2022-02-02 09:12:05
ᠲᠦᠷᠦᠬᠦᠬᠡᠨ᠂ ᠰᠤᠷᠪᠤᠯᠵᠢᠯᠠᠭᠴᠢ ᠦᠪᠠᠷᠲᠠᠬᠡᠨ ᠵᠠᠰᠠᠬᠤ ᠤᠷᠤᠨ ᠤ ᠡᠮᠴᠢᠯᠡᠬᠡᠨ ᠤ ᠪᠠᠲᠤᠯᠠᠭ᠎ᠠ ᠵᠢᠨ ᠲᠤᠪᠴᠢᠶ᠎ᠠ ᠡᠴᠠ ᠤᠢᠯᠠᠭᠠᠭᠰᠠᠨ ᠢᠶᠡᠷ᠂ ᠱᠢᠨ᠎ᠡ ᠲᠢᠲᠢᠮᠯᠢᠭ ᠠᠭᠤᠰᠬᠢᠨ ᠦᠷᠪᠢᠰᠤᠯ ᠤ᠋ᠨ ᠸᠢᠷᠦ᠋ᠰᠦᠨ ᠪᠥᠭᠡᠮ ᠬᠦᠴᠢᠯ ᠦᠨ ᠪᠠᠢᠴᠠᠭᠠᠯᠳᠠ ᠵᠢᠨ ᠤᠷᠪᠠᠯᠵᠢ ᠵᠢᠴᠢ ᠢᠵᠢ ᠪᠥᠷᠢᠳᠦᠭ᠌ᠰᠡᠨ ᠬᠣᠷᠣᠭ᠍ᠳᠠᠯ ᠮᠠᠲ᠋ᠧᠷᠢᠶᠠᠯ ᠢ ᠲᠥᠪᠯᠡᠷᠡᠭᠦᠯᠦᠨ ᠬᠡᠮᠵᠢᠶ᠎ᠡ ᠲᠡᠶ ᠬᠤᠳᠠᠯᠳᠤᠨ ᠠᠪᠬᠤ ᠭᠤᠶᠤᠴᠢᠯᠠᠨ ᠮᠡᠳᠡᠭᠦᠯᠬᠦ᠌ ᠮᠡᠳᠡᠭᠡ ᠵᠠᠩᠭᠢ ᠶ᠋ᠢ ᠢᠯᠡ ᠪᠣᠯᠭᠠᠬᠤ ᠶᠡᠬᠡ ᠬᠤᠷᠠᠯ ᠬᠥᠬᠡᠬᠣᠲᠠ ᠳᠤ ᠬᠤᠷᠠᠯᠳᠤᠵᠤ᠂ ᠲᠣᠰ ᠤᠳᠠᠭᠠᠨ ᠤ ᠲᠦᠪᠯᠡᠷᠡᠭᠦᠯᠦᠨ ᠬᠤᠳᠠᠯᠳᠤᠨ ᠠᠪᠬᠤ ᠳᠤ ᠨᠡᠢᠲᠡ 75 ᠠᠵᠤ ᠠᠬᠤᠢᠯᠠᠯ ᠣᠷᠣᠯᠴᠠᠵᠤ᠂ 38 ᠠᠵᠤ ᠠᠬᠤᠢᠯᠠᠯ ᠰᠣᠩᠭᠣᠭ᠍ᠳᠠᠨ᠂ ᠦᠶ᠋ᠯᠡᠳᠬᠦᠨᠦ ᠦᠨ᠎ᠡ ᠶᠡᠬᠡ ᠪᠡᠷ ᠪᠠᠭᠤᠷᠠᠵᠠᠢ᠃
ᠲᠠᠨᠢᠯᠴᠠᠭᠤᠯᠭᠠᠶᠢ ᠦᠨᠲᠤᠰᠤᠯᠠᠪᠠᠯ᠂ ᠪᠥᠭᠡᠮ ᠬᠦᠴᠢᠯ ᠦᠨ ᠪᠠᠢᠴᠠᠭᠠᠯᠳᠠ ᠵᠢᠨ ᠤᠷᠪᠠᠯᠵᠢ᠂ ᠪᠥᠭᠡᠮ ᠬᠦᠴᠢᠯᠢ ᠭᠠᠷᠭᠠᠨ ᠠᠪᠬᠤ ᠤᠷᠪᠠᠯᠵᠢ᠂ ᠨᠢᠭᠡ ᠯᠡ ᠤᠳᠠᠭ᠎ᠠ ᠶ᠋ᠢᠨ ᠴᠢᠨᠠᠷᠲᠠᠶ ᠥᠯᠢᠭᠡᠷ ᠠᠪᠬᠤ ᠬᠣᠭᠣᠯᠠᠶ ᠶ᠋ᠢᠨ ᠳᠤᠮᠳᠠᠴᠢ ᠪᠠᠭᠤᠷᠠᠯᠲᠠ ᠶ᠋ᠢᠨ ᠬᠡᠮᠵᠢᠶ᠎ᠡ ᠲᠣᠰ ᠲᠣᠰ 60.3%᠂ 69.3%᠂ 81.75% ᠳ᠋ᠤ ᠬᠦᠷᠴᠦ᠍᠂ ᠬᠠᠮᠤᠭᠤᠨ ᠥᠨᠳᠥᠷ ᠪᠠᠭᠤᠷᠠᠯᠲᠠᠶ᠋ᠢᠨ ᠬᠡᠮᠵᠢᠶ᠎ᠡᠨᠢ ᠲᠣᠰ ᠲᠣᠰ 88.45%᠂ 94.75%᠂ 93.24%ᠳ᠋ᠤ ᠬᠦᠷᠴᠡᠶ᠃ ᠲᠤᠷᠱᠢᠯᠲᠠᠶ᠋ᠢᠨ ᠡᠮᠦᠨ ᠥᠪᠡᠷᠦᠨ ᠥᠷᠲᠡᠭ ᠪᠠᠭᠤᠷᠠᠭ᠍ᠰᠠᠨᠳᠤ ᠰᠠᠭᠤᠷᠢᠯᠠᠨ᠂ ᠥᠪᠡᠷᠲᠡᠭᠡᠨ ᠵᠠᠰᠠᠬᠤ ᠣᠷᠣᠨ ᠱᠢᠨ᠎ᠡ ᠲᠢᠲᠢᠮᠯᠢᠭ ᠠᠭᠤᠰᠬᠢᠨ ᠦᠷᠪᠢᠰᠤᠯ ᠤ᠋ᠨ ᠸᠢᠷᠦ᠋ᠰ ᠦᠨ ᠪᠥᠭᠡᠮ ᠬᠦᠴᠢᠯᠦᠨ ᠪᠠᠢᠴᠠᠭᠠᠯᠲᠠ ᠶ᠋ᠢᠨ ᠲᠥᠷᠥᠯ ᠵᠦᠶ᠋ᠯᠦᠨ ᠦᠨ᠎ᠡ ᠶ᠋ᠢ ᠲᠠᠪᠤᠳᠠᠬᠢ ᠤᠳᠠᠭ᠎ᠠ ᠪᠠᠭᠤᠷᠠᠭᠤᠯᠵᠤ᠂ ᠭᠠᠭ᠍ᠴᠠ ᠬᠥᠮᠦᠨ ᠦ ᠪᠠᠢᠴᠠᠭᠠᠯᠲᠠᠶ᠋ᠢᠨ ᠲᠥᠷᠥᠯ ᠵᠦᠶ᠋ᠯ ᠦᠨ ᠦᠨᠡᠶ᠋ᠢ 2021 ᠣᠨ ᠤ 60 ᠲᠥᠭᠥᠷᠢᠭ ᠡᠴᠡ 35 ᠲᠥᠭᠥᠷᠢᠭ ᠪᠣᠯᠭᠠᠨ ᠪᠠᠭᠤᠷᠠᠭᠤᠯᠪᠠ ; 5 ᠬᠥᠮᠦᠨ ᠵᠢᠡᠷ ᠬᠣᠯᠢᠯᠳᠤᠭᠤᠯᠤᠨ ᠪᠠᠢᠴᠠᠭᠠᠬᠤᠳᠤ ᠬᠥᠮᠦᠨ ᠪᠦᠷᠢ 25 ᠲᠥᠭᠥᠷᠢᠭ ᠪᠠ 10 ᠬᠥᠮᠦᠨ ᠵᠢᠡᠷ ᠬᠣᠯᠢᠯᠳᠤᠭᠤᠯᠤᠨ ᠪᠠᠢᠴᠠᠭᠠᠬᠤᠳᠤ ᠬᠦᠮᠦᠨ ᠪᠦᠷᠢ15 ᠲᠦᠭᠦᠷᠢᠭᠢ᠋ ᠨᠢᠭᠡᠳᠦᠯᠲᠡᠶᠪᠡᠷ ᠳᠣᠷᠣᠭ᠍ᠰᠢᠯᠠᠭᠤᠯᠤᠭᠠᠳ ᠬᠥᠮᠦᠨ ᠪᠦᠷᠢ 8 ᠲᠥᠭᠥᠷᠢᠭ ᠪᠣᠯᠭᠠᠨ᠎ᠠ᠃
ᠪᠥᠭᠡᠮ ᠬᠦᠴᠢᠯ ᠦᠨ ᠪᠠᠢᠴᠠᠭᠠᠯᠳᠠ ᠵᠢᠨ ᠤᠷᠪᠠᠯᠵᠢ ᠪᠣᠯᠤᠨ ᠱᠢᠨ᠎ᠡ ᠲᠢᠲᠢᠮᠯᠢᠭ ᠠᠭᠤᠰᠬᠢᠨ ᠦᠷᠪᠢᠰᠤᠯ ᠤ᠋ᠨ ᠸᠢᠷᠦ᠋ᠰᠦᠨ ᠪᠥᠭᠡᠮ ᠬᠦᠴᠢᠯ ᠦᠨ ᠪᠠᠢᠴᠠᠭᠠᠯᠲᠠᠶ᠋ᠢᠨ ᠲᠥᠷᠥᠯ ᠵᠦᠶ᠋ᠯ ᠦᠨ ᠦᠨ᠎ᠡ ᠬᠠᠩᠰᠢ ᠶ᠋ᠢ 2021 ᠤᠨᠦ 12 ᠰᠠᠷ᠎ᠠ ᠶ᠋ᠢᠨ 15 ᠤ᠋ ᠡᠳᠦᠷ ᠦᠨ ᠲᠡᠭ ᠴᠠᠭ ᠠᠴᠠ ᠡᠬᠢᠯᠡᠨ ᠮᠠᠨ ᠤ ᠣᠷᠣᠨ ᠳᠤ ᠨᠠᠢᠳᠠᠪᠤᠷᠢᠵᠢᠭᠤᠯᠵᠤ ᠬᠡᠷᠡᠭ᠌ᠵᠢᠭᠦᠯᠪᠠ᠃ ᠱᠢᠨᠡᠲᠢᠲᠢᠮᠯᠢᠭᠠᠭᠤᠰᠬᠢᠨ ᠦᠷᠪᠢᠰᠤᠯ ᠤ᠋ᠨ ᠸᠢᠷᠦ᠋ᠰᠦᠨ ᠪᠥᠭᠡᠮ ᠬᠦᠴᠢᠯᠦᠨ ᠪᠠᠢᠴᠠᠭᠠᠯᠳᠠ ᠵᠢᠨ ᠲᠤᠷᠱᠢᠯᠲᠠᠶ᠋ᠢᠨ ᠡᠮ ᠵᠢᠴᠢ ᠢᠵᠢ ᠪᠥᠷᠢᠳᠦᠭ᠌ᠰᠡᠨ ᠬᠣᠷᠣᠭ᠍ᠳᠠᠯ ᠮᠠᠲ᠋ᠧᠷᠢᠶᠠᠯᠤᠨ ᠦᠨ᠎ᠡ ᠬᠠᠩᠰᠢ ᠶ᠋ᠢ ᠶᠡᠬᠡ ᠪᠡᠷ ᠪᠠᠭᠤᠷᠠᠭᠤᠯᠤᠭ᠍ᠰᠠᠨ ᠪᠠ ᠱᠢᠨ᠎ᠡ ᠲᠢᠲᠢᠮᠯᠢᠭ ᠠᠭᠤᠰᠬᠢᠨ ᠦᠷᠪᠢᠰᠤᠯ ᠤ᠋ᠨ ᠸᠢᠷᠦ᠋ᠰ ᠦᠨ ᠪᠥᠭᠡᠮ ᠬᠦᠴᠢᠯᠦᠨ ᠪᠠᠢᠴᠠᠭᠠᠯᠳᠠ ᠵᠢᠨ ᠲᠥᠷᠥᠯ ᠵᠦᠶ᠋ᠯ ᠦᠨ ᠦᠨ᠎ᠡ ᠬᠠᠩᠰᠢ ᠶ᠋ᠢ ᠴᠢᠨᠠᠭᠰᠢᠲᠠ ᠪᠠᠭᠤᠷᠠᠭᠤᠯᠵᠤ᠂ ᠣᠯᠠᠨ ᠲᠦᠮᠡᠨ ᠤ ᠡᠮ ᠡᠮᠨᠡᠯᠭᠡ ᠶ᠋ᠢᠨ ᠳᠠᠭᠠᠳᠭᠠᠯ ᠪᠠ ᠡᠳ᠋ᠦᠨ ᠵᠠᠰᠠᠭᠤᠨ ᠵᠠᠷᠤᠳᠠᠯ ᠤᠨ ᠳᠠᠷᠤᠭᠠᠰᠤᠶ᠋ᠢ ᠦᠨᠡᠨ ᠬᠦ᠌ ᠬᠥᠩᠭᠡᠷᠡᠭᠦᠯᠬᠦ᠌ᠳᠦ ᠢᠳᠡᠪᠬᠢᠲᠡᠶ ᠦᠢᠯᠡᠳᠦᠯ ᠦᠵᠡᠭᠦᠯᠦᠭᠰᠡᠨ ᠪᠠᠢᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠤᠶᠠᠨ᠍ᠦ᠌ᠨᠳᠦᠰᠦ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃