2022-02-23 11:13:28
ᠴᠠᠭ᠄ 2 ᠰᠠᠷᠠ ᠵᠢᠨ 22ᠤᠨ ᠦᠷᠯᠦᠭᠡ ᠵᠢᠨ 6 ᠴᠠᠭ
ᠭᠠᠵᠠᠷ᠄ ᠪᠤᠭᠤᠲᠤ ᠵᠢᠨ ᠬᠤᠪᠤᠷ ᠱᠢᠷᠤᠢ ᠵᠢᠨ ᠲᠡᠭᠡᠳᠤ ᠱᠢᠨᠠ ᠮᠡᠷᠭᠡᠵᠢᠯ ᠤᠨ ᠲᠤᠭᠤᠷᠢᠭᠤᠨ ᠸᠧᠷᠰᠠᠢ᠌ᠯ ᠢ ᠭᠧ ᠰᠠᠭᠤᠭᠠᠯᠢ ᠠᠷᠠᠳᠤᠨ ᠲᠤᠭᠤᠷᠢᠭ
ᠰᠤᠷᠪᠤᠯᠵᠢᠯᠠᠬ᠍ᠴᠢ ᠦᠷᠯᠦᠭᠡ ᠪᠤᠰᠤᠭᠠᠳ ᠭᠡᠷᠤᠨ ᠵᠢᠡᠨ ᠠᠷᠤ ᠴᠤᠩᠬᠤ ᠪᠡᠷ ᠬᠠᠷᠠᠵᠦ᠍ ᠦᠵᠡᠬᠦᠯᠡᠷ᠂ ᠦᠤᠷᠤᠨ ᠪᠦᠷᠦᠭ ᠪᠠᠷᠤᠭᠤᠨ ᠲᠤᠮᠳᠠ ᠬᠡᠳᠤᠨ ᠴᠠᠭᠠᠨ ᠰᠡᠭᠦᠳᠡᠷ ᠨᠡᠪᠳᠠᠯᠵᠡᠨ ᠬᠠᠷᠠᠬ᠍ᠳᠠᠵᠦ᠍ ᠪᠠᠢ᠌ᠯᠠ᠃ ᠲᠡᠳᠡ ᠦᠩᠬᠡ ᠨᠢ ᠠᠷᠠᠢ᠌ᠬᠠᠨ ᠲᠠᠨᠢᠬ᠍ᠳᠠᠵᠦ᠍ ᠪᠠᠢ᠌ᠭᠠ ᠬᠦᠭᠡ ᠮᠠᠢ᠌ᠬᠠᠨ ᠳ᠋ᠤ ᠤᠷᠤᠵᠦ᠍ ᠭᠠᠷᠤᠨ᠂ ᠮᠦᠨ ᠲᠡᠭᠦᠨᠤ ᠡᠷᠬᠢᠨ ᠲᠤᠭᠤᠷᠢᠨ ᠳ᠋ᠤ ᠨᠠᠭᠠᠰᠢ ᠴᠠᠭᠠᠰᠢ ᠶᠠᠪᠤᠵᠦ᠍ ᠯᠡ ᠪᠠᠢ᠌ᠯᠠ᠃ ᠲᠡᠳᠡ ᠲᠤᠰ ᠡᠳᠦᠷᠤᠨ ᠦᠷᠯᠦᠭᠡ ᠵᠢᠨ 7 ᠴᠠᠭ ᠲᠤ᠌ ᠡᠬᠢᠯᠡᠬᠦ᠌ ᠪᠡᠷ ᠪᠠᠢᠭᠠ ᠪᠤᠭᠤᠲᠤ ᠵᠢᠨ ᠬᠤᠪᠤᠷ ᠱᠢᠷᠤᠢ ᠵᠢᠨ ᠲᠡᠭᠡᠳᠤ ᠱᠢᠨᠠ ᠮᠡᠷᠭᠡᠵᠢᠯᠤᠨ ᠲᠤᠭᠤᠷᠢᠭᠤᠨ ᠭᠤᠤᠯᠳᠠᠯᠭᠠ ᠲᠠᠢ ᠤᠷᠤᠨ ᠲᠤᠭᠤᠷᠢᠭᠤᠨᠬᠦᠮᠦᠰᠤᠨ ᠪᠦᠭᠡᠮ ᠬᠦᠴᠢᠯᠤᠨ ᠪᠠᠢ᠌ᠴᠠᠭᠠᠯᠳᠠ ᠵᠢᠨ ᠠᠵᠢᠯ ᠳ᠋ᠤ ᠶᠠᠭᠠᠷᠠᠯᠳᠠᠢ ᠪᠡᠯᠡᠳᠭᠡᠯ ᠬᠢᠵᠦ᠍ ᠪᠠᠢ᠌ᠭᠠ ᠠᠵᠢ᠃
ᠦᠷᠯᠦᠭᠡ ᠵᠢᠨ 7 ᠴᠠᠭ ᠭᠠᠷᠤᠢ ᠵᠢᠨ ᠠᠯᠳᠠ ᠳ᠋ᠤ ᠸᠧᠷᠰᠠᠢ᠌ᠯ ᠢ ᠭᠧ ᠰᠠᠭᠤᠭᠠᠯᠢ ᠠᠷᠠᠳ ᠤᠨ ᠲᠤᠭᠤᠷᠢᠭ ᠤᠨ ᠪᠦᠬᠦ᠌ ᠰᠠᠭᠤᠭᠠᠯᠢ ᠠᠷᠠᠳᠤᠨ ᠪᠦᠭᠡᠮ ᠬᠦᠴᠢᠯ ᠤᠨ ᠪᠠᠢ᠌ᠴᠠᠭᠠᠯᠳᠠ ᠵᠢᠩᠬᠢᠨᠢ ᠪᠡᠷ ᠡᠬᠢᠯᠡᠯᠠ᠃ ᠴᠠᠭᠠᠨ ᠬᠠᠮᠠᠭᠠᠯᠠᠯᠳᠠ ᠵᠢᠨ ᠬᠤᠪᠴᠠᠰᠤ ᠪᠡᠷ ᠦᠪᠴᠢ ᠬᠤᠶᠠᠬ᠍ᠯᠠᠬ᠍ᠰᠠᠨ ᠪᠦᠭᠡᠮ ᠬᠦᠴᠢᠯᠤᠨ ᠪᠠᠢ᠌ᠴᠠᠭᠠᠯᠳᠠ ᠵᠢᠨ ᠠᠵᠢᠯᠳᠠᠨ ᠦᠯᠢᠭᠡᠷ ᠠᠪᠬᠤ ᠨᠢ ᠠᠪᠴᠦ᠍᠂ ᠨᠤᠭᠤᠭᠠᠨ ᠺᠠᠷᠲ ᠪᠤᠯᠤᠨ ᠪᠠᠶᠠ ᠵᠢᠨ ᠦᠨᠡᠮᠯᠡᠯᠢ ᠲᠠᠩᠰᠠᠯᠠᠬᠤ ᠨᠢ ᠲᠠᠩᠰᠠᠯᠠᠵᠦ᠍᠂ ᠯᠠᠪᠠᠷ ᠪᠠᠷᠢᠨ ᠠᠰᠠᠷ ᠡᠴᠡ ᠬᠦᠮᠦᠨ ᠲᠠᠭᠤᠳᠠᠬᠤ ᠨᠢ ᠬᠦᠮᠦᠨ ᠲᠠᠭᠤᠳᠠᠵᠦ᠍᠂ ᠬᠦᠮᠦᠰᠢ ᠮᠦᠷᠯᠡᠬᠦᠯᠬᠦ᠌ ᠨᠢ ᠮᠦᠷᠯᠡᠬᠦᠯᠵᠦ᠍᠂ ᠡᠮᠬᠢ ᠴᠡᠭ᠌ᠴᠡ ᠲᠠᠢ ᠪᠡᠷ ᠪᠦᠭᠡᠮ ᠬᠦᠴᠢᠯ ᠤᠨ ᠪᠠᠢ᠌ᠴᠠᠭᠠᠯᠳᠠ ᠬᠢᠵᠦ᠍ ᠡᠬᠢᠯᠡᠪᠡ᠃ ᠲᠡᠳᠡ ᠨᠡᠢ᠌ᠭᠡᠮ ᠲᠤᠭᠤᠷᠢᠭ ᠤᠨ ᠬᠦᠮᠦᠰᠢ ᠠᠯᠢ ᠠᠰᠠᠷᠤᠨ ᠬᠢ ᠨᠢ ᠠᠯᠢ ᠴᠡᠭ ᠲᠡᠭᠡᠷᠠ ᠦᠯᠢᠭᠡᠷ ᠠᠪᠤᠭᠤᠯᠬᠤ ᠵᠢ ᠤᠷᠢᠳᠴᠢᠯᠡᠨ ᠮᠡᠳᠡᠭ᠌ᠳᠡᠭ᠌ᠰᠡᠨ ᠪᠠᠢ᠌ᠵᠠᠢ᠃ ᠪᠤᠳᠠᠳᠤ ᠪᠠᠢ᠌ᠴᠠᠭᠠᠯᠳᠠ ᠵᠢᠨ ᠲᠤᠮᠳᠠ᠂ ᠲᠡᠳᠡ ᠠᠰᠠᠷ ᠠᠰᠠᠷ ᠵᠢᠡᠷ ᠨᠢ ᠢᠯᠭᠠᠨ ᠪᠦᠭᠡᠮ ᠬᠦᠴᠢᠯᠤᠨ ᠪᠠᠢ᠌ᠴᠠᠭᠠᠯᠳᠠ ᠬᠢᠵᠦ᠍᠂ ᠬᠦᠮᠦᠰᠢ ᠨᠢᠭᠡ ᠮᠧᠲ᠋ᠷ ᠵᠠᠢ ᠲᠠᠯᠪᠢᠨ ᠮᠦᠷᠯᠡᠬᠦᠯᠵᠦ᠍᠂ ᠪᠠᠢ᠌ᠴᠠᠭᠠᠯᠳᠠ ᠡᠴᠡ ᠡᠮᠦᠨᠠ ᠪᠡᠶᠠ ᠵᠢᠨ ᠲᠤᠯᠠᠭᠠᠨᠢ ᠬᠡᠮᠵᠢᠬᠦ᠌ ᠵᠡᠷᠭᠡ ᠡᠯᠠ ᠭᠤᠬ᠍ᠴᠤᠭᠠ ᠲᠡᠭᠡᠷᠠ ᠨᠠᠷᠢᠨ ᠨᠢᠮᠪᠠᠢ ᠠᠵᠢᠯᠯᠠᠵᠦ᠍ ᠪᠠᠢ᠌ᠯᠠ᠃ ᠪᠤᠭᠤᠳᠤ ᠬᠤᠳᠠ ᠵᠢᠨ ᠨᠢᠭᠡ ᠢᠷᠭᠡᠨ ᠪᠤᠯᠤᠬ᠍ᠰᠠᠨᠤ ᠬᠤᠪᠢ ᠳ᠋ᠤ᠂ ᠰᠤᠷᠪᠤᠯᠵᠢᠯᠠᠬ᠍ᠴᠢ ᠴᠦ᠍ ᠲᠤᠬ᠍ᠳᠠᠬ᠍ᠰᠠᠨ ᠴᠠᠭ ᠵᠢᠡᠷ ᠠᠰᠠᠷ ᠡᠴᠡ ᠪᠡᠨ ᠪᠠᠭᠤᠵᠦ᠍ ᠪᠦᠭᠡᠮ ᠬᠦᠴᠢᠯᠤᠨ ᠪᠠᠢ᠌ᠴᠠᠭᠠᠯᠳᠠ ᠬᠢᠯᠭᠡᠯᠠ᠃ ᠪᠤᠭᠤᠲᠤ ᠬᠤᠳᠠᠨ ᠳ᠋ᠤ ᠬᠢᠵᠢᠭᠤᠨ ᠪᠠᠢ᠌ᠳᠠᠯ ᠡᠭᠦᠰᠦᠭ᠌ᠰᠡᠨ ᠡᠴᠡ ᠨᠠᠭᠠᠰᠢ᠂ ᠡᠨᠡ ᠤᠳᠠᠭᠠ ᠰᠤᠷᠪᠤᠯᠵᠢᠯᠠᠬ᠍ᠴᠢ ᠬᠤᠶᠠᠳᠡᠬᠢ ᠤᠳᠠᠭᠠ ᠪᠡᠨ ᠨᠢᠭᠡᠳᠦᠯᠳᠠᠢ ᠪᠦᠭᠡᠮ ᠬᠦᠴᠢᠯᠤᠨ ᠪᠠᠢ᠌ᠴᠠᠭᠠᠯᠳᠠ ᠬᠢᠯᠭᠡᠵᠦ᠍ ᠪᠠᠢ᠌ᠭᠠ ᠶᠤᠮ᠃
ᠤᠢ᠍ᠢᠯᠠᠭᠠᠬ᠍ᠰᠠᠨ ᠵᠢᠡᠷ᠂ 2 ᠰᠠᠷᠠ ᠵᠢᠨ 22 ᠤᠨ ᠡᠳᠦᠷ ᠤᠨ ᠦᠷᠯᠦᠭᠡ ᠡᠴᠡ ᠪᠤᠭᠤᠳᠤ ᠬᠤᠳᠠ ᠵᠢᠨ ᠵᠢᠤᠶᠤᠸᠠᠨ ᠲᠤᠭᠤᠷᠢᠭ᠂ ᠳ᠋ᠦᠩ ᠡᠾᠧ ᠲᠤᠭᠤᠷᠢᠭ᠂ ᠬᠤᠪᠤᠷ ᠱᠢᠷᠤᠢ ᠵᠢᠨ ᠲᠡᠭᠡᠳᠤ ᠱᠢᠨᠠ ᠮᠡᠷᠭᠡᠵᠢᠯᠤᠨ ᠲᠤᠭᠤᠷᠢᠭ ᠪᠤᠯᠤᠨ ᠱᠢᠭᠤᠢ᠌ᠳᠤ ᠲᠤᠭᠤᠷᠢᠭ ᠭᠤᠤᠯᠳᠠᠯᠭᠠ ᠲᠠᠢ ᠤᠷᠤᠨ ᠲᠤᠭᠤᠷᠢᠭ ᠤᠨ ᠬᠦᠮᠦᠰᠤᠨ ᠪᠦᠭᠡᠮ ᠬᠦᠴᠢᠯ ᠤᠨ ᠪᠠᠢ᠌ᠴᠠᠭᠠᠯᠳᠠ ᠵᠢ ᠡᠬᠢᠯᠡᠬᠦᠯᠪᠡ᠃ ᠠᠩᠬᠠᠨ ᠤ ᠡᠭᠡᠯᠵᠢ ᠵᠢᠨ ᠭᠤᠤᠯᠳᠠᠯᠭᠠ ᠲᠠᠢ ᠤᠷᠤᠨ ᠲᠤᠭᠤᠷᠢᠭ ᠤᠨ ᠪᠦᠭᠡᠮ ᠬᠦᠴᠢᠯ ᠤᠨ ᠪᠠᠢ᠌ᠴᠠᠭᠠᠯᠳᠠ ᠪᠡᠨ ᠪᠡᠶᠡᠯᠡᠬᠦᠯᠦᠭ᠌ᠰᠡᠨ ᠪᠤᠭᠤᠲᠤ ᠬᠤᠳᠠ ᠵᠢᠨ ᠬᠦᠨᠳᠡᠯᠡᠨ ᠲᠤᠭᠤᠷᠢᠭ ᠪᠤᠯᠤᠨ ᠴᠢᠩᠱᠠᠨ ᠲᠤᠭᠤᠷᠢᠭ ᠴᠦ᠍ ᠨᠢᠭᠡᠳᠦᠯᠳᠠᠢ ᠪᠠᠢ᠌ᠷᠢᠯᠠᠭᠤᠯᠤᠯᠳᠠ ᠶᠤᠰᠤᠭᠠᠷ᠂ ᠬᠤᠶᠠᠳᠤᠭᠠᠷ ᠡᠭᠡᠯᠵᠢ ᠵᠢᠨ ᠪᠦᠭᠡᠮ ᠬᠦᠴᠢᠯ ᠤᠨ ᠪᠠᠢ᠌ᠴᠠᠭᠠᠯᠳᠡ ᠪᠡᠨ ᠤᠳᠠᠯ ᠦᠭᠡᠢ ᠡᠬᠢᠯᠡᠬᠦᠯᠬᠦ᠌ ᠪᠡᠷ ᠪᠤᠢ᠃ ᠨᠡᠢ᠌ᠭᠡᠮ ᠲᠤᠭᠤᠷᠢᠭ ᠤᠨ ᠪᠦᠭᠡᠮ ᠬᠦᠴᠢᠯ ᠤᠨ ᠪᠠᠢᠴᠠᠭᠠᠯᠳᠠ ᠵᠢᠨ ᠴᠡᠭ ᠡᠴᠡ ᠭᠠᠳᠠᠨᠠ᠂ ᠪᠤᠭᠤᠲᠤ ᠵᠢᠨ ᠪᠤᠯᠤᠳ ᠲᠡᠮᠦᠷ ᠤᠨ ᠪᠦᠯᠦᠭ᠌ᠯᠡᠯ ᠮᠦᠨ ᠲᠦᠷᠦᠬᠦᠦ ᠬᠤᠶᠠᠷ ᠡᠳᠦᠷ ᠦᠢᠯᠡᠳᠪᠦᠷᠢᠯᠡᠯᠤᠨ ᠲᠤᠭᠤᠷᠢᠭᠲᠠᠭᠠᠨ 13 ᠦᠯᠢᠭᠡᠷ ᠠᠪᠬᠤ ᠴᠡᠭ ᠭᠠᠷᠭᠠᠨ᠂ ᠠᠵᠢᠯ ᠤᠨ ᠪᠠᠢ᠌ᠷᠢᠨ ᠳ᠋ᠠᠭᠠᠨ ᠪᠠᠢ᠌ᠬᠤ ᠪᠦᠬᠦ᠌ ᠠᠵᠢᠯᠳᠠᠨ ᠳ᠋ᠠᠭᠠᠨ ᠪᠦᠭᠡᠮ ᠬᠦᠴᠢᠯᠤᠨ ᠪᠠᠢ᠌ᠴᠠᠭᠠᠯᠳᠠ ᠬᠢᠯᠭᠡᠭ᠌ᠰᠡᠨ ᠪᠠᠢ᠌ᠨᠠ᠃ ᠪᠦᠭᠡᠮ ᠬᠦᠴᠢᠯᠤᠨ ᠪᠠᠢ᠌ᠴᠠᠭᠠᠯᠳᠠ ᠬᠡᠵᠦ᠍ ᠡᠨᠡᠬᠦ᠌ ᠱᠢᠨᠠ ᠲᠢᠳᠢᠮᠯᠢᠭ᠌ ᠸᠢᠷᠦ᠋ᠰᠢ ᠰᠡᠷᠭᠡᠢᠯᠡᠨ ᠬᠤᠷᠢᠭᠯᠠᠬᠤ ᠪᠠᠢ᠌ᠴᠠᠭᠠᠯᠳᠠ ᠵᠢ ᠪᠤᠭᠤᠳᠤ ᠬᠤᠳᠠ ᠵᠢᠨ ᠬᠢᠨ ᠢᠩᠬᠢᠵᠦ᠍ ᠲᠠᠷᠤᠢ ᠲᠦᠷᠭᠡᠨ ᠲᠡᠭᠡᠷᠠ ᠪᠡᠨ ᠡᠷᠴᠢᠮᠳᠠᠢ ᠰᠠᠢ᠌ᠨ ᠦᠷᠨᠢᠬᠦᠯᠵᠦ᠍ ᠪᠠᠢ᠌ᠭᠠ ᠠᠵᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠹᠦ᠋ ᠭᠸᠨ
ᠣᠷᠴᠢᠭᠤᠯᠤᠭ᠍ᠴᠢ᠄




ᠰᠢᠭᠦᠮᠵᠢ ᠠᠯᠠᠭᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃