2020-03-05 13:10:37
ᠴᠠᠭᠠᠨ ᠰᠠᠷ᠎ᠠ᠎ᠶᠢᠨ ᠰᠢᠨ᠎ᠠ᠎ᠶᠢᠨ ᠬᠤᠶᠠᠷ᠎ᠲᠤ ᠂ ᠰᠠᠷ᠎ᠠ ᠰᠢᠨ᠎ᠠ᠎ᠶᠢᠨ ᠪᠠᠶᠠᠷ ᠵᠢᠷᠭᠠᠯ ᠠᠶᠤᠮᠰᠢᠬᠳᠤ ᠬᠢᠵᠢᠭ᠎ᠤᠨ ᠠᠶᠤᠯ ᠲᠦᠭᠰᠢᠭᠦᠷᠢ᠎ᠪᠠᠷ ᠰᠤᠯᠢᠬᠳᠠᠪᠠ ᠃ ︽ ᠵᠠ ᠂ ᠮᠡᠳᠡᠭᠰᠡᠨ ︾ ︽ ᠮᠡᠳᠡᠯ᠎ᠠ ᠂ ᠤᠳᠤ᠎ᠪᠠᠷ᠎ᠢᠶᠡᠨ ᠬᠦᠮᠦᠨ ᠲᠤᠬᠢᠷᠠᠭᠤᠯᠵᠦ ᠂ ᠬᠢᠵᠢᠭ᠎ᠢ ᠰᠡᠷᠭᠡᠢᠯᠡᠨ ᠡᠵᠡᠮᠳᠡᠭᠦ ᠲᠤᠭᠤᠢᠯᠠᠡᠭ ᠪᠠᠢᠭᠤᠯᠤᠶ᠎ᠠ ︾ ᠭᠡᠵᠦ ᠬᠤᠷᠴᠢᠨ ᠵᠡᠭᠦᠨ ᠭᠠᠷᠤᠨ ᠬᠤᠢᠳᠤ ᠬᠤᠰᠢᠭᠤᠨ᠎ᠤ ᠵᠠᠰᠠᠮᠠᠯ ᠵᠠᠮ᠎ᠤᠨ ᠬᠠᠮᠢᠶᠠᠷᠤᠯᠳᠠ᠎ᠶᠢᠨ ᠭᠡᠰᠡᠭ᠎ᠤᠨ ᠵᠢᠷᠭᠢᠶ᠎ᠠ᠎ᠶᠢᠨ ᠴᠤᠬᠯᠠᠷᠠᠯ ᠲᠡᠭᠡᠷ᠎ᠠ ᠲᠠᠮᠵᠢᠭᠤᠯᠤᠬᠰᠠᠨ ᠠᠵᠢᠯ᠎ᠤᠨ ᠵᠠᠷᠯᠢᠭ ᠵᠠᠬᠢᠶ᠎ᠠ᠎ᠶᠢ ᠤᠯᠠᠨ᠎ᠢᠶᠠᠷ᠎ᠢᠶᠡᠨ ᠠᠯᠳᠠᠯ ᠦᠭᠡᠢ ᠬᠦᠯᠢᠶᠠᠨ ᠠᠪᠤᠨ᠎ᠠ ᠃ ᠳᠣᠰ ᠬᠠᠮᠢᠶᠠᠷᠣᠯᠳᠠ᠎ᠶᠢᠨ ᠬᠡᠰᠡᠭ᠎ᠤᠨ ᠡᠮᠡᠭᠳᠡᠢ ᠨᠠᠮ᠎ᠤᠨ ᠡᠭᠦᠷ᠎ᠤᠨ ᠱᠦᠵᠢ ᠰᠦᠨ ᠵᠦᠡᠭ ᠯᠢᠡᠭ᠎ᠤᠨ ᠨᠡᠷ᠎ᠠ ᠠᠵᠢᠯ᠎ᠤᠨ ᠲᠤᠭᠤᠢᠯᠠᠡᠭ ᠪᠦᠷᠢ᠎ᠶᠢᠨ ᠨᠡᠷᠡᠰ᠎ᠤᠨ ᠲᠤᠳᠤᠷ᠎ᠠ ᠲᠤᠳᠤᠬᠠᠨ ᠬᠠᠷᠠᠬᠳᠠᠨ᠎ᠠ ᠃
ᠰᠦᠨ ᠵᠦᠡᠭ ᠯᠢᠡᠭ ᠪᠤᠯ ᠵᠠᠰᠠᠮᠠᠯ ᠵᠠᠮ᠎ᠤᠨ ᠬᠠᠮᠢᠶᠠᠷᠤᠯᠳᠠ᠎ᠶᠢᠨ ᠭᠡᠰᠡᠭ᠎ᠤᠨ ᠨᠢᠭᠡᠳᠦᠭᠡᠷ ᠨᠠᠮ᠎ᠤᠨ ᠡᠭᠦᠷ᠎ᠤᠨ ᠱᠦᠵᠢ ᠂ ᠬᠤᠰᠢᠭᠤᠨ᠎ᠤ᠎ᠪᠠᠨ ᠤᠯᠤᠰ ᠲᠦᠷᠦ᠎ᠶᠢᠨ ᠵᠦᠪᠯᠡᠯᠭᠡᠨ᠎ᠤ ᠭᠡᠰᠢᠬᠦᠨ ᠪᠣᠯᠣᠨ᠎ᠠ ᠃ ᠡᠨᠡ ᠬᠦ ᠶᠡᠷᠦ ᠪᠤᠰᠤ᠎ᠶᠢᠨ ᠵᠢᠯ᠎ᠤᠨ ᠡᠭᠢᠨ᠎ᠳ᠋ᠤ ᠲᠡᠭᠦᠨ᠎ᠳ᠋ᠤ ᠰᠢᠨ᠎ᠠ ᠨᠢᠭᠡᠨ ︽ ᠲᠤᠰᠢᠶᠠᠯ ︾ ᠨᠡᠮᠡᠭᠳᠡᠪᠡ ᠃ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠭᠦ ᠠᠵᠢᠯ᠎ᠤᠨ ᠴᠢᠬᠤᠯᠠᠴᠢᠯᠠᠯ᠎ᠢᠶᠠᠷ ᠂ ᠲᠡᠷᠡ ᠬᠤᠷᠴᠢᠨ ᠵᠡᠭᠦᠨ ᠭᠠᠷᠤᠨ ᠬᠤᠢᠳᠤ ᠬᠤᠰᠢᠭᠤᠨ᠎ᠤ ᠤᠷᠤᠨ ᠨᠤᠳᠤᠬ᠎ᠤᠨ ᠵᠠᠰᠠᠮᠠᠯ ᠵᠠᠮ᠎ᠤᠨ ᠬᠠᠮᠢᠶᠠᠷᠤᠯᠳᠠ᠎ᠶᠢᠨ ᠬᠡᠰᠡᠭ᠎ᠤᠨ 304 ᠱᠤᠭᠤᠮ᠎ᠤᠨ ᠭᠠᠨᠵᠤᠭ᠎ᠠ ︵ ᠬᠤᠯᠪᠤᠭ᠎ᠠ᠎ᠶᠢᠨ ᠬᠡᠰᠡᠭ ︶ ᠰᠦᠢᠳᠭᠡᠯ ᠬᠤᠷᠢᠶᠠᠬᠤ ᠦᠷᠳᠡᠭᠡ᠎ᠶᠢᠨ ᠤᠷᠤᠵᠦ ᠭᠠᠷᠬᠤ ᠵᠠᠮ ᠬᠠᠷᠢᠯᠴᠠᠭᠠᠨ᠎ᠤ ᠬᠢᠵᠢᠭ᠎ᠢ ᠰᠡᠷᠭᠡᠢᠯᠡᠭᠦ ᠲᠤᠭᠤᠢᠯᠠᠡᠭ᠎ᠤᠨ ᠲᠠᠭᠠᠭᠠᠴᠢᠯᠠᠨ ᠬᠤᠯᠪᠤᠭᠠᠯᠠᠬᠤ ᠠᠵᠢᠯ᠎ᠢ ᠬᠦᠯᠢᠶᠠᠨ ᠠᠪᠤᠪᠠ ᠃ ᠤᠷᠤᠨ ᠨᠤᠳᠤᠬ᠎ᠤᠨ ᠵᠠᠰᠠᠮᠠᠯ ᠵᠠᠮ᠎ᠤᠨ ᠬᠠᠮᠢᠶᠠᠷᠤᠯᠳᠠ᠎ᠶᠢᠨ ᠬᠡᠰᠡᠭ᠎ᠤᠨ ᠭᠡᠰᠢᠭᠦᠨ᠎ᠤ ᠲᠤᠳᠤᠷ᠎ᠠ ᠬᠢᠵᠢᠭ᠎ᠢ ᠰᠡᠷᠭᠡᠢᠯᠡᠭᠦ ᠵᠠᠮ ᠬᠠᠷᠢᠯᠴᠠᠭᠠᠨ᠎ᠤ ᠬᠤᠷᠢᠭ᠎ᠠ᠎ᠶᠢᠨ ᠴᠤᠷᠢ᠎ᠶᠢᠨ ᠭᠠᠬᠴᠠ ᠡᠮᠡᠭᠳᠡᠢ ᠠᠵᠢᠯᠳᠠᠨ ᠪᠤᠯᠤᠬᠰᠠᠨ᠎ᠤ ᠬᠤᠪᠢ᠎ᠳ᠋ᠤ ᠂ ᠲᠡᠷᠡ ᠤᠷᠤᠵᠦ ᠭᠠᠷᠬᠤ ᠲᠡᠷᠭᠡ ᠬᠦᠰᠭᠡ ᠠᠷᠪᠢᠨ ᠂ ᠬᠦᠮᠦᠨ ᠬᠠᠷ᠎ᠠ ᠤᠯᠠᠨ ᠂ 24 ᠴᠠᠭ᠎ᠢᠶᠠᠷ ᠲᠠᠰᠤᠯᠳᠠᠯ ᠦᠭᠡᠢ ᠡᠵᠡᠮᠳᠡᠨ ᠬᠤᠷᠢᠬᠯᠠᠬᠤ ᠴᠢᠬᠤᠯᠠᠳᠠᠢ 304 ᠱᠤᠭᠤᠮ᠎ᠤᠨ ᠰᠦᠢᠳᠭᠡᠯ ᠬᠤᠷᠢᠶᠠᠬᠤ ᠦᠷᠳᠡᠭᠡ᠎ᠶᠢᠨ ᠵᠠᠮ ᠬᠠᠷᠢᠯᠴᠠᠭᠠᠨ᠎ᠤ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠭᠦ ᠬᠢᠨᠠᠨ ᠭᠡᠮᠵᠢᠭᠦ ᠦᠷᠳᠡᠭᠡ᠎ᠶᠢ ᠰᠠᠨᠠᠭᠠᠴᠢᠯᠠᠭ᠎ᠠ᠎ᠡᠴᠠ᠎ᠪᠠᠨ ᠰᠤᠡᠭᠭᠤᠪᠠ ᠃
︽ ᠡᠭᠡᠴᠢ ᠡ ᠂ ᠲᠠ ᠬᠠᠷᠢᠴᠢᠬ᠎ᠠ ᠂ ᠶᠠᠮᠠᠷ ᠪᠠᠢᠳᠠᠯ᠎ᠲᠠᠢ ᠪᠤᠯ ᠴᠠᠬ ᠲᠤᠬᠠᠢ᠎ᠳ᠋ᠤᠨᠢ ᠲᠠᠨ᠎ᠳ᠋ᠤ ᠮᠡᠳᠡᠭᠦᠯᠦᠶᠠ ᠃ ︾
︽ ᠲᠠᠡᠭᠴᠤ ᠬᠦᠢᠳᠡᠨ ᠪᠠᠢᠨ᠎ᠠ ᠂ ᠲᠠᠨ᠎ᠤ ᠪᠡᠶ᠎ᠠ ᠮᠠᠭᠤ ᠂ ᠬᠢᠴᠢᠶᠡ ᠳ᠋ᠡ ᠃ ︾
︽ ᠡᠨᠡ ᠤᠳᠠᠭ᠎ᠠ ᠵᠢᠵᠢᠭᠦᠷᠯᠡᠭᠦ ᠬᠡᠷᠡᠭ ᠦᠭᠡᠢ ᠂ ᠪᠠᠢᠭᠤᠯᠭ᠎ᠠ᠎ᠳ᠋ᠤ ᠤᠴᠢᠨ ᠪᠦᠷᠢᠳᠭᠡᠭᠦ ᠠᠵᠢᠯ ᠬᠢᠬᠦ ᠶᠤᠮ ᠤᠤ ᠡᠰᠡᠭᠦᠯ᠎ᠠ ᠠᠷᠤ ᠲᠠᠯ᠎ᠠ᠎ᠶᠢᠨ ᠠᠵᠢᠯ᠎ᠢ ᠬᠢᠴᠢᠭᠡ ︾ ᠭᠡᠵᠦ ᠤᠳᠤᠷᠢᠳᠤᠯᠭ᠎ᠠ ᠪᠠ ᠬᠠᠮᠳᠤ ᠠᠵᠢᠯᠯᠠᠬᠰᠠᠳ᠎ᠨᠢ ᠬᠠᠯᠠᠮᠵᠢᠯᠠᠬᠤ᠎ᠳ᠋ᠤ ᠲᠡᠷᠡ ᠢᠨᠢᠶᠡᠭᠡᠳ ᠯᠡ ᠦᠡᠭᠭᠡᠷᠡᠭᠦᠯᠦᠨᠡ ᠃ ︽ 304 ᠱᠤᠭᠤᠮ᠎ᠤᠨ ᠰᠦᠢᠳᠭᠡᠯ ᠬᠤᠷᠢᠶᠠᠬᠤ ᠦᠷᠳᠡᠭᠡ᠎ᠶᠢᠨ ᠪᠠᠢᠳᠠᠯ᠎ᠢ ᠪᠢ ᠰᠠᠢᠨ ᠤᠢᠯᠠᠭᠠᠨ᠎ᠠ ᠂ ᠡᠨᠳᠡᠭᠢ ᠲᠡᠷᠭᠡ ᠬᠦᠰᠭᠡ ᠠᠷᠪᠢᠨ ᠂ ᠪᠠᠢᠳᠠᠯ ᠴᠦ ᠪᠤᠲᠤᠯᠢᠶᠠᠨᠲᠠᠢ ᠂ ᠪᠢ ᠤᠴᠢᠪᠠᠯ ᠬᠠᠮᠤᠭ᠎ᠡᠴᠠ ᠲᠤᠬᠢᠷᠠᠨ᠎ᠠ ︾ ᠭᠡᠵᠦ ᠲᠡᠷᠡ ᠬᠡᠯᠡᠨ᠎ᠡ ᠃ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠭᠦ ᠠᠵᠢᠯ᠎ᠳ᠋ᠤ ᠤᠷᠤᠯᠴᠠᠬᠰᠠᠨ ᠬᠤᠷᠢᠭᠠᠳ ᠡᠳᠦᠷ᠎ᠤᠨ ᠲᠤᠷᠰᠢ ᠂ ᠴᠠᠰᠦ ᠰᠠᠯᠬᠢᠨ᠎ᠤ ᠲᠤᠮᠳᠠ ᠬᠦᠪᠤᠡᠭ ᠬᠤᠪᠴᠠᠰᠦ ᠭᠤᠳᠤᠯ᠎ᠲᠠᠢ ᠂ ᠴᠠᠷᠪᠠᠭᠤ᠎ᠳᠠᠭᠠᠨ ᠤᠯᠠᠭᠠᠨ ᠲᠡᠮᠳᠡᠭ ᠵᠡᠭᠦᠭᠰᠡᠨ ᠰᠦᠨ ᠵᠦᠡᠭ ᠯᠢᠡᠭ᠎ᠤᠨ ᠲᠡᠷᠭᠡ ᠬᠦᠰᠭᠡ᠎ᠶᠢᠨ ᠲᠤᠮᠳᠠᠭᠤᠷ ᠶᠠᠪᠤᠵᠦ ᠂ ᠪᠡᠶ᠎ᠠ᠎ᠶᠢᠨ ᠳᠣᠯᠠᠭᠠᠨᠢ ᠬᠡᠮᠵᠢᠭᠦ ᠂ ᠮᠡᠳᠡᠭᠡ ᠵᠠᠡᠭᠭᠢ᠎ᠶᠢ ᠲᠠᠡᠭᠰᠠᠯᠠᠵᠦ ᠶᠠᠭᠠᠷᠠᠬᠤ ᠪᠡᠷ᠎ᠠ ᠲᠤᠵᠢ ᠬᠠᠷᠠᠬᠳᠠᠨ᠎ᠠ ᠃ ᠨᠢᠭᠡ ᠲᠡᠷᠭᠡ ᠨᠢᠭᠡ ᠬᠦᠮᠦᠨ᠎ᠢ ᠴᠤ ᠤᠷᠬᠢᠬᠳᠠᠭᠤᠯᠬᠤ ᠦᠭᠡᠢ ᠂ ᠤᠬ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠦᠢᠯᠡᠳᠦᠯᠭᠡᠵᠢᠭᠦᠯᠭᠦ ᠪᠤᠯ ᠡᠪ ᠬᠠᠮᠳᠤ ᠨᠠᠮ᠎ᠤᠨ ᠭᠡᠰᠢᠭᠦᠨ ᠪᠤᠯᠤᠬᠰᠠᠨ ᠲᠡᠭᠦᠨ᠎ᠤ ᠪᠠᠷᠢᠮᠳᠠᠯᠠᠯ ᠪᠤᠯᠤᠨ᠎ᠠ ᠃
ᠬᠢᠵᠢᠭ᠎ᠢ ᠰᠡᠷᠭᠡᠢᠯᠡᠨ ᠡᠵᠡᠮᠳᠡᠭᠦ ᠵᠠᠮ ᠬᠠᠷᠢᠯᠴᠠᠭᠠᠨ᠎ᠤ ᠪᠤᠭᠤᠮᠳᠠ᠎ᠶᠢᠨ ᠪᠤᠳᠤᠯᠢᠶᠠᠨᠳᠠᠢ ᠴᠢᠨᠠᠷ᠎ᠡᠴᠠ ᠪᠤᠯᠵᠦ ᠂ ᠵᠠᠮ ᠬᠠᠷᠢᠯᠴᠠᠭᠠᠨ᠎ᠤ ᠬᠠᠤᠯᠢ ᠬᠡᠷᠡᠭᠵᠢᠭᠦᠯᠦᠭᠴᠢᠳ ᠬᠠᠤᠯᠢ ᠬᠡᠷᠡᠭᠵᠢᠭᠦᠯᠭᠦ ᠲᠡᠷᠭᠡ᠎ᠪᠠᠨ ᠠᠮᠠᠷᠠᠬᠤ ᠭᠠᠵᠠᠷ ᠪᠤᠯᠭᠠᠵᠦ ᠂ ᠦᠯᠦᠰᠪᠠᠯ ᠲᠦᠭᠦᠮ ᠮᠢᠶᠠᠨᠲ᠋ᠢᠶᠤᠤᠷ ᠂ ᠮᠢᠶᠠᠨᠪᠤᠤ᠎ᠪᠠᠷ ᠦᠯ ᠵᠠᠯᠭᠠᠵᠦ ᠂ ᠤᠮᠳᠠᠭᠠᠰᠪᠠᠯ ᠭᠦᠢᠳᠡᠨ ᠤᠰᠤ ᠵᠠᠯᠬᠢᠯᠠᠵᠦ ᠂ ᠨᠤᠢᠷ ᠬᠦᠷᠪᠡᠯ ᠲᠡᠷᠭᠡᠨ ᠲᠡᠭᠡᠷ᠎ᠠ᠎ᠪᠠᠨ ᠲᠤᠬᠬᠢᠵᠦ ᠠᠪᠤᠨ᠎ᠠ ᠃ ᠡᠢᠮᠦ ᠪᠠᠢᠳᠠᠯ᠎ᠢ ᠰᠦᠨ ᠵᠦᠡᠭ ᠯᠢᠨ ᠨᠢᠳᠤ᠎ᠪᠠᠷ᠎ᠢᠶᠡᠨ ᠦᠵᠡᠵᠦ ᠂ ᠬᠠᠤᠯᠢ ᠬᠡᠷᠡᠭᠵᠢᠭᠦᠯᠦᠭᠴᠢᠳ᠎ᠤᠨ ᠢᠳᠡᠵᠦ ᠤᠤᠭᠤᠬᠤ ᠤᠨᠳᠡᠵᠦ ᠠᠮᠠᠷᠠᠬᠤ ᠠᠰᠠᠭᠤᠳᠠᠯ᠎ᠢ ᠬᠡᠷᠬᠢᠨ ᠰᠢᠢᠳᠪᠤᠷᠢᠯᠡᠭᠦ ᠪᠢᠯᠡ ᠭᠡᠵᠦ ᠰᠡᠳᠭᠢᠨᠠ ᠃ ︽ ᠢᠡᠭᠭᠢᠵᠦ ᠬᠢᠭᠡᠳ ᠪᠠᠢᠪᠠᠯ ᠪᠡᠶ᠎ᠠ᠎ᠨᠢ ᠲᠠᠭᠠᠭᠠᠬᠤ ᠦᠭᠡᠢ ᠪᠤᠯᠤᠨ᠎ᠠ ᠂ ᠶᠠᠭᠠᠬᠢᠬᠰᠠᠨ ᠴᠤ ᠬᠠᠯᠠᠭᠤᠨ ᠬᠤᠭᠤᠯᠠ ᠢᠳᠡᠭᠦᠯᠭᠦ ᠦᠭᠡᠢ ᠪᠤᠯᠬᠤ ᠦᠭᠡᠢ ︾ ᠭᠡᠵᠦ ᠲᠡᠷᠡ ᠲᠤᠳᠤᠷ᠎ᠠ᠎ᠪᠠᠨ ᠪᠤᠳᠤᠨ᠎ᠠ ᠃
ᠰᠦᠨ ᠵᠦᠡᠭ ᠯᠢᠡᠭ ᠡᠯ᠎ᠠ ᠲᠠᠯ᠎ᠠ᠎ᠶᠢᠨ ᠮᠡᠳᠡᠭᠡ ᠵᠠᠡᠭᠭᠢ᠎ᠶᠢ ᠬᠢᠨᠠᠮᠠᠭᠠᠢ ᠴᠤᠬᠯᠠᠭᠤᠯᠵᠦ ᠂ ᠢᠳᠡᠪᠭᠢᠳᠠᠢ ᠵᠤᠬᠢᠴᠠᠭᠤᠯᠵᠦ ᠂ ᠲᠠᠷᠢᠶᠠᠴᠢᠨ ᠠᠢᠯ᠎ᠤᠨ ᠬᠤᠭᠤᠯᠠᠨ᠎ᠤ ᠭᠠᠵᠠᠷ ᠵᠡᠷᠭᠡ ᠬᠤᠭᠤᠯᠠᠨ ᠭᠡᠷ᠎ᠤᠨ ᠲᠠᠭᠠᠭᠠᠮᠠᠯ᠎ᠤᠨ ᠬᠠᠷᠠᠮ ᠦᠭᠡᠢ ᠲᠡᠮᠵᠢᠯᠭᠡ᠎ᠶᠢ ᠤᠯᠵᠦ ᠂ ᠡᠳᠡᠭᠡᠷ ᠬᠤᠭᠤᠯᠠᠨ᠎ᠤ ᠭᠠᠵᠠᠷ᠎ᠡᠴᠠ ᠬᠢᠨᠠᠨ ᠬᠡᠮᠵᠢᠭᠦ ᠴᠡᠭ᠎ᠤᠨ ᠪᠦᠭᠦ ᠬᠠᠤᠯᠢ ᠬᠡᠷᠡᠭᠵᠢᠭᠦᠯᠦᠭᠴᠢ᠎ᠳ᠋ᠤ ᠦᠨ᠎ᠠ ᠲᠦᠯᠤᠪᠤᠷᠢ ᠦᠭᠡᠢ ᠬᠤᠭᠤᠯᠠ ᠪᠤᠳᠠᠭ᠎ᠠ ᠬᠠᠡᠭᠭᠠᠬᠤ᠎ᠪᠠᠷ ᠪᠤᠯᠪᠠ ᠃ ᠬᠤᠭᠤᠯᠠᠨ᠎ᠤ ᠴᠠᠬ ᠪᠤᠯᠪᠠᠯ ᠲᠡᠷᠡ ᠬᠠᠮᠳᠤ ᠠᠵᠢᠯᠯᠠᠬᠰᠠᠳ᠎ᠲᠠᠭᠠᠨ ᠬᠤᠭᠤᠯᠠ ᠪᠤᠳᠠᠭ᠎ᠠ ᠵᠦᠭᠡᠭᠡᠵᠦ ᠦᠭᠭᠦ᠎ᠪᠠᠷ ᠪᠠᠷᠠᠬᠤ ᠦᠭᠡᠢ ᠂ ᠵᠠᠷᠢᠮ᠎ᠳᠠᠭᠠᠨ ᠴᠡᠪᠡᠷᠯᠡᠭᠴᠢ᠎ᠶᠢᠨ ᠠᠵᠢᠯ᠎ᠢ ᠭᠢᠵᠦ ᠂ ᠬᠤᠭᠤᠯᠠᠨ ᠭᠡᠷ᠎ᠡᠴᠠ ᠬᠠᠢᠷᠴᠠᠬᠲᠠᠢ ᠪᠤᠳᠠᠭ᠎ᠠ ᠵᠦᠭᠡᠭᠡᠵᠦ ᠂ ᠦᠪᠡᠷ᠎ᠢᠶᠡᠨ ᠡᠮᠭᠦ ᠪᠤᠳᠠᠭ᠎ᠠ ᠢᠳᠡᠬᠦ ᠵᠠᠪ ᠦᠭᠡᠢ ᠡᠨᠳᠡ ᠲᠡᠨᠳᠡ ᠶᠠᠭᠠᠷᠠᠵᠦ ᠶᠠᠪᠤᠨ᠎ᠠ ᠃ ᠶᠠᠭᠠᠷᠠᠵᠦ ᠪᠠᠷᠠᠭᠠᠳ ᠬᠤᠭᠤᠯᠠ᠎ᠪᠠᠨ ᠢᠳᠡᠭᠦ᠎ᠳ᠋ᠤ ᠨᠢᠭᠡᠨᠳᠡ ᠬᠦᠷᠦᠴᠢᠭᠡᠭᠰᠡᠨ ᠪᠠᠢᠳᠠᠭ ᠃
ᠰᠦᠨ ᠵᠦᠡᠭ ᠯᠢᠡᠭ᠎ᠤᠨ ᠡᠵᠢ᠎ᠨᠢ ᠦᠷᠭᠦᠯᠵᠢ ᠸᠢᠳᠢᠣ᠋ ᠢᠷᠡᠭᠦᠯᠵᠦ ᠄ ︽ ᠬᠡᠤᠭᠡ ᠡ ︕ ᠴᠢ ᠬᠢᠨᠡᠨ ᠬᠡᠮᠵᠢᠭᠦ ᠴᠡᠭ ᠲᠡᠭᠡᠷ᠎ᠠ ᠲᠡᠢᠮᠤ ᠤᠯᠠᠨ ᠬᠦᠮᠦᠨ᠎ᠲᠠᠢ ᠤᠢᠷᠠᠳᠤᠭᠠᠳ ᠬᠡᠳᠤᠢ ᠠᠶᠤᠯᠲᠠᠢ ᠪᠤᠢ ︖ ᠤᠴᠢᠬᠤ ᠦᠭᠡᠢ᠎ᠳ᠋ᠤ ᠪᠤᠯᠬᠤ ᠦᠭᠡᠢ ᠤᠤ ︖ ︾ ᠭᠡᠵᠦ ᠰᠠᠨᠠᠭᠤᠯᠤᠨ᠎ᠠ ᠃ ︽ ᠡᠵᠢ ᠡ ᠂ ᠪᠢ ᠪᠤᠯ ᠡᠪ ᠬᠠᠮᠳᠤ ᠨᠠᠮ᠎ᠤᠨ ᠭᠡᠰᠢᠭᠦᠨ ᠰᠢᠤ ᠂ ᠡᠨᠡ ᠴᠤ ᠮᠢᠨᠦ ᠠᠵᠢᠯ ᠂ ᠡᠨᠡ ᠦᠶ᠎ᠠ᠎ᠳ᠋ᠤ ᠪᠢ ᠵᠠᠪᠠᠯ ᠨᠢᠭᠡᠳᠦᠭᠡᠷ ᠹᠷᠤᠨᠲ᠎ᠲᠤ ᠤᠴᠢᠠᠠᠤ ᠬᠡᠷᠡᠭᠳᠡᠢ ᠂ ᠲᠠ ᠰᠠᠨᠠᠭ᠎ᠠ ᠠᠮᠠᠷ ᠪᠠᠢᠭᠠᠷᠠᠢ ᠂ ᠪᠢ ᠯᠠᠪ ᠦᠪᠡᠷ᠎ᠢ᠎ᠪᠠᠨ ᠰᠠᠢᠳᠤᠷ ᠬᠠᠷᠠᠭᠠᠯᠵᠠᠨ᠎ᠠ ︕ ︾ ᠭᠡᠵᠦ ᠲᠡᠷᠡ ᠡᠵᠢ᠎ᠶᠢ᠎ᠪᠠᠨ ᠲᠠᠢᠳᠬᠤᠷᠠᠭᠤᠯᠤᠨᠠ ᠃
ᠰᠦᠨ ᠵᠦᠡᠭ ᠯᠢᠡᠭ ᠡᠳᠦᠷ᠎ᠤᠨ ᠠᠵᠢᠯ᠎ᠳᠠᠭᠠᠨ ᠶᠠᠭᠠᠷᠠᠵᠦ ᠪᠠᠷᠠᠭᠠᠳ ᠭᠡᠷ᠎ᠲᠡᠭᠡᠨ ᠬᠠᠷᠢᠪᠠᠯ ᠨᠢᠭᠤᠷ᠎ᠢᠶᠡᠨ ᠤᠬᠢᠶᠠᠮᠠᠬᠴᠠ ᠺᠤᠮᠫᠢᠦ᠋ᠲ᠋ᠸᠷ᠎ᠢᠶᠡᠨ ᠨᠡᠭᠡᠭᠡᠵᠦ ᠂ ᠨᠢᠭᠡ ᠡᠳᠦᠷ᠎ᠤᠨ ᠠᠵᠢᠯ᠎ᠢᠶᠡᠨ ᠳ᠋ᠦ᠋ᠢᠡᠭᠨᠡᠵᠦ ᠂ ᠸᠢᠳᠢᠣ᠋ ᠬᠤᠷᠠᠯ᠎ᠢᠶᠠᠷ ᠤᠳᠤᠷᠢᠳᠤᠯᠭ᠎ᠠ ᠬᠠᠮᠳᠤ ᠠᠵᠢᠯᠯᠠᠬᠰᠠᠳᠲᠠᠢᠪᠠᠨ ᠪᠠᠢᠳᠠᠯ᠎ᠢᠶᠡᠨ ᠰᠣᠯᠢᠯᠴᠠᠵᠣ ᠂ ᠡᠳᠦᠷ ᠪᠦᠷᠢ ᠡᠮᠬᠢᠯᠠᠵᠦ ᠭᠠᠷᠭᠠᠬᠰᠠᠨ ᠬᠦᠰᠦᠨᠦᠭᠳᠤ᠎ᠪᠠᠨ ᠠᠬᠢᠨ ᠲᠠᠬᠢᠨ ᠬᠠᠷᠭᠤᠭᠤᠯᠵᠦ ᠂ ᠠᠯᠳᠠᠭ᠎ᠠ ᠤᠰᠤᠯ ᠭᠠᠷᠬᠤ ᠦᠭᠡᠢ ᠪᠠᠢᠬᠤ᠎ᠶᠢ ᠪᠠᠳᠤᠯᠠᠵᠦ ᠂ ᠡᠳᠦᠷ ᠪᠦᠷᠢ᠎ᠶᠢᠨ ︽ ᠵᠠᠡᠭᠰᠢᠯ ︾ ᠪᠤᠯᠭᠠᠨ ᠪᠠᠷᠢᠮᠳᠠᠯᠠᠨ᠎ᠠ ᠃ ︽ ᠠᠵᠢᠯ᠎ᠢᠶᠡᠨ ᠴᠠᠬ ᠲᠤᠬᠠᠢ᠎ᠳ᠋ᠤᠨᠢ ᠳ᠋ᠦ᠋ᠢᠡᠭᠨᠡᠨ ᠡᠮᠭᠢᠯᠡᠵᠦ ᠲᠡᠭᠡᠷ᠎ᠡ ᠱᠠᠳᠤᠨ᠎ᠳ᠋ᠤ ᠮᠡᠳᠡᠭᠦᠯᠭᠦ ᠬᠡᠷᠡᠭᠳᠡᠢ ᠂ ᠪᠦᠭᠦ ᠬᠤᠰᠢᠭᠤᠨ᠎ᠤ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠭᠦ ᠠᠵᠢᠯ᠎ᠢ ᠨᠦᠯᠦᠭᠡᠯᠡᠵᠦ ᠪᠤᠯᠬᠤ ᠦᠭᠡᠢ ᠂ ᠲᠤᠷᠰᠢᠯᠭ᠎ᠠ᠎ᠪᠠᠨ ᠴᠠᠬ ᠲᠤᠬᠠᠢ᠎ᠳ᠋ᠤᠨᠢ ᠳ᠋ᠦ᠋ᠢᠡᠭᠨᠡᠪᠠᠯ ᠂ ᠲᠠᠷᠠᠭᠠᠴᠢ᠎ᠶᠢᠨ ᠠᠵᠢᠯ᠎ᠳ᠋ᠤ ᠤᠷᠰᠢᠭ ᠶᠠᠷᠰᠢᠭ ᠪᠠᠭ᠎ᠠ ᠪᠤᠯᠣᠨ᠎ᠠ ︾ ᠭᠡᠵᠦ ᠲᠡᠷᠡ ᠬᠡᠯᠡᠨ᠎ᠡ ᠃
︽ ᠡᠭᠡᠴᠢ ᠡ ᠂ ᠮᠢᠨᠦ ᠠᠪᠤ᠋ ᠦᠴᠤᠭᠡᠳᠤᠷ ᠨᠠᠰᠤ ᠪᠠᠷᠠᠴᠢᠬᠠᠯ᠎ᠠ ᠂ ᠲᠠᠨ᠎ᠡᠴᠠ ᠴᠢᠯᠦᠭᠡ ᠭᠤᠶᠤᠶ᠎ᠠ ᠂ ᠠᠪᠤ᠋ᠶᠢᠨᠢᠶᠡᠨ ᠬᠣᠢᠰᠢᠳᠠ᠎ᠶᠢᠨ ᠶᠠᠪᠤᠳᠠᠯ᠎ᠢ ᠰᠢᠢᠳᠪᠤᠷᠢᠯᠡᠵᠦ ᠪᠠᠷᠠᠬᠰᠠᠭᠠᠷ ᠠᠵᠢᠯ᠎ᠳᠠᠭᠠᠨ ᠭᠠᠷᠤᠶ᠎ᠠ ︾ ᠭᠡᠵᠦ ᠨᠠᠮ᠎ᠤᠨ ᠭᠡᠰᠢᠭᠦᠨ ᠯᠢ ᠮᠸᠢ᠎ᠨᠢ ᠵᠢᠷᠭᠢᠶ᠎ᠠ᠎ᠪᠠᠷ ᠰᠦᠨ ᠵᠦᠡᠭ ᠯᠢᠡᠭ᠎ᠡᠴᠠ ᠴᠢᠯᠦᠭᠡ ᠭᠤᠶᠤᠪᠠ ᠃ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠭᠦ ᠡᠭᠦᠷᠭᠡ ᠬᠠᠳᠠᠭᠤ ᠪᠡᠷᠭᠡᠰᠢᠶᠡᠯᠳᠡᠢ᠎ᠶᠢ ᠮᠡᠳᠡᠭᠦ ᠪᠤᠯᠬᠤᠷ ᠯᠢ ᠮᠸᠢ ᠬᠠᠮᠳᠤ ᠠᠵᠢᠯᠯᠠᠬᠰᠠᠳ᠎ᠲᠠᠭᠠᠨ ᠭᠡᠷ᠎ᠤᠨ ᠪᠠᠢᠳᠠᠯ᠎ᠢᠶᠡᠨ ᠶᠠᠷᠢᠬᠰᠠᠨ ᠦᠭᠡᠢ ᠪᠠᠢᠯ᠎ᠠ ᠃ ︽ ᠶᠠᠭᠠᠷᠠᠵᠦ ᠢᠷᠡᠭᠰᠡᠨ᠎ᠤ ᠬᠡᠷᠡᠭ ᠦᠭᠡᠢ ᠂ ᠭᠡᠷ᠎ᠲᠡᠭᠡᠨ ᠢᠯᠡᠭᠦᠦ ᠭᠡᠲᠦᠨ ᠡᠳᠦᠷ ᠡᠵᠢ᠎ᠳ᠋ᠡᠭᠡᠨ ᠬᠠᠨᠢ ᠪᠤᠯᠵᠦ ᠰᠠᠭᠤᠭᠠᠷᠠᠢ ︕ ︾ ᠭᠡᠵᠦ ᠰᠦᠨ ᠵᠦᠡᠭ ᠯᠢᠡᠭ ᠬᠡᠯᠡᠨ᠎ᠡ ᠃
2 ᠰᠠᠷ᠎ᠠ᠎ᠶᠢᠨ 6᠎ᠤ ᠡᠳᠦᠷ ᠂ 304 ᠬᠢᠨᠠᠨ ᠬᠡᠮᠵᠢᠭᠦ ᠦᠷᠳᠡᠭᠡ᠎ᠶᠢᠨ ᠠᠵᠢᠯᠳᠠᠳ ᠰᠤᠷᠭᠤᠭ ᠴᠡᠴᠡᠭ᠎ᠤᠨ ᠲᠡᠯᠭᠡᠭᠦᠷ᠎ᠤᠨ ᠡᠵᠡᠨᠳᠡᠨᠤ ᠬᠦᠷᠭᠡᠨ ᠢᠷᠡᠭᠰᠡᠨ ᠰᠤᠷᠭᠤᠭ ᠴᠡᠴᠡᠭ᠎ᠢ ᠲᠤᠰᠣᠨ ᠣᠯᠪᠠ ᠃ ᠰᠦᠨ ᠵᠦᠡᠭ ᠯᠢᠡᠭ ᠄ ︽ ᠡᠨᠡ ᠪᠤᠯ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠭᠰᠡᠨ᠎ᠡᠴᠠ ᠨᠠᠭᠠᠰᠢᠭᠢ ᠬᠠᠮᠤᠭ᠎ᠤᠨ ᠷᠤᠮᠠᠨᠲ᠋ᠢᠭ ᠴᠠᠭ ᠮᠦᠴᠡ ᠂ ᠪᠢ ᠦᠪᠡᠷ᠎ᠢ᠎ᠪᠠᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠭᠦ ᠠᠵᠢᠯ᠎ᠤᠨ ᠨᠢᠭᠡ ᠭᠡᠰᠢᠭᠦᠨ ᠪᠤᠯᠤᠬᠰᠠᠨ᠎ᠳᠠᠭᠠᠨ ᠤᠮᠤᠬᠰᠢᠨᠠ ᠂ ᠮᠦᠨ ᠴᠤ ᠡᠭᠦᠷᠭᠡ ᠬᠠᠷᠢᠭᠤᠴᠠᠯᠭ᠎ᠠ ᠦᠡᠭᠭᠡ ᠬᠡᠷᠡᠯᠳᠡᠢ ᠮᠦᠷᠳᠡᠭᠡᠨ ᠬᠦᠨᠳᠤ ᠴᠢᠬᠤᠯᠠ᠎ᠶᠢ ᠮᠡᠳᠡᠯ᠎ᠠ ︾ ᠭᠡᠵᠦ ᠲᠡᠷᠡ ᠬᠡᠯᠡᠨ᠎ᠡ ᠃
1 ᠰᠠᠷ᠎ᠠ᠎ᠶᠢᠨ 20᠎ᠤ ᠡᠳᠦᠷ ᠂ 82 ᠨᠠᠰᠤᠳᠠᠢ ᠬᠠᠳᠠᠮ ᠠᠪᠤ᠋᠎ᠨᠢ ᠬᠦᠨᠳᠤ ᠡᠪᠡᠳᠴᠢᠳᠡᠨ᠎ᠢ ᠬᠢᠨᠠᠨ ᠬᠠᠮᠠᠭᠠᠯᠠᠬᠤ ᠲᠠᠰᠤᠭ᠎ᠡᠴᠠ ᠡᠮᠨᠡᠯᠭᠡ᠎ᠡᠴᠠ ᠭᠠᠷᠴᠤ ᠭᠡᠷ᠎ᠲᠡᠭᠡᠨ ᠪᠣᠴᠠᠵᠣ ᠂ ᠨᠠᠰᠤᠳᠠᠨ ᠵᠢᠭᠠᠬᠠᠨ ᠪᠡᠶ ᠡᠳ᠋ᠡᠭᠡᠨ ᠵᠦᠪ ᠪᠤᠯᠤᠬᠰᠠᠨ ᠪᠤᠯᠪᠠᠴᠤ ᠬᠠᠵᠠᠭᠤᠡᠴᠠᠨᠢ ᠬᠦᠮᠦᠨ ᠰᠠᠯᠵᠦ ᠪᠤᠯᠬᠤ ᠦᠭᠡᠢ ᠂ ᠡᠳᠦᠷ ᠲᠤᠷᠰᠢ ᠬᠡᠪᠳᠡᠭᠦᠯᠦᠨ ᠠᠰᠠᠷᠠᠬᠤ ᠴᠢᠬᠣᠯᠠᠲᠠᠢ ᠪᠠᠢᠪᠠ ᠃ ᠰᠦᠨ ᠵᠦᠡᠭ ᠯᠢᠡᠭ ᠬᠠᠳᠠᠮ ᠠᠪᠤ᠋᠎ᠶᠢᠨ ᠪᠡᠶ᠎ᠠ᠎ᠶᠢᠨ ᠡᠷᠡᠭᠦᠯ ᠮᠠᠨᠳᠤ᠎ᠶᠢᠨ ᠲᠦᠯᠦᠭᠡ ᠂ ᠭᠡᠷ᠎ᠲᠡᠭᠡᠨ ᠬᠠᠷᠢᠪᠠᠯ ᠡᠳᠦᠷ᠎ᠤᠨ ᠡᠮᠦᠰᠦᠭᠰᠨᠨ ᠬᠤᠪᠴᠠᠰᠦ ᠬᠤᠨᠠᠷ᠎ᠢᠶᠡᠨ ᠲᠠᠬᠢᠨ ᠲᠠᠪᠳᠠᠨ ᠠᠷᠢᠭᠤᠳᠬᠠᠨ᠎ᠠ ᠃
ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠭᠦ ᠠᠵᠢᠯ ᠪᠤᠯ ᠪᠦᠭᠦ ᠠᠷᠠᠳ ᠤᠷᠤᠯᠴᠠᠬᠤ ︽ ᠲᠠᠢᠯᠠᠯᠳᠤᠭᠠᠨ ︾ ᠂ ᠬᠦᠮᠦᠨ ᠪᠦᠷᠢ᠎ᠶᠢᠨ ᠴᠢᠷᠮᠠᠢᠯᠭ᠎ᠠ᠎ᠶᠢ ᠱᠠᠭᠠᠷᠳᠠᠨ᠎ᠠ ᠃ ᠬᠢᠵᠢᠭ᠎ᠤᠨ ᠪᠠᠢᠳᠠᠯ ᠢᠯᠡᠷᠡᠭᠰᠡᠨ᠎ᠡᠴᠠ ᠨᠠᠭᠠᠰᠢ ᠂ ᠬᠤᠷᠴᠢᠨ ᠵᠡᠭᠦᠨ ᠭᠠᠷᠤᠨ ᠬᠤᠢᠳᠤ ᠬᠤᠰᠢᠭᠤᠨ᠎ᠤ ᠦᠷᠭᠡᠨ ᠤᠯᠠᠨ ᠨᠠᠮ᠎ᠤᠨ ᠭᠡᠰᠢᠭᠦᠳ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠭᠦ ᠨᠢᠭᠡᠳᠦᠭᠡᠷ ᠹᠷᠤᠨᠲ᠎ᠲᠤ ᠦᠭᠡ ᠲᠠᠭᠤ ᠦᠭᠡᠢ ᠵᠢᠳᠭᠦᠵᠦ ᠂ ᠬᠠᠮᠤᠭ᠎ᠤᠨ ᠭᠤᠶᠤ ︽ ᠰᠦᠷᠦᠨ ᠤᠷᠤᠬᠰᠢᠯᠠᠬᠴᠢ ︾ ᠪᠤᠯᠬᠤ᠎ᠪᠠᠷ ᠴᠢᠷᠮᠠᠢᠨ᠎ᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠴᠣᠷᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃