯ᠎ᠡ ᠬᠢᠯᠢ᠎ᠶᠢᠨ ᠲᠣᠮᠢᠯᠠᠭᠰᠠᠨ ᠰᠠᠯᠪᠤᠷᠢ ᠠᠩᠬᠢ᠎ᠪᠠᠨ ᠮᠣᠩᠭᠣᠯ ᠬᠢᠲᠠᠳ ᠬᠡᠯᠡ᠎ᠪᠠᠷ ᠲᠥᠪᠯᠡᠷᠡᠩᠭᠦᠶ ᠤᠬᠠᠭᠤᠯᠭ᠎ᠠ ᠬᠢᠵᠠᠢ ᠃ ᠤᠯᠠᠨ᠎ᠳ᠋ᠤ ᠠᠮᠠᠷᠬᠠᠨ ᠤᠢᠯᠠᠭᠠᠭᠳᠠᠬᠤ ᠦᠭᠡ ᠶᠠᠷᠢᠶ᠎ᠠ᠎ᠪᠠᠷ ᠬᠢᠵᠢᠭ᠎ᠤᠨ ᠲᠤᠬᠠᠢ ᠮᠡᠳᠡᠭᠡ ᠵᠠᠩᠭᠢ ᠂ ᠰᠡᠷᠭᠡᠶᠢᠯᠡᠨ ᠡᠵᠡᠮᠳᠡᠬᠦ ᠮᠡᠳᠡᠯᠭᠡ᠎ᠶᠢ ᠲᠠᠰᠤᠷᠠᠯᠲᠠ ᠥᠬᠡᠶ ᠨᠡᠪᠲᠡᠷᠡᠭᠦᠯᠬᠦ᠎ᠶᠢᠨ ᠵᠡᠷᠬᠡ᠎ᠪᠠᠷ ᠬᠢᠵᠢᠭ᠎ᠤᠨ ᠪᠠᠶᠢᠳᠠᠯ᠎ᠢ ᠰᠡᠷᠭᠡᠶᠢᠯᠡᠨ ᠡᠵᠡᠮᠳᠡᠬᠦ ᠮᠡᠳᠡᠯᠭᠡ᠎ᠶᠢ ᠸᠢᠳᠢᠣ᠋ ᠪᠣᠯᠭᠠᠨ ᠰᠡᠭᠦᠳᠡᠷᠯᠡᠵᠤ ᠂ ᠸᠢᠴᠠᠲ᠎ᠢᠶᠠᠷ ᠰᠠᠴᠤᠨ ᠬᠢᠵᠢᠭ᠎ᠢ ᠰᠡᠷᠭᠡᠶᠢᠯᠡᠬᠦ ᠰᠠᠶᠢᠨ ᠠᠭᠤᠷ ᠠᠮᠢᠰᠬᠤᠯ᠎ᠢ ᠪᠣᠶ ᠪᠣᠯᠭᠠᠪᠠ ᠃ ᠸᠸᠢ ᠵᠢᠡᠭ ᠲᠣᠮᠢᠯᠠᠭᠰᠠᠨ ᠰᠠᠯᠪᠤᠷᠢ᠎ᠶᠢᠨ᠎ᠬᠢᠨ ᠴᠠᠭᠳᠠᠭ᠎ᠠ ᠨᠠᠷ᠎ᠢᠶᠡᠨ ᠵᠣᠬᠢᠶᠠᠨ ᠪᠠᠶᠢᠭᠤᠯᠵᠤ ᠬᠢᠵᠢᠭ᠎ᠤᠨ ᠪᠠᠶᠢᠳᠠᠯ᠎ᠢ ᠰᠡᠷᠭᠡᠶᠢᠯᠡᠨ ᠡᠵᠡᠮᠳᠡᠬᠦ ᠤᠬᠠᠭᠤᠯᠭ᠎ᠠ᠎ᠶᠢᠨ ᠰᠠᠯᠪᠤᠷᠢ ᠠᠩᠭᠢ ᠪᠠᠶᠢᠭᠤᠯᠵᠤ ᠂ ᠮᠣᠩᠭᠣᠯ ᠬᠢᠲᠠᠳ ᠬᠡᠯᠡᠡ᠎ᠤ ᠵᠢᠷᠤᠭᠲᠤ ᠤᠬᠠᠭᠤᠯᠭ᠎ᠠ᠎ᠶᠢᠨ ᠬᠠᠭᠤᠳᠠᠰᠤ ᠵᠣᠬᠢᠶᠠᠵᠤ ᠮᠠᠯᠴᠢᠨ ᠲᠦᠮᠡᠨ᠎ᠳ᠋ᠤ ᠲᠠᠷᠬᠠᠭᠠᠵᠠᠢ ᠃
︽ ᠤᠤᠯ᠎ᠨᠢ ᠬᠢᠵᠢᠭ ᠮᠠᠨ᠎ᠡᠴᠠ ᠬᠤᠯᠠ ᠪᠠᠶᠢᠨ᠎ᠠ ᠭᠡᠵᠦ ᠪᠤᠳᠤᠵᠤ ᠪᠠᠶᠢᠭᠰᠠᠨ ᠂ ᠤᠳᠤ ᠰᠡᠷᠭᠡᠶᠢᠯᠡᠨ ᠬᠠᠮᠠᠭᠠᠯᠠᠬᠤ ᠠᠷᠭ᠎ᠠ ᠬᠡᠮᠵᠢᠶ᠎ᠡ᠎ᠶᠢ ᠰᠠᠶᠢᠲᠤᠷ ᠬᠢᠬᠦ᠎ᠨᠢ ᠮᠠᠰᠢ ᠴᠢᠬᠤᠯᠠ ᠬᠡᠳᠡᠭ᠎ᠢ ᠮᠠᠳᠠᠯ᠎ᠠ ᠃ ᠪᠢᠳᠡ ᠦᠪᠡᠷ᠎ᠤᠨ ᠪᠡᠶ᠎ᠡ ᠂ ᠡᠷᠦᠬᠡ ᠬᠡᠷ᠎ᠲᠡᠭᠡᠨ ᠬᠠᠷᠢᠭᠤᠴᠠᠬᠤ ᠬᠡᠷᠡᠭᠳᠡᠢ ︾ ᠬᠡᠵᠤ ᠮᠠᠯᠴᠢᠨ ᠳᠠᠯᠠᠢ ᠪᠠᠶᠠᠷᠲᠠᠢ ᠶᠠᠷᠢᠨ᠎ᠠ ᠃
ᠤᠨᠴᠠᠭᠠᠢ ᠴᠠᠭ ᠦᠶ᠎ᠡ᠎ᠶᠢᠨ ᠠᠯᠪᠠᠨ ᠵᠢᠷᠤᠮ᠎ᠤᠨ ᠰᠢᠦᠳᠠᠨᠴᠢ
︽ ᠲᠠᠨ᠎ᠤ ᠵᠠᠬᠢᠶᠠᠯᠠᠭᠰᠠᠨ ᠨᠣᠭᠣᠭ᠎ᠠ᠎ᠶᠢ ᠬᠦᠷᠭᠡᠵᠦ ᠢᠷᠡᠯ᠎ᠡ ᠂ ᠦᠬᠡᠷ᠎ᠠ ᠶᠠᠮᠠᠷ ᠬᠡᠷᠡᠭᠴᠡᠭᠡ᠎ᠲᠠᠢ ᠪᠣᠯ ᠨᠠᠳᠠ᠎ᠳᠤ ᠤᠲᠠᠰᠤᠳᠠᠭᠠᠷᠠᠢ ᠂ ᠬᠢᠵᠢᠭ᠎ᠢ ᠰᠠᠷᠬᠡᠢᠯᠡᠠ ᠡᠵᠡᠮᠳᠠᠬᠦ ᠬᠤᠭᠤᠴᠠᠭᠠᠠ᠎ᠳ᠋ᠤ ᠪᠢᠳᠠᠬᠡᠢ ᠭᠠᠳᠠᠭᠰᠢ ᠭᠠᠷᠤᠭᠠᠷᠠᠢ ︾ ᠂ ᠡᠨᠡ ᠪᠤᠯ 2 ᠰᠠᠷ᠎ᠠ᠎ᠶᠢᠨ 15᠎ᠤ ᠦᠳᠡ᠎ᠶᠢᠨ ᠡᠮᠦᠨ᠎ᠡ ᠂ ᠨᠣᠮᠣᠭᠠᠨ ᠬᠢᠯᠢ᠎ᠶᠢᠨ ᠲᠣᠮᠢᠯᠠᠭᠰᠠᠨ ᠰᠠᠯᠪᠤᠷᠢ᠎ᠶᠢᠨ ᠪᠣᠷᠣ ᠬᠤᠸᠠ ᠭᠠᠴᠠᠭ᠎ᠠ᠎ᠶᠢᠨ ᠬᠠᠮᠢᠶᠠᠷᠤᠯᠲᠠ᠎ᠶᠢᠨ ᠣᠷᠣᠨ᠎ᠤ ᠴᠠᠭᠳᠠᠭ᠎ᠠ ᠴᠢ ᠯᠧ 2 ᠴᠠᠭᠳᠠᠭ᠎ᠠ᠎ᠲᠠᠢ᠎ᠪᠠᠨ ᠲᠤᠰᠬᠠᠶᠢᠯᠠᠨ ᠡᠳ᠋ ᠪᠠᠷᠠᠭ᠎ᠠ ᠲᠣᠬᠢᠷᠠᠭᠤᠯᠤᠨ ᠬᠦᠷᠭᠡᠬᠦ ᠪᠠᠭ᠎ᠠ ᠠᠩᠭᠢ ᠪᠠᠶᠢᠭᠤᠯᠵᠤ ᠂ ᠬᠠᠷᠢᠶ᠎ᠠ ᠣᠷᠣᠨ᠎ᠤ ᠮᠠᠯᠴᠢᠳ᠎ᠤᠨ ᠵᠠᠬᠢᠶᠠᠯᠠᠭᠰᠠᠠ ᠠᠮᠢᠳᠤᠷᠠᠯ᠎ᠤᠨ ᠴᠢᠬᠤᠯᠠ ᠬᠡᠷᠡᠭᠴᠡᠭᠡᠨ᠎ᠤ ᠵᠦᠶᠯᠡᠰ᠎ᠢ ᠡᠷᠦᠬᠡ ᠳᠠᠷᠠᠭᠠᠯᠠᠨ ᠬᠦᠷᠭᠡᠬᠦᠳ᠋ᠡᠭᠡᠨ ᠲᠠᠬᠢᠨ ᠲᠠᠪᠳᠠᠨ ᠵᠠᠬᠢᠵᠤ ᠬᠡᠯᠡᠭᠰᠡᠨ ᠦᠬᠡ ᠪᠤᠯᠤᠨ᠎ᠠ ᠃
ᠤᠤᠯ᠎ᠨᠢ ᠬᠢᠵᠢᠭ᠎ᠤᠨ ᠪᠠᠶᠢᠳᠠᠯ᠎ᠢ ᠰᠡᠷᠭᠡᠶᠢᠯᠡᠨ ᠡᠵᠡᠮᠳᠠᠬᠦ ᠠᠵᠢᠯ᠎ᠢ ᠰᠠᠶᠢᠲᠤᠷ ᠬᠢᠵᠥ ᠂ ᠭᠠᠷᠴᠤ ᠤᠷᠤᠬᠤ ᠬᠦᠮᠦᠠᠢ ᠬᠢᠵᠠᠭᠠᠷᠯᠠᠠ ᠴᠦᠬᠡᠳᠬᠡᠬᠦ᠎ᠶᠢᠨ ᠲᠦᠯᠦᠬᠡ 2 ᠰᠠᠷ᠎ᠠ᠎ᠶᠢᠨ 4᠎ᠤ ᠡᠳᠦᠷ᠎ᠡᠴᠠ ᠂ ᠤᠯᠠᠭᠠᠨᠬᠤᠸᠠ ᠪᠠᠯᠭᠠᠰᠤ ᠲᠡᠷᠭᠡ ᠤᠨᠤᠭ᠎ᠠ ᠭᠠᠷᠴᠤ ᠤᠷᠤᠬᠤ᠎ᠶᠢ ᠴᠢᠡᠭᠭ᠎ᠠ ᠬᠢᠵᠠᠭᠠᠷᠯᠠᠬᠰᠠᠠᠢᠶᠠᠷ ᠤᠯᠠᠨ ᠲᠦᠮᠡᠨ ᠠᠮᠢᠳᠤᠷᠠᠯ᠎ᠤᠨ ᠬᠡᠷᠡᠭᠰᠡᠯ᠎ᠢᠶᠡᠨ ᠪᠡᠯᠡᠳᠬᠡᠬᠦ᠎ᠳ᠋ᠤ ᠳᠦᠭᠦᠮ ᠦᠭᠡᠢ ᠪᠤᠯᠪᠠ ᠃ ᠡᠨᠡ ᠬᠦ ᠪᠠᠶᠢᠳᠠᠯ᠎ᠳ᠋ᠤ ᠴᠢᠭᠯᠡᠭᠦᠯᠦᠨ ᠲᠣᠰ ᠶᠡᠬᠡ ᠠᠩᠭᠢ᠎ᠶᠢᠨ ᠨᠠᠮ᠎ᠤᠨ ᠬᠣᠷᠢᠶ᠎ᠠ ᠴᠠᠭ ᠲᠤᠬᠠᠶ᠎ᠳ᠋ᠤᠨᠢ ᠡᠳ᠋ ᠪᠠᠷᠠᠭ᠎ᠠ ᠳᠣᠭᠢᠷᠠᠭᠤᠯᠤᠨ ᠬᠦᠷᠭᠡᠬᠦ ᠳᠤᠭᠤᠶᠢᠯᠠᠩ ᠪᠠᠶᠢᠭᠤᠯᠵᠤ ᠂ ᠬᠠᠷᠢᠶᠠᠲᠤ ᠣᠷᠣᠨ᠎ᠤ ᠮᠠᠯᠵᠢᠬᠤ ᠡᠷᠦᠬᠡ᠎ᠳ᠋ᠤ ᠨᠢᠭᠡᠳᠦᠯᠲᠡᠶ ᠴᠠᠭ ᠲᠣᠭᠲᠠᠭᠠᠨ ᠡᠳ᠋ ᠪᠣᠳᠠᠰ ᠬᠦᠷᠭᠡᠵᠥ ᠦᠭᠬᠦ ᠪᠤᠯᠵᠠᠢ ᠃
ᠤᠯᠠᠭᠠᠨ ᠰᠢᠷᠡᠭᠡ ᠭᠠᠴᠠᠭ᠎ᠠ᠎ᠳ᠋ᠤ ᠰᠠᠭᠤᠭ᠎ᠠ ᠴᠠᠩ ᠬᠦᠶ ᠨᠠᠰᠤᠲᠠᠨ ᠴᠢᠰᠤᠨ ᠳᠠᠷᠤᠯᠲᠠ ᠥᠨᠳᠥᠷ ᠡᠪᠡᠳᠴᠢᠨ᠎ᠲᠠᠢ ᠪᠤᠯᠬᠤᠷ ᠵᠢᠯ ᠲᠤᠷᠰᠢ ᠡᠮ ᠲᠠᠩ ᠲᠠᠰᠤᠷᠠᠳᠠᠭ ᠦᠭᠡᠢ ᠃ ᠦᠢᠷ᠎ᠠ᠎ᠳ᠋ᠤ ᠂ ᠡᠮ᠎ᠨᠢ ᠲᠡᠭᠤᠰᠴᠤ ᠪᠠᠯᠭᠠᠰᠤᠨ᠎ᠡᠴᠠ ᠡᠮ ᠬᠤᠳᠠᠯᠳᠤᠨ ᠠᠪᠬᠤ᠎ᠶᠢᠨ ᠠᠷᠭ᠎ᠠ ᠥᠬᠡᠶ ᠭᠠᠷ ᠨᠤᠬᠤᠯᠠᠨ ᠭᠠᠴᠢᠭᠳᠠᠵᠦ ᠪᠠᠢᠲᠠᠯ᠎ᠠ ᠪᠠᠢᠳᠠᠯ᠎ᠢ ᠰᠤᠨᠤᠰᠤᠭᠰᠠᠨ ᠴᠠᠭᠳᠠᠭ᠎ᠠ ᠨᠠᠷ ᠡᠮ ᠬᠦᠷᠭᠡᠵᠦ ᠢᠷᠡᠪᠡ ᠃ ᠨᠠᠰᠤᠳᠠᠨ ᠄ ︽ ᠭᠠᠴᠢᠭᠳᠠᠭᠰᠠᠨ ᠦᠶ᠎ᠡ᠎ᠳ᠋ᠤ ᠠᠷᠠᠳ᠎ᠤᠨ ᠴᠠᠭᠳᠠᠭ᠎ᠠ᠎ᠪᠠᠨ ᠯᠠ ᠰᠠᠨᠠᠵᠤ ᠤᠯᠤᠨ᠎ᠠ ᠂ ᠲᠡᠳᠡᠨᠡᠷ ᠮᠢᠨᠢ ᠤᠳᠤ ᠠᠯᠪᠠᠨ ᠵᠢᠷᠤᠮ᠎ᠤᠨ ᠰᠢᠦᠳᠠᠨᠴᠢ ᠪᠤᠯᠴᠢᠬᠠᠭᠰᠠᠨ ᠰᠢᠤ ︾ ᠬᠡᠵᠦ ᠰᠡᠳᠬᠢᠯ ᠲᠤᠭᠳᠤᠯᠤᠨ ᠶᠠᠷᠢᠨ᠎ᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃