ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠨᠠᠮ᠎ᠤ᠋ᠨ ᠲᠤᠭ

2020-03-09 10:22:56

ᠵᠣᠬᠢᠶᠠᠭ᠍ᠴᠢ᠄ ᠰᠢᠨᠡᠪᠢᠯᠢᠭ ᠣᠩᠱᠢᠭ᠍ᠰᠠᠨ ᠣᠳᠠᠭ᠎ᠠ᠄ 3

ᠯᠢᠦ ᠳ᠋ᠸ ᠴᠤᠤ ᠪᠤᠯ ᠶᠠᠬᠰᠢ ᠬᠤᠳᠠ᠎ᠶᠢᠨ ᠲᠤᠳᠤᠭᠠᠳᠤ᠎ᠶᠢ ᠬᠠᠮᠠᠭᠠᠯᠠᠬᠤ ᠲᠤᠪᠴᠢᠶ᠎ᠠ᠎ᠶᠢᠨ ᠰᠢᠨ ᠭᠦᠩ ᠲᠤᠮᠢᠯᠠᠬᠰᠠᠨ ᠰᠠᠯᠪᠤᠷᠢ᠎ᠶᠢᠨ ᠲᠡᠳ᠋ ᠲᠠᠷᠤᠭ᠎ᠠ ᠃ ᠲᠡᠷᠡ ᠠᠵᠢᠯ᠎ᠤᠨ ᠭᠠᠷᠤᠭ᠎ᠠ᠎ᠪᠠᠨ ᠠᠪᠤᠬᠰᠠᠨ᠎ᠡᠴᠠ᠎ᠪᠠᠨ ᠠᠪᠤᠭᠠᠳ ᠦᠨᠳᠦᠰᠦᠨ ᠱᠠᠳᠤᠨ᠎ᠳ᠋ᠤ ᠠᠵᠢᠯᠯᠠᠨ ᠂ ᠤᠯᠠᠨ ᠲᠦᠮᠡᠨ᠎ᠳ᠋ᠤ ᠦᠢᠯᠡᠴᠢᠯᠡᠵᠦ ᠂ ᠡᠬᠡᠯ ᠵᠢᠷ᠎ᠤᠨ ᠠᠵᠢᠯ᠎ᠤᠨ ᠪᠠᠢᠷᠢ ᠲᠡᠭᠡᠷ᠎ᠡ᠎ᠪᠠᠨ ᠦᠬᠡ ᠲᠠᠭᠤ ᠦᠬᠡᠢ ᠵᠢᠳᠭᠦᠨ ᠴᠢᠷᠮᠠᠢᠭᠰᠠᠭᠠᠷ ᠃ ᠰᠢᠨ᠎ᠡ ᠲᠢᠳᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠢᠳᠠᠯ ᠡᠬᠦᠰᠦᠭᠰᠡᠨ᠎ᠤ ᠲᠠᠷᠠᠭ᠎ᠠ ᠂ ᠲᠡᠷᠡ ᠰᠠᠨᠠᠭᠠᠴᠢᠯᠠᠭ᠎ᠠ᠎ᠡᠴᠠ᠎ᠪᠠᠨ ᠡᠮᠦᠨ᠎ᠡ ᠹᠷᠤᠨᠲ᠎ᠲᠤ ᠮᠤᠷᠳᠠᠬᠤ᠎ᠪᠠᠷ ᠭᠤᠶᠤᠴᠢᠯᠠᠵᠤ ᠂ ᠡᠳᠦᠷᠵᠢᠨ ᠰᠦᠨᠢᠵᠢᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠨᠢᠬᠡᠳᠦᠬᠡᠷ ᠹᠷᠤᠨᠲ᠎ᠲᠤ ᠡᠷᠡᠯᠭᠡᠭᠯᠡᠨ ᠲᠡᠮᠡᠴᠡᠵᠦ ᠂ ᠪᠤᠳᠠᠳᠣ ᠠᠵᠢᠯᠯᠠᠭ᠎ᠠ᠎ᠪᠠᠷ᠎ᠢᠶᠡᠨ ︽ ᠬᠢᠵᠢᠭ᠎ᠤᠨ ᠪᠠᠢᠳᠠᠯ᠎ᠤᠨ ᠡᠮᠦᠨ᠎ᠡ ᠂ ᠴᠠᠬᠳᠠᠭ᠎ᠠ ᠬᠤᠢᠰᠢ ᠤᠬᠤᠷᠢᠬᠤ ᠦᠬᠡᠢ ︾ ᠦᠨᠡᠨᠴᠢ ᠰᠢᠳᠤᠷᠭᠤ ᠡᠬᠦᠷᠬᠡ ᠬᠠᠷᠢᠭᠤᠴᠠᠯᠭ᠎ᠠ ᠪᠠ ᠣᠷᠬᠢᠯᠣᠮ᠎ᠠ ᠬᠠᠯᠠᠭᠤᠨ ᠰᠡᠳᠬᠢᠯᠭᠡ᠎ᠶᠢ ᠢᠯᠡᠷᠡᠬᠦᠯᠵᠦ ᠪᠢᠯᠡ ᠃
ᠶᠠᠬᠰᠢ ᠬᠤᠳᠠ ᠬᠡᠨᠡᠳᠳᠡ ᠡᠬᠦᠰᠦᠭᠰᠡᠨ ᠤᠯᠠᠨ ᠨᠡᠢᠳᠡ᠎ᠶᠢᠨ ᠡᠷᠡᠬᠦᠯ ᠬᠠᠮᠠᠭᠠᠯᠠᠯ᠎ᠤᠨ ᠬᠡᠷᠡᠭ ᠶᠠᠪᠤᠳᠠᠯ᠎ᠤᠨ ᠨᠢᠬᠡᠳᠦᠬᠡᠷ ᠲᠡᠰ᠎ᠤᠨ ᠠᠵᠢᠯᠯᠠᠭ᠎ᠠ᠎ᠶᠢ ᠡᠬᠢᠯᠡᠬᠦᠯᠦᠭᠰᠡᠨ᠎ᠤ ᠳᠠᠷᠠᠭ᠎ᠠ ᠂ ᠯᠢᠦ ᠳ᠋ᠸ ᠴᠤᠤ ᠦᠴᠦᠬᠡᠨ ᠴᠤ ᠡᠷᠡᠬᠡᠯᠵᠡᠯ ᠦᠬᠡᠢ᠎ᠪᠠᠷ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠠᠵᠢᠯ᠎ᠤᠨ ᠨᠢᠬᠡᠳᠦᠬᠡᠷ ᠹᠷᠤᠨᠲ᠎ᠲᠤ ᠭᠠᠪᠰᠢᠭᠠᠢᠯᠠᠪᠠ ᠃ ᠤᠳᠤᠬᠠᠨ᠎ᠤ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠬᠠᠷᠠᠯᠳᠠ ᠡᠬᠦᠷᠬᠡ᠎ᠳ᠋ᠤ ᠴᠢᠭᠯᠡᠭᠦᠯᠦᠨ ᠂ ᠲᠡᠷᠡ ᠴᠠᠬ ᠲᠤᠬᠠᠢ᠎ᠳ᠋ᠤᠨᠢ ᠨᠡᠢᠬᠡᠮ ᠲᠤᠭᠤᠷᠢᠬ᠎ᠤᠨ ᠴᠠᠬᠳᠠᠭ᠎ᠠ ᠂ ᠨᠡᠬᠦᠳᠡᠯ ᠬᠦᠮᠦᠨ ᠠᠮᠠ᠎ᠶᠢ ᠬᠠᠮᠵᠢᠨ ᠬᠠᠮᠢᠶᠠᠷᠤᠬᠴᠢ᠎ᠪᠠᠨ ᠵᠤᠬᠢᠶᠠᠨ ᠪᠠᠢᠭᠤᠯᠤᠨ ᠬᠠᠷᠢᠶ᠎ᠠ ᠲᠤᠭᠤᠷᠢᠬ᠎ᠲᠠᠭᠠᠨ ᠬᠦᠨᠵᠡᠬᠡᠢᠷᠡᠵᠦ ᠂ ᠬᠦᠮᠦᠨ ᠠᠮᠠ᠎ᠶᠢ ᠺᠤᠳ᠋ ᠰᠢᠷᠪᠢᠨ ᠲᠠᠩᠰᠠᠯᠠᠬᠤ ᠠᠵᠢᠯ ᠦᠷᠨᠢᠬᠦᠯᠵᠦ ᠂ ᠬᠠᠷᠢᠶ᠎ᠠ ᠲᠤᠭᠤᠷᠢᠬ᠎ᠤᠨ᠎ᠢᠶᠡᠨ ᠪᠤᠳᠠᠳᠠᠢ ᠪᠠᠢᠭ᠎ᠠ ᠬᠦᠮᠦᠨ ᠠᠮᠠ᠎ᠶᠢᠨ ᠰᠠᠭᠤᠷᠢ ᠲᠤᠭ᠎ᠠ ᠂ ᠬᠦᠮᠦᠨ᠎ᠤ ᠶᠠᠪᠣᠵᠣ ᠰᠠᠭᠣᠵᠣ ᠪᠠᠢᠭ᠎ᠠ ᠪᠠᠢᠳᠠᠯ ᠂ ᠪᠡᠶ᠎ᠡ᠎ᠶᠢᠨ ᠪᠠᠢᠳᠠᠯ᠎ᠢ ᠴᠠᠬ ᠲᠤᠬᠠᠢ᠎ᠳ᠋ᠤᠨᠢ ᠡᠵᠡᠮᠰᠢᠵᠦ ᠂ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠵᠦ ᠬᠠᠮᠢᠶᠠᠷᠬᠤ ᠠᠵᠢᠯ᠎ᠢ ᠰᠠᠢᠳᠤᠷ ᠦᠷᠨᠢᠬᠦᠯᠪᠡ ᠃ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠠᠵᠢᠯ ᠲᠤᠮᠳᠠ ᠂ ᠲᠡᠷᠡ ︽ ᠵᠠᠭᠤᠨ ᠴᠠᠬᠳᠠᠭ᠎ᠠ ᠲᠦᠮᠡᠨ ᠡᠷᠦᠬᠡ᠎ᠳ᠋ᠤ ᠬᠦᠨᠵᠡᠬᠡᠢᠷᠡᠬᠦ ︾ ᠠᠵᠢᠯᠯᠠᠭ᠎ᠠ᠎ᠳ᠋ᠤ ᠲᠦᠰᠢᠭᠯᠡᠵᠦ ᠂ ︽ ᠤᠷᠤᠵᠤ ᠭᠠᠷᠬᠤ ᠬᠤᠶᠠᠷ ᠬᠡᠮᠵᠢᠯᠳᠦ ᠺᠤᠳ᠋ ︾᠎ᠤᠨ ᠵᠦᠬᠡᠯᠡᠨ ᠲᠤᠨᠤᠬ᠎ᠢ ᠠᠰᠢᠬᠯᠠᠨ ᠂ ᠡᠷᠦᠬᠡ᠎ᠳ᠋ᠤ ᠤᠷᠤᠬᠰᠠᠨ ᠡᠬᠡ ᠺᠠᠷᠲ᠎ᠲᠠᠢ ᠤᠶᠠᠯᠳᠤᠭᠤᠯᠤᠨ ᠂ ︽ ᠰᠦᠯᠵᠢᠶᠡᠨ ᠲᠡᠭᠡᠷᠡᠬᠢ + ᠰᠦᠯᠵᠢᠶᠡᠨ ᠲᠤᠤᠷᠠᠬᠢ ︾᠎ᠶᠢ ᠬᠠᠷᠢᠯᠴᠠᠨ ᠠᠭᠤᠰᠬᠠᠬᠰᠠᠨ ᠠᠷᠭ᠎ᠠ᠎ᠶᠢ ᠬᠡᠷᠡᠭᠯᠡᠨ ᠂ ᠦᠨᠳᠦᠰᠦᠨ ᠱᠠᠳᠤᠨ᠎ᠤ ᠰᠠᠭᠤᠷᠢ ᠠᠵᠢᠯ᠎ᠤᠨ ᠲᠤᠳᠠᠭᠤᠳᠠᠯ᠎ᠢ ᠨᠦᠬᠦᠪᠦᠷᠢᠯᠡᠵᠡᠢ ᠃
︽ ᠨᠠᠮ᠎ᠤᠨ ᠲᠤᠬ᠎ᠢ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠨᠢᠬᠡᠳᠦᠬᠡᠷ ᠹᠷᠤᠨᠲ᠎ᠲᠤ ᠦᠨᠳᠦᠷ ᠮᠠᠨᠳᠣᠭᠣᠯᠬᠣ ︾ ᠪᠤᠯ ᠶᠡᠷᠦᠩᠬᠡᠢ ᠱᠦᠵᠢ ᠰᠢ᠎ᠶᠢᠨ ᠫᠢᠩ᠎ᠤᠨ ᠴᠢᠩᠭ᠎ᠠ ᠵᠠᠷᠯᠢᠬ ᠂ ᠬᠦᠴᠦᠳᠡᠢ ᠲᠠᠢᠴᠢᠯᠠᠯᠳᠠ ᠪᠣᠯᠣᠨ᠎ᠠ ᠂ ᠡᠨᠡ᠎ᠨᠢ ᠦᠷᠬᠡᠨ ᠤᠯᠠᠨ ᠨᠠᠮ᠎ᠤᠨ ᠬᠡᠰᠢᠬᠦᠨ ᠠᠷᠠᠳ᠎ᠤᠨ ᠴᠠᠬᠳᠠᠭ᠎ᠠ᠎ᠶᠢ ᠤᠷᠮᠠᠰᠢᠭᠤᠯᠤᠨ ᠵᠤᠷᠢᠬᠵᠢᠭᠤᠯᠵᠤ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠨᠢᠬᠡᠳᠦᠬᠡᠷ ᠹᠷᠤᠨᠲ᠎ᠲᠤ ᠭᠠᠪᠰᠢᠭᠠᠢᠯᠠᠭᠣᠯᠣᠯ᠎ᠠ ᠃ 2 ᠰᠠᠷ᠎ᠠ᠎ᠶᠢᠨ 1᠎ᠤ ᠡᠳᠦᠷ ᠶᠠᠬᠰᠢ ᠬᠤᠳᠠ᠎ᠶᠢᠨ ᠲᠤᠳᠤᠭᠠᠳᠤ᠎ᠶᠢ ᠬᠠᠮᠠᠭᠠᠯᠠᠬᠤ ᠲᠤᠪᠴᠢᠶ᠎ᠠ᠎ᠶᠢᠨ ᠰᠢᠨ ᠬᠦᠩ ᠲᠤᠮᠢᠯᠠᠬᠰᠠᠨ ᠰᠠᠯᠪᠤᠷᠢ ᠬᠦᠬᠡ ᠨᠠᠷᠠᠰᠤ ᠲᠤᠤᠷᠴᠢᠯᠠᠬᠰᠠᠨ ᠴᠠᠬᠳᠠᠭᠠᠨ᠎ᠤ ᠶᠠᠪᠤᠳᠠᠯ᠎ᠤᠨ ᠲᠦᠷ ᠴᠠᠬ᠎ᠤᠨ ᠨᠠᠮ᠎ᠤᠨ ᠡᠬᠦᠷ ᠪᠠᠢᠭᠤᠯᠪᠠ ᠂ ᠯᠢᠦ ᠳ᠋ᠸ ᠴᠤᠤ ᠰᠠᠨᠠᠭᠠᠴᠢᠯᠠᠭ᠎ᠠ᠎ᠡᠴᠠ᠎ᠪᠠᠨ ︽ ᠪᠢ ᠪᠤᠯ ᠪᠡᠯᠡᠳᠬᠡᠯ ᠨᠠᠮ᠎ᠤᠨ ᠬᠡᠰᠢᠬᠦᠨ ᠂ ᠨᠠᠮᠠᠶᠢ ᠤᠷᠤᠯᠴᠠᠭᠤᠯᠤᠭᠠᠷᠠᠢ ︾ ᠭᠡᠵᠦ ᠲᠦᠷ ᠴᠠᠭ᠎ᠤᠨ ᠨᠠᠮ᠎ᠤᠨ ᠡᠭᠦᠷ᠎ᠲᠤ ᠤᠷᠤᠯᠴᠠᠬᠤ᠎ᠪᠠᠷ ᠡᠷᠭᠦᠳᠡᠯ ᠭᠠᠷᠭᠠᠪᠠ ᠃ ᠲᠦᠷ ᠴᠠᠬ᠎ᠤᠨ ᠨᠠᠮ᠎ᠤᠨ ᠡᠬᠦᠷ᠎ᠲᠤ ᠤᠷᠤᠬᠰᠠᠨ᠎ᠤ ᠲᠠᠷᠠᠭ᠎ᠠ ᠂ ᠲᠡᠷᠡ ᠰᠠᠢᠨ ᠲᠤᠷᠠᠴᠣᠣᠯ᠎ᠢ ᠦᠷᠬᠡᠨ᠎ᠢᠶᠠᠷ ᠵᠣᠬᠢᠶᠠᠨ ᠪᠠᠢᠭᠣᠯᠵᠣ ᠯᠢᠨ ᠳ᠋ᠦ᠋ ᠴᠠᠬᠳᠠᠭᠠᠨ᠎ᠤ ᠶᠠᠪᠤᠳᠠᠯ᠎ᠤᠨ ᠲᠤᠰᠠᠯᠠᠬᠴᠢ᠎ᠶᠢᠨ ᠡᠩᠨᠡᠬᠡ᠎ᠳ᠋ᠤ ᠤᠷᠤᠯᠴᠠᠭᠤᠯᠵᠤ ᠂ ᠨᠡᠩ ᠤᠯᠠᠨ ᠨᠠᠮ᠎ᠤᠨ ᠬᠡᠰᠢᠬᠦᠨ ᠂ ᠢᠳᠡᠪᠬᠢᠳᠡᠨ ᠂ ᠨᠡᠢᠳᠡ᠎ᠶᠢᠨ ᠠᠰᠠᠷᠠᠮᠵᠢ᠎ᠶᠢᠨ ᠠᠵᠢᠯ᠎ᠢ ᠦᠷᠨᠢᠬᠦᠯᠬᠦ᠎ᠳ᠋ᠤ ᠬᠠᠯᠠᠭᠤᠨ ᠰᠡᠳᠬᠢᠯ᠎ᠲᠠᠢ ᠤᠯᠠᠨ ᠲᠦᠮᠡᠨ᠎ᠢ ᠤᠷᠤᠯᠴᠠᠭᠤᠯᠵᠤ ᠂ ᠬᠠᠷᠢᠶ᠎ᠠ ᠲᠤᠭᠤᠷᠢᠬ᠎ᠤᠨ 56 ᠰᠠᠭᠣᠭᠠᠯᠢ ᠠᠷᠠᠳ᠎ᠤᠨ ᠲᠤᠭᠤᠷᠢᠬ᠎ᠲᠠᠭᠠᠨ 56 ᠰᠠᠢᠨ ᠲᠤᠷᠠᠴᠣᠣᠯ ᠡᠯᠰᠡᠵᠦ ᠂ ᠤᠯᠠᠨ᠎ᠲᠠᠢ ᠬᠠᠮᠳᠤ᠎ᠪᠠᠷ ᠣᠣᠯ᠎ᠤᠨ ᠠᠳᠠᠯ ᠠᠬᠤᠢ ᠦᠬᠡᠢ ᠰᠠᠭᠣᠭᠠᠯᠢ ᠠᠷᠠᠳ᠎ᠤᠨ ᠲᠤᠭᠤᠷᠢᠬ᠎ᠲᠤ ᠳᠣᠭᠣᠷᠢᠨ ᠴᠠᠬᠳᠠᠵᠤ ᠰᠡᠷᠬᠡᠢᠯᠡᠨ ᠡᠵᠡᠮᠳᠡᠬᠦ ᠠᠵᠢᠯ ᠦᠷᠨᠢᠬᠦᠯᠵᠦ ᠂ ᠴᠡᠭ᠎ᠲᠤ ᠰᠠᠭᠤᠨ ᠵᠢᠵᠢᠬᠦᠷᠯᠡᠵᠦ ᠂ ᠰᠠᠭᠣᠭᠠᠯᠢ ᠠᠷᠠᠳ᠎ᠤᠨ ᠪᠡᠶ᠎ᠡ᠎ᠶᠢᠨ ᠬᠠᠯᠠᠭᠣᠨ᠎ᠢ᠎ᠨᠢ ᠬᠡᠮᠵᠢᠵᠦ ᠂ ᠰᠡᠷᠬᠡᠢᠯᠡᠨ ᠡᠵᠡᠮᠳᠡᠬᠦ ᠤᠬᠠᠭᠤᠯᠭ᠎ᠠ ᠦᠷᠨᠢᠬᠦᠯᠵᠦ ᠂ ᠭᠠᠳᠠᠬᠰᠢ ᠭᠠᠷᠬᠤ ᠴᠢᠬᠤᠯᠠᠳᠠᠢ ᠬᠦᠮᠦᠰ᠎ᠢ ᠪᠦᠬᠦᠨ᠎ᠢ ︽ ᠦᠨᠡᠨ ᠨᠡᠷ᠎ᠡ᠎ᠪᠠᠷ᠎ᠨᠢ ᠲᠠᠩᠰᠠᠯᠠᠬᠤ ︾᠎ᠶᠢ ᠪᠠᠳᠤᠯᠠᠪᠠ ᠃ ᠰᠠᠭᠣᠭᠠᠯᠢ ᠠᠷᠠᠳ᠎ᠤᠨ ᠲᠤᠭᠤᠷᠢᠬ᠎ᠤᠨ ᠰᠡᠷᠬᠡᠢᠯᠡᠨ ᠬᠠᠮᠠᠭᠠᠯᠠᠬᠤ ᠲᠤᠳᠠᠭᠤᠳᠠᠯ᠎ᠢ ᠴᠠᠬ ᠲᠤᠬᠠᠢ᠎ᠳ᠋ᠤᠨᠢ ᠲᠡᠭᠡᠭᠰᠢ ᠮᠡᠳᠡᠬᠦᠯᠦᠨ ᠬᠠᠮᠢᠶ᠎ᠠ ᠪᠦᠬᠦᠢ ᠰᠠᠯᠠᠭ᠎ᠠ ᠮᠦᠴᠢᠷ᠎ᠲᠠᠢ ᠤᠢᠯᠠᠭᠠᠯᠴᠠᠨ ᠨᠡᠪᠳᠡᠷᠡᠯᠴᠡᠵᠦ ᠂ ᠦᠪᠡᠰᠦᠪᠡᠨ ᠪᠠᠭᠠᠵᠢ ᠬᠡᠷᠡᠭᠯᠡᠬᠦᠷ ᠬᠤᠳᠠᠯᠳᠤᠨ ᠠᠪᠴᠤ ᠂ ᠰᠠᠭᠣᠭᠠᠯᠢ ᠠᠷᠠᠳ᠎ᠤᠨ ᠲᠤᠭᠤᠷᠢᠬ᠎ᠤᠨ ᠡᠪᠳᠡᠷᠡᠵᠦ ᠬᠠᠭᠣᠴᠢᠷᠠᠭᠰᠠᠨ ᠲᠦᠷ ᠴᠠᠬ᠎ᠤᠨ 11 ᠡᠬᠦᠳᠡ᠎ᠶᠢ ᠵᠠᠰᠠᠨ ᠰᠡᠯᠪᠢᠵᠦ ᠂ ᠨᠡᠢᠬᠡᠮ ᠲᠤᠭᠤᠷᠢᠬ ᠂ ᠠᠳᠠᠯ ᠠᠬᠤᠢ᠎ᠶᠢ ᠱᠠᠯᠠᠪᠳᠠᠭᠤᠯᠣᠨ ᠱᠠᠭᠠᠷᠳᠠᠵᠣ ᠪᠠᠢᠭᠠᠳ 7 ᠭᠠᠵᠠᠷ᠎ᠢ ᠵᠠᠰᠠᠨ ᠰᠠᠢᠵᠢᠷᠠᠭᠤᠯᠪᠠ ᠃
︽ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠣᠨᠴᠠᠭᠠᠢ ᠴᠠᠬ ᠦᠶ᠎ᠠ᠎ᠳ᠋ᠤ ᠂ ᠮᠠᠨ᠎ᠤ ᠠᠵᠢᠯ᠎ᠢ ᠤᠢᠯᠠᠭᠠᠵᠤ ᠂ ᠴᠦᠬᠡᠨ ᠭᠠᠳᠠᠬᠰᠢ ᠭᠠᠷᠴᠤ ᠂ ᠬᠢᠵᠢᠭ᠎ᠤᠨ ᠪᠠᠢᠳᠠᠯ ᠦᠩᠬᠡᠷᠡᠭᠰᠡᠨ᠎ᠤ ᠲᠠᠷᠠᠭ᠎ᠠ ᠭᠠᠳᠠᠬᠰᠢ ᠭᠠᠷᠴᠤ ᠬᠦᠳᠡᠯᠬᠡᠬᠡᠨ ᠬᠢᠬᠡᠷᠡᠢ ︕ ︾ ᠲᠡᠷᠡ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠠᠵᠢᠯ᠎ᠢ ᠤᠢᠯᠠᠭᠠᠬᠤ ᠦᠬᠡᠢ ᠂ ᠲᠡᠮᠵᠢᠬᠦ ᠦᠬᠡᠢ ᠬᠠᠷᠢᠶ᠎ᠠ ᠲᠤᠭᠤᠷᠢᠬ᠎ᠤᠨ᠎ᠢᠶᠡᠨ ᠤᠯᠠᠨ ᠲᠦᠮᠡᠨ᠎ᠢ ᠬᠦᠯᠢᠴᠡᠩᠬᠦᠢ᠎ᠪᠠᠷ ᠢᠳᠬᠠᠨ ᠵᠢᠯᠤᠭᠤᠳᠴᠤ ᠂ 2 ᠬᠦᠮᠦᠨ᠎ᠢ ᠢᠳᠬᠠᠨ ᠪᠤᠴᠠᠭᠠᠵᠤ ᠂ 1 ᠬᠦᠮᠦᠨ᠎ᠢ ᠬᠦᠮᠦᠵᠢᠭᠦᠯᠦᠨ ᠴᠡᠬᠡᠷᠯᠡᠬᠦᠯᠵᠡᠢ ᠃ ᠦᠨᠳᠦᠰᠦᠨ ᠱᠠᠳᠤ᠎ᠲᠠᠢ ᠬᠡᠳᠦᠢ ᠤᠢᠷᠠᠳᠤᠪᠠᠯ ᠠᠷᠠᠳ᠎ᠤᠨ ᠪᠠᠢᠳᠠᠯ᠎ᠢ ᠲᠡᠳᠦᠢ ᠤᠢᠯᠠᠭᠠᠵᠣ ᠳᠡᠢᠯᠬᠦ ᠪᠣᠯᠣᠨ᠎ᠠ ᠃ ᠡᠳᠦᠷᠵᠢᠨ ᠰᠦᠨᠢᠵᠢᠨ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠨᠢᠬᠡᠳᠦᠬᠡᠷ ᠹᠷᠤᠨᠲ᠎ᠲᠤ ᠰᠢᠷᠭᠠᠭᠣ ᠠᠵᠢᠯᠯᠠᠵᠤ ᠪᠠᠢᠭ᠎ᠠ ᠨᠡᠢᠬᠡᠮ ᠲᠤᠭᠤᠷᠢᠬ᠎ᠤᠨ ᠠᠵᠢᠯᠳᠠᠳ᠎ᠢ ᠬᠠᠷᠠᠭᠠᠳ ᠯᠢᠦ ᠳ᠋ᠸ ᠴᠤᠤ ᠬᠠᠯᠠᠭᠣᠨ ᠰᠡᠳᠬᠢᠯᠳᠦ ᠠᠵᠤ ᠠᠬᠤᠢᠯᠠᠯᠳᠠᠳ᠎ᠲᠠᠢ ᠢᠳᠡᠪᠬᠢᠳᠡᠢ ᠬᠠᠷᠢᠯᠴᠠᠵᠤ ᠂ ᠬᠠᠷᠢᠶ᠎ᠠ ᠲᠤᠭᠤᠷᠢᠬ᠎ᠤᠨ᠎ᠢᠶᠡᠨ ᠡᠯ᠎ᠡ ᠵᠢᠵᠢᠬᠦᠷ᠎ᠤᠨ ᠴᠡᠭ᠎ᠤᠨ ᠠᠵᠢᠯᠳᠠᠳ ᠪᠠ ᠰᠠᠢᠨ ᠲᠤᠷᠠᠴᠣᠣᠯ᠎ᠳ᠋ᠤ ᠠᠮᠠᠪᠴᠢ ᠵᠡᠷᠬᠡ ᠰᠡᠷᠬᠡᠢᠯᠡᠨ ᠬᠠᠮᠠᠭᠠᠯᠠᠬᠤ ᠡᠳ᠋ ᠪᠤᠳᠠᠰ ᠬᠠᠨᠳᠢᠪᠯᠠᠭᠣᠯᠪᠠ ᠃ ᠡᠳᠡᠭᠡᠷ ᠠᠮᠠᠪᠴᠢ᠎ᠨᠢ ᠬᠡᠳᠦᠢ ᠨᠢᠮᠬᠡᠬᠡᠨ ᠪᠤᠯᠪᠠᠴᠤ ᠬᠠᠬᠢᠷ ᠬᠦᠢᠳᠡᠨ ᠡᠪᠦᠯ᠎ᠤᠨ ᠡᠳᠦᠷ ᠠᠵᠢᠯ᠎ᠤᠨ ᠪᠠᠢᠷᠢ᠎ᠪᠠᠨ ᠪᠠᠳᠣ ᠰᠠᠬᠢᠵᠤ ᠪᠠᠢᠭ᠎ᠠ ᠠᠵᠢᠯᠳᠠᠳ᠎ᠤᠨ ᠰᠡᠳᠬᠢᠯ᠎ᠢ ᠦᠪᠡᠷ᠎ᠤᠨ ᠡᠷᠬᠡ ᠦᠭᠡᠢ ᠲᠤᠯᠠᠭᠠᠴᠠᠭᠤᠯᠤᠯ᠎ᠠ ᠃
ᠡᠪᠡᠳᠴᠢᠨ ᠬᠢᠵᠢᠭ ᠨᠢᠳᠦ ᠨᠢᠭᠤᠷ ᠦᠬᠡᠢ ᠲᠠᠭᠠᠷᠢᠨ ᠢᠷᠡᠭᠰᠡᠨ ᠭᠡᠨᠡᠳᠳᠡ᠎ᠶᠢᠨ ᠪᠠᠢᠳᠠᠯ᠎ᠤᠨ ᠡᠮᠦᠨ᠎ᠡ ᠂ ᠬᠠᠷᠢᠶ᠎ᠠ ᠳᠣᠭᠣᠷᠢᠭ᠎ᠤᠨ ᠬᠢᠨᠢ ᠰᠠᠭᠣᠭᠠᠯᠢ ᠠᠷᠠᠳ ᠰᠣᠴᠢᠯ ᠬᠡᠯᠮᠡᠭᠳᠡᠯ᠎ᠳ᠋ᠤ ᠳᠣᠯᠭᠠᠷᠠᠯ᠎ᠠ ᠃ ᠰᠠᠭᠣᠭᠠᠯᠢ ᠠᠷᠠᠳ᠎ᠤᠨ ᠰᠡᠳᠬᠢᠴᠡ᠎ᠶᠢᠨ ᠲᠠᠷᠤᠯᠳᠠ᠎ᠶᠢ ᠬᠦᠩᠬᠡᠷᠡᠬᠦᠯᠬᠦ᠎ᠶᠢᠨ ᠲᠦᠯᠦᠭᠡ ᠂ ᠯᠢᠦ ᠳ᠋ᠸ ᠴᠤᠤ ᠶᠠᠬᠰᠢ ᠬᠤᠳᠠ᠎ᠶᠢᠨ 19 ᠰᠡᠳᠬᠢᠴᠡ᠎ᠶᠢᠨ ᠯᠠᠪᠯᠠᠭ᠎ᠠ ᠬᠠᠩᠭᠠᠬᠴᠢ᠎ᠲᠠᠢ ᠬᠠᠷᠢᠯᠴᠠᠵᠤ ᠂ ᠰᠡᠳᠬᠢᠴᠡ᠎ᠶᠢᠨ ᠲᠤᠰᠬᠠᠢ ᠮᠡᠷᠬᠡᠵᠢᠯᠳᠡᠨ᠎ᠤ ᠪᠦᠯᠬᠦᠮ ᠪᠠᠢᠭᠤᠯᠵᠤ ᠂ ᠤᠳᠠᠰᠤ ᠂ ᠰᠦᠯᠵᠢᠶ᠎ᠠ᠎ᠪᠠᠷ ᠲᠠᠮᠵᠢᠭᠤᠯᠤᠨ ᠰᠡᠳᠬᠢᠴᠡ᠎ᠶᠢᠨ ᠲᠤᠰᠠᠯᠠᠮᠵᠢ᠎ᠶᠢᠨ ᠬᠠᠯᠠᠮᠰᠢᠯ ᠤᠳᠠᠰᠤ ᠨᠡᠪᠳᠡᠷᠡᠬᠦᠯᠦᠨ ᠂ ᠤᠯᠠᠨ ᠲᠦᠮᠡᠨ᠎ᠳ᠋ᠤ ᠴᠢᠬᠤᠯᠠ ᠪᠦᠬᠦᠢ ᠰᠡᠳᠬᠢᠴᠡ᠎ᠶᠢᠨ ᠲᠤᠰᠠᠯᠠᠮᠵᠢ ᠬᠠᠩᠭᠠᠵᠤ ᠂ ᠢᠳᠡᠪᠬᠢᠳᠡᠢ ᠤᠪᠤᠷ᠎ᠢᠶᠠᠷ ᠬᠢᠵᠢᠭ᠎ᠲᠤ ᠬᠠᠨᠳᠤᠬᠤ᠎ᠳ᠋ᠤᠨᠢ ᠳᠣᠰᠠ ᠳᠡᠮ ᠪᠣᠯᠭᠠᠪᠠ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面