ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠨᠠᠮ᠎ᠤ᠋ᠨ ᠲᠤᠭ

2020-03-17 09:03:38

ᠵᠣᠬᠢᠶᠠᠭ᠍ᠴᠢ᠄ ᠰᠢᠨᠡᠪᠢᠯᠢᠭ ᠣᠩᠱᠢᠭ᠍ᠰᠠᠨ ᠣᠳᠠᠭ᠎ᠠ᠄ 3

ᠪᠠᠭᠠᠷᠢᠨ ᠨᠤᠳᠤᠬ᠎ᠲᠤ ᠬᠠᠪᠤᠷ ᠬᠡᠦᠬᠡᠨ ᠠᠢᠯᠴᠢᠯᠠᠨ ᠰᠠᠭᠠᠳᠠᠬᠰᠠᠨ ᠴᠤ ᠠᠭᠤᠯᠠ ᠲᠠᠯ᠎ᠠ᠎ᠶᠢ ᠪᠦᠷᠬᠦᠭᠰᠡᠨ ᠬᠦᠷ ᠴᠠᠰᠤ ᠮᠦᠨ ᠯᠡ ᠵᠤᠵᠠᠭᠠᠨ᠎ᠢᠶᠠᠷ᠎ᠢᠶᠡᠨ ᠂ ᠬᠠᠬᠢᠷ ᠬᠦᠢᠳᠡᠨ ᠠᠭᠣᠷ ᠠᠮᠢᠰᠬᠣᠯ ᠮᠦᠨ ᠯᠡ ᠲᠡᠭᠷᠢ ᠬᠠᠪᠢᠷᠭ᠎ᠠ ᠨᠡᠪᠳᠡᠯᠦᠮ᠎ᠡ ᠬᠡᠪ᠎ᠢᠶᠠᠷ᠎ᠢᠶᠡᠨ ᠃ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠠᠵᠢᠯ ᠱᠠᠳᠤᠴᠢ ᠴᠢᠨᠠᠷᠳᠠᠢ ᠠᠮᠵᠢᠯᠳᠠ ᠤᠯᠵᠤ ᠂ ᠣᠨᠣᠰᠢᠯᠠᠭᠰᠠᠨ ᠡᠪᠡᠳᠴᠢᠳᠡᠨ᠎ᠤ ᠲᠤᠭ᠎ᠠ ᠡᠳᠦᠷ᠎ᠡᠴᠠ ᠡᠳᠦᠷ ᠴᠦᠬᠡᠷᠡᠵᠦ ᠪᠠᠢᠬᠰᠠᠨ ᠴᠤ ᠪᠠᠭᠠᠷᠢᠨ ᠪᠠᠷᠠᠭᠤᠨ ᠬᠤᠰᠢᠭᠤᠨ᠎ᠤ ᠴᠠᠭᠠᠠᠮᠦ᠋ᠷᠡᠨ ᠰᠤᠮᠤ᠎ᠶᠢᠨ ᠴᠠᠭᠠᠠᠰᠢᠷᠡᠬᠡ ᠭᠠᠴᠠᠭ᠎ᠠ᠎ᠶᠢᠨ ᠬᠠᠷᠠᠭᠤᠯ᠎ᠤᠨ ᠬᠦᠬᠡ ᠮᠠᠢᠬᠠᠨ ᠲᠡᠷᠡ ᠬᠡᠪ᠎ᠢᠶᠠᠷ᠎ᠢᠶᠡᠨ ᠰᠡᠬᠦᠢᠢᠵᠦ ᠂ ᠬᠤᠷᠴᠠ ᠤᠯᠠᠭᠠᠨ ᠨᠠᠮ᠎ᠤᠨ ᠲᠤᠬ ᠰᠠᠯᠬᠢᠨ᠎ᠤ ᠠᠶ᠎ᠠ᠎ᠪᠠᠷ ᠨᠠᠮᠢᠷᠠᠵᠤ ᠂ ᠨᠠᠮ᠎ᠤᠨ ᠰᠦᠯᠳᠡ ᠵᠡᠬᠦᠭᠰᠡᠨ ᠨᠠᠮ᠎ᠤᠨ ᠬᠡᠰᠢᠬᠦᠳ ᠬᠠᠷᠠᠭᠤᠯ᠎ᠤᠨ ᠭᠠᠵᠠᠷ᠎ᠢᠶᠡᠨ ᠪᠠᠳᠤ ᠰᠠᠬᠢᠬᠰᠠᠭᠠᠷ ᠃
ᠴᠠᠭᠠᠠᠮᠦ᠋ᠷᠡᠨ ᠰᠤᠮᠤ᠎ᠶᠢᠨ ᠴᠠᠭᠠᠠᠰᠢᠷᠡᠬᠡ ᠭᠠᠴᠠᠭ᠎ᠠ ᠪᠤᠯ 169 ᠡᠷᠦᠬᠡ᠎ᠲᠠᠢ ᠂ 25 ᠨᠠᠮ᠎ᠤᠨ ᠬᠡᠰᠢᠬᠦᠨ᠎ᠢ ᠪᠠᠬᠳᠠᠭᠠᠬᠰᠠᠨ 475 ᠬᠦᠮᠦᠨ ᠠᠮᠠ᠎ᠲᠠᠢ ᠬᠠᠭᠠᠰ ᠮᠠᠯᠵᠢᠬᠣ ᠬᠠᠭᠠᠰ ᠲᠠᠷᠢᠶᠠᠯᠠᠬᠤ ᠭᠠᠴᠠᠭ᠎ᠠ ᠪᠤᠯᠤᠨ᠎ᠠ ᠃ 2 ᠰᠠᠷ᠎ᠠ᠎ᠶᠢᠨ 26᠎ᠤ ᠡᠳᠦᠷ ᠪᠦᠷᠦᠢ ᠳᠠᠰᠣᠷᠠᠬᠣ ᠪᠣᠯᠣᠭᠰᠠᠨ ᠪᠠᠢᠳᠠᠯ᠎ᠠ ᠴᠠᠭᠠᠠᠰᠢᠷᠡᠬᠡ ᠭᠠᠴᠠᠭ᠎ᠠ᠎ᠶᠢᠨ ᠨᠠᠮ᠎ᠤᠨ ᠡᠬᠦᠷ᠎ᠤᠨ ᠱᠦᠵᠢ ᠰᠡᠴᠡᠨᠪᠢᠯᠢᠭ ᠨᠠᠭᠠᠰᠢ ᠴᠠᠭᠠᠰᠢ ᠵᠠᠮᠨᠠᠬᠣ ᠲᠡᠷᠬᠡ ᠬᠦᠰᠭᠡ᠎ᠶᠢ ᠲᠠᠩᠰᠠᠯᠠᠵᠤ ᠲᠡᠮᠳᠡᠭᠯᠡᠬᠡᠳ ᠶᠠᠭᠠᠷᠠᠨ᠎ᠠ ᠃ ᠲᠡᠬᠦᠨ᠎ᠤ ᠡᠨᠡ ᠡᠳᠦᠷ᠎ᠤᠨ ᠡᠬᠡᠯᠵᠢ ᠤᠳᠠᠯ ᠦᠬᠡᠢ ᠲᠠᠭᠤᠰᠬᠤ᠎ᠪᠠᠷ ᠪᠤᠢ ᠃ ᠰᠡᠴᠡᠨᠪᠢᠯᠢᠭ ᠨᠢᠬᠡ ᠮᠠᠰᠢᠨ ᠲᠡᠷᠬᠡ᠎ᠶᠢ ᠲᠠᠩᠰᠠᠯᠠᠴᠢᠬᠠᠭᠠᠳ ᠂ ︽ ᠮᠠᠨ᠎ᠤ ᠭᠠᠴᠠᠭ᠎ᠠ᠎ᠶᠢᠨ᠎ᠬᠢᠨ ᠰᠤᠮᠤᠨ᠎ᠤ ᠰᠢᠨ᠎ᠠ ᠲᠢᠳᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠠᠵᠢᠯ᠎ᠤᠨ ᠱᠠᠭᠠᠷᠳᠠᠯᠭ᠎ᠠ ᠶᠤᠰᠤᠭᠠᠷ ᠂ 1 ᠰᠠᠷ᠎ᠠ᠎ᠶᠢᠨ 28᠎ᠤ ᠡᠳᠦᠷ᠎ᠡᠴᠠ ᠡᠬᠢᠯᠡᠨ ᠭᠠᠴᠠᠭ᠎ᠠ᠎ᠶᠢᠨ ᠤᠷᠤᠵᠤ ᠭᠠᠷᠬᠤ 11 ᠵᠠᠮ᠎ᠤᠨ 9᠎ᠶᠢ᠎ᠨᠢ ᠪᠢᠳᠡᠬᠦᠮᠵᠢᠯᠡᠵᠦ ᠂ 2᠎ᠢ᠎ᠨᠢ ᠦᠯᠡᠳᠡᠬᠡᠵᠦ ᠂ ᠴᠠᠭᠠᠠᠰᠢᠷᠡᠬᠡ ᠂ ᠵᠢᠷᠦᠬᠡ᠎ᠶᠢᠨ ᠠᠷᠤ ᠂ ᠤᠪᠤᠭᠠᠨ ᠡᠩᠬᠡᠷ ᠵᠡᠷᠬᠡ 3 ᠲᠤᠭᠤᠢᠯᠠᠩ᠎ᠳ᠋ᠤ 4 ᠬᠠᠷᠠᠭᠤᠯ᠎ᠤᠨ ᠭᠠᠵᠠᠷ ᠭᠠᠷᠭᠠᠵᠤ ᠂ ᠡᠬᠡᠯᠵᠢ ᠲᠤᠬᠢᠷᠠᠭᠤᠯᠤᠨ 24 ᠴᠠᠬ᠎ᠢᠶᠠᠷ ᠵᠢᠵᠢᠬᠦᠷᠯᠠᠨ ᠰᠠᠬᠢᠵᠤ ᠪᠠᠢᠨ᠎ᠠ ᠃ ᠡᠳᠡᠬᠡᠷ ᠬᠠᠷᠠᠭᠤᠯ᠎ᠤᠨ ᠭᠠᠵᠠᠷ᠎ᠢ ᠭᠠᠷᠭᠠᠬᠤ᠎ᠳ᠋ᠤ ᠮᠠᠨ᠎ᠤ ᠭᠠᠴᠠᠭ᠎ᠠ᠎ᠶᠢᠨ ᠨᠠᠮ᠎ᠤᠨ ᠬᠡᠰᠢᠬᠦᠳ ᠢᠳᠡᠪᠬᠢᠳᠠᠢ ᠤᠷᠤᠯᠴᠠᠵᠤ ᠪᠦᠬᠦ ᠲᠠᠯ᠎ᠠ᠎ᠪᠠᠷ ᠴᠢᠷᠮᠠᠢᠵᠤ ᠬᠢᠭᠰᠡᠨ ᠰᠢᠤ ᠃ ᠪᠤᠤ᠎ᠶᠢᠨ ᠬᠤᠸᠠ ᠂ ᠡᠷᠳᠡᠨᠢᠪᠢᠯᠢᠭ ᠂ ᠪᠦᠬᠡᠳᠦ᠋ᠪᠰᠢᠨ ᠂ ᠰᠡᠴᠡᠨᠳᠠᠯᠠᠢ ᠵᠡᠷᠬᠡ ᠨᠠᠮ᠎ᠤᠨ ᠬᠡᠰᠢᠬᠦᠨ ᠤᠬᠠᠮᠰᠠᠷ᠎ᠡᠴᠠ᠎ᠪᠠᠨ ᠬᠠᠷᠠᠭᠤᠯ᠎ᠤᠨ ᠭᠠᠵᠠᠷ᠎ᠲᠤ 700 ᠲᠦᠬᠦᠷᠢᠭ ᠬᠠᠨᠳᠢᠪᠯᠠᠵᠤ ᠂ ᠬᠠᠷᠠᠭᠤᠯ᠎ᠤᠨ ᠭᠠᠵᠠᠷ᠎ᠤᠨ ᠨᠠᠮ᠎ᠤᠨ ᠭᠡᠰᠢᠬᠦᠳ᠎ᠲᠤ ᠢᠳᠡᠬᠡᠨ ᠤᠮᠳᠠᠭᠠᠨ ᠠᠷᠭᠠᠯ ᠲᠦᠯᠡᠰᠢ ᠠᠪᠴᠤ ᠦᠭᠬᠦ᠎ᠳ᠋ᠤ ᠶᠡᠬᠡᠬᠡᠨ ᠲᠡᠮᠵᠢᠯᠬᠡ ᠦᠵᠡᠬᠦᠯᠪᠡ ᠃ ᠨᠠᠮ᠎ᠤᠨ ᠬᠡᠰᠢᠬᠦᠨ ᠬᠠᠰᠪᠠᠳᠤ ᠴᠦ ᠴᠠᠭᠠᠠᠰᠢᠷᠡᠬᠡ ᠲᠤᠭᠤᠢᠯᠠᠩ᠎ᠤᠨ ᠬᠠᠷᠠᠭᠤᠯ᠎ᠤᠨ ᠭᠠᠵᠠᠷ᠎ᠲᠠᠬᠢ ᠨᠠᠮ᠎ᠤᠨ ᠭᠡᠰᠢᠬᠦᠳ᠎ᠲᠤ ᠢᠳᠡᠬᠡᠨ ᠤᠮᠳᠠᠭᠠᠨ ᠠᠷᠭᠠᠯ ᠲᠦᠯᠡᠰᠢ ᠬᠦᠷᠬᠡᠵᠦ ᠦᠭᠬᠦᠭᠰᠡᠨ ᠃ ᠡᠬᠦᠨ᠎ᠢᠶᠠᠷ ᠪᠠᠷᠠᠬᠤ ᠦᠬᠡᠢ ᠂ ᠮᠠᠨ᠎ᠤ ᠭᠠᠴᠠᠭ᠎ᠠ᠎ᠶᠢᠨ 25 ᠨᠠᠮ᠎ᠤᠨ ᠬᠡᠰᠢᠬᠦᠨ ᠨᠡᠢᠳᠡ 1910 ᠲᠦᠬᠦᠷᠢᠭ᠎ᠤᠨ ᠤᠨᠴᠠᠭᠠᠢ ᠨᠠᠮ᠎ᠤᠨ ᠰᠦᠢᠳᠬᠡᠯ ᠲᠤᠰᠢᠶᠠᠵᠤ ᠂ ᠦᠬᠠᠨ ᠬᠤᠳᠠ᠎ᠶᠢᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠠᠵᠢᠯ᠎ᠳ᠋ᠤ ᠨᠡᠮᠡᠷᠢ ᠪᠤᠯᠭᠠᠯ᠎ᠠ ︾ ᠬᠡᠵᠦ ᠰᠤᠷᠪᠤᠯᠵᠢᠯᠠᠬᠴᠢ᠎ᠳ᠋ᠤ ᠬᠡᠯᠡᠨ᠎ᠡ ᠃
ᠴᠠᠭᠠᠠᠰᠢᠷᠡᠬᠡ ᠭᠠᠴᠠᠭ᠎ᠠ᠎ᠶᠢᠨ ᠨᠠᠮ᠎ᠤᠨ ᠬᠡᠰᠢᠬᠦᠳ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠠᠵᠢᠯ᠎ᠳ᠋ᠤ ᠣᠯᠠᠨ᠎ᠤ᠎ᠪᠠᠨ ᠡᠮᠦᠨ᠎ᠡ᠎ᠨᠢ ᠬᠤᠰᠢᠭᠤᠴᠢᠯᠠᠵᠤ ᠶᠠᠪᠤᠬᠰᠠᠨ ᠪᠦᠬᠡᠳ ᠮᠠᠯᠴᠢᠨ ᠲᠦᠮᠡᠨ᠎ᠢᠶᠡᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠠᠵᠢᠯ᠎ᠳ᠋ᠤ ᠣᠷᠣᠯᠴᠠᠬᠣ᠎ᠶᠢ ᠲᠠᠢᠴᠢᠯᠠᠨ ᠲᠠᠭᠠᠭᠤᠯᠬᠤ ᠲᠠᠯ᠎ᠠ᠎ᠪᠠᠷ ᠶᠡᠬᠡᠬᠡᠨ ᠠᠵᠢᠯ ᠬᠢᠵᠠᠢ ᠃ ᠴᠠᠭᠠᠠᠮᠦ᠋ᠷᠡᠨ ᠰᠤᠮᠤᠨ᠎ᠤ ᠨᠠᠮ᠎ᠤᠨ ᠬᠤᠷᠢᠶ᠎ᠠ ᠵᠠᠰᠠᠬ᠎ᠤᠨ ᠤᠷᠳᠤᠨ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠠᠵᠢᠯ᠎ᠤᠨ ᠲᠤᠬᠠᠢ ᠳᠣᠭᠳᠠᠭᠠᠯ ᠭᠠᠷᠭᠠᠮᠠᠬᠴᠠ ᠂ ᠴᠠᠭᠠᠠᠰᠢᠷᠡᠬᠡ ᠭᠠᠴᠠᠭ᠎ᠠ᠎ᠶᠢᠨ ᠨᠠᠮ᠎ᠤᠨ ᠡᠬᠦᠷ ᠂ ᠭᠠᠴᠠᠭ᠎ᠠ᠎ᠶᠢᠨ ᠠᠷᠠᠳ᠎ᠤᠨ ᠵᠦᠪᠯᠡᠯ ᠬᠠᠮᠳᠤᠷᠠᠨ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠠᠵᠢᠯ᠎ᠢᠶᠡᠨ ᠲᠠᠷᠤᠢᠬᠠᠨ ᠪᠠᠢᠷᠢᠯᠠᠭᠤᠯᠵᠤ ᠂ ᠭᠠᠴᠠᠭ᠎ᠠ᠎ᠶᠢᠨ ᠨᠠᠮ᠎ᠤᠨ ᠡᠭᠦᠷ ᠠᠷᠠᠳ᠎ᠤᠨ ᠵᠦᠪᠯᠡᠯ᠎ᠤᠨ 6 ᠬᠡᠰᠢᠬᠦᠨ ᠲᠤᠭᠤᠢᠯᠠᠩ ᠬᠤᠪᠢᠶᠠᠵᠤ ᠂ ᠭᠠᠴᠠᠭ᠎ᠠ᠎ᠶᠢᠨ᠎ᠢᠶᠡᠨ 3 ᠲᠤᠭᠤᠢᠯᠠᠩ᠎ᠤᠨ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠠᠵᠢᠯ᠎ᠢ ᠬᠤᠪᠢᠳᠠᠨ ᠬᠠᠷᠢᠭᠣᠴᠠᠪᠠ ᠃ ᠭᠠᠴᠠᠭ᠎ᠠ᠎ᠶᠢᠨ 3 ᠲᠤᠭᠤᠢᠯᠠᠩ᠎ᠤᠨ ᠨᠠᠮ᠎ᠤᠨ ᠲᠤᠭᠤᠢᠯᠠᠩ᠎ᠤᠨ ᠲᠠᠷᠤᠭ᠎ᠠ ᠨᠠᠷ ᠲᠤᠰ ᠲᠤᠰ᠎ᠤᠨ ᠲᠤᠭᠤᠢᠯᠠᠩ᠎ᠳᠠᠭᠠᠨ ᠨᠠᠮ᠎ᠤᠨ ᠬᠡᠰᠢᠬᠦᠨ ᠢᠳᠡᠪᠬᠢᠳᠡᠨ᠎ᠤ ᠵᠢᠷᠬᠢᠶ᠎ᠠ᠎ᠶᠢᠨ ᠴᠤᠬᠯᠠᠷᠠᠯ ᠪᠠᠢᠭᠤᠯᠵᠤ ᠂ ᠨᠠᠮ᠎ᠤᠨ ᠬᠡᠰᠢᠬᠦᠨ᠎ᠤ ᠬᠤᠰᠢᠭᠤᠴᠢ ᠵᠢᠱᠢᠶᠡᠴᠢ ᠦᠢᠯᠡᠳᠦᠯ᠎ᠢᠶᠡᠨ ᠪᠠᠳᠠᠷᠠᠭᠤᠯᠵᠤ ᠂ ᠮᠠᠯᠴᠢᠨ ᠲᠦᠮᠡᠨ᠎ᠢᠶᠡᠨ ᠤᠬᠠᠭᠤᠯᠵᠤ ᠲᠠᠢᠴᠢᠯᠠᠵᠤ ᠴᠢᠳᠠᠬᠰᠠᠨ ᠪᠠᠢᠨ᠎ᠠ ᠃
︽ ᠲᠠᠯᠠ ᠭᠠᠷᠤᠬᠰᠠᠨ ᠴᠢᠮᠡᠭ ᠨᠠᠰᠤᠳᠠᠨ ᠂᠎ᠶᠢᠨ ᠱᠠᠨ ᠂ ᠮᠠᠨᠳᠠᠷᠸ᠎ᠠ ᠂ ᠰᠠᠷᠠᠠᠬᠡᠷᠡᠯ ᠂ ᠽᠠᠨᠳᠠᠨᠯᠢᠩᠬᠸ᠎ᠠ ᠂ ᠮᠠᠩᠯᠠᠢᠪᠠᠶᠠᠷ ᠂ ᠪᠦᠷᠢᠨᠳᠠᠯᠠᠢ ᠂ ᠴᠢᠩᠯᠤᠳᠠ ᠨᠠᠷ ᠲᠤᠰ ᠲᠤᠰ ᠬᠠᠷᠠᠭᠤᠯ᠎ᠤᠨ ᠭᠠᠵᠠᠷ᠎ᠲᠤ 100 ᠲᠦᠬᠦᠷᠢᠭ ᠬᠠᠨᠳᠢᠪᠯᠠᠵᠤ ᠂ ᠡᠷᠳᠡᠨᠢᠳᠤᠩᠭᠠᠯᠠᠬ ᠂ ᠬᠠᠰᠳᠤᠷᠵᠢ ᠨᠠᠷ ᠠᠷᠭᠠᠯ ᠲᠦᠯᠡᠰᠢ ᠬᠦᠷᠬᠡᠵᠦ ᠂ ᠠᠯᠳᠠᠠᠰᠦ᠋ᠬᠡ ᠨᠠᠷ ᠵᠤᠤᠬ᠎ᠠ ᠲᠤᠭᠤᠭ᠎ᠠ ᠴᠠᠬᠢᠯᠭᠠᠨ ᠤᠳᠠᠰᠤᠨ᠎ᠳ᠋ᠤ ᠬᠦᠷᠳᠡᠯ᠎ᠡ ᠠᠪᠴᠢᠷᠠᠵᠤ ᠦᠭᠬᠦᠭᠰᠡᠨ ᠃ ᠮᠠᠨ᠎ᠤ ᠭᠠᠴᠠᠭ᠎ᠠ᠎ᠶᠢᠨ ᠰᠡᠴᠡᠨᠪᠠᠶᠠᠷ ᠪᠠᠰᠠ ᠬᠡᠷᠡᠭᠴᠡᠭᠡ᠎ᠡᠴᠠ ᠭᠠᠷᠣᠭᠰᠠᠨ ᠠᠶᠠᠨᠴᠢᠳ᠎ᠤᠨ ᠮᠠᠰᠢᠨ᠎ᠢᠶᠡᠨ ᠬᠠᠷᠠᠭᠤᠯ᠎ᠤᠨ ᠭᠠᠵᠠᠷ᠎ᠲᠤ ᠠᠪᠴᠢᠷᠠᠨ ᠦᠭᠴᠦ ᠂ ᠬᠠᠷᠠᠭᠤᠯ ᠵᠤᠬᠰᠤᠬᠤ᠎ᠳ᠋ᠤ ᠨᠠᠷᠠ ᠰᠠᠯᠬᠢ᠎ᠡᠴᠠ ᠬᠠᠯᠬᠠᠯᠠᠬᠤ ᠭᠠᠵᠠᠷ᠎ᠲᠠᠢ ᠪᠤᠯᠭᠠᠵᠠᠢ ᠃ ᠮᠠᠨ᠎ᠤ ᠬᠠᠷᠠᠭᠤᠯ᠎ᠤᠨ ᠬᠦᠬᠡ ᠮᠠᠢᠬᠠᠨ ᠡᠢᠨ ᠬᠦ ᠤᠯᠠᠨ᠎ᠤ ᠬᠦᠴᠦᠨ᠎ᠳ᠋ᠤ ᠢᠯᠴᠢ᠎ᠲᠠᠢ ᠲᠤᠯᠠᠭᠠᠬᠠᠨ ᠪᠤᠯᠵᠤ ᠂ ᠬᠠᠷᠠᠭᠤᠯ ᠵᠤᠭᠰᠤᠬᠤ ᠡᠬᠦᠷᠬᠡ᠎ᠪᠠᠨ ᠬᠢᠯᠠᠯᠵᠠᠳᠠᠯ᠎ᠠ ᠪᠡᠶᠡᠯᠡᠬᠦᠯᠦᠭᠰᠡᠨ ︾ ᠬᠡᠰᠡᠨ᠎ᠢᠶᠡᠨ ᠰᠡᠴᠡᠨᠪᠢᠯᠢᠭ ᠵᠠᠯᠭᠠᠭᠠᠳ ᠄ ︽ ᠨᠠᠰᠤᠳᠠᠳ ᠬᠠᠷᠠᠭᠤᠯ ᠮᠠᠨᠠᠭᠠᠨ᠎ᠤ ᠰᠦᠨᠢ᠎ᠶᠢᠨ ᠡᠬᠡᠯᠵᠢ᠎ᠳ᠋ᠤ ᠭᠠᠷᠴᠤ ᠲᠡᠢᠯᠬᠦ ᠦᠬᠡᠢ ᠪᠠᠢᠳᠠᠯ᠎ᠳ᠋ᠤ ᠴᠢᠭᠯᠡᠬᠦᠯᠦᠨ ᠂ ᠵᠢᠷᠦᠬᠡ᠎ᠶᠢᠨ ᠠᠷᠤ ᠲᠤᠭᠤᠢᠯᠠᠩ᠎ᠤᠨ ᠬᠤᠰᠢᠭᠤᠴᠢ ᠂ ᠪᠠᠶᠠᠠᠡᠦ᠋ᠨᠳᠦᠰᠦ ᠂ ᠦᠷᠯᠦᠭ ᠂ ᠦᠨᠡᠨᠳᠠᠯᠠᠢ ᠂ ᠮᠡᠷᠭᠡᠨᠪᠢᠯᠢᠭ ᠂ ᠡᠬᠦᠯᠡ ᠵᠡᠷᠬᠡ 6 ᠵᠠᠯᠠᠭᠤ ᠬᠠᠷᠠᠭᠤᠯ᠎ᠤᠨ ᠭᠠᠵᠠᠷ᠎ᠤᠨ ᠰᠦᠨᠢ᠎ᠶᠢᠨ ᠡᠬᠡᠯᠵᠢ᠎ᠶᠢᠨ ᠡᠬᠦᠷᠭᠡ᠎ᠶᠢ ᠤᠬᠠᠮᠰᠠᠷ᠎ᠡᠴᠠ᠎ᠪᠠᠨ ᠲᠠᠭᠠᠭᠠᠴᠢᠯᠠᠵᠤ ᠠᠪᠤᠬᠰᠠᠨ ᠳ᠋ᠠ ︾ ᠬᠡᠵᠦ ᠰᠤᠷᠪᠤᠯᠵᠢᠯᠠᠬᠴᠢ᠎ᠳ᠋ᠤ ᠤᠮᠤᠬᠰᠢᠨ ᠬᠡᠯᠡᠵᠦ ᠪᠠᠢᠳᠠᠯ᠎ᠠ ᠲᠠᠷᠠᠭᠠᠴᠢ᠎ᠶᠢᠨ ᠡᠭᠡᠯᠵᠢ᠎ᠶᠢᠨ ᠵᠠᠯᠠᠭᠣ᠎ᠨᠢ ᠮᠠᠨ᠎ᠤ ᠬᠠᠵᠠᠭᠤ᠎ᠳ᠋ᠤ ᠢᠷᠡᠴᠢᠭᠡᠭᠰᠡᠨ ᠪᠠᠢᠯ᠎ᠠ ᠃


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面