ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠬᠢᠵᠢᠭ᠎ᠦ᠋ᠨ ᠪᠠᠢᠳᠠᠯ᠎ᠢ᠋ ᠰᠡᠷᠭᠡᠢᠯᠡᠨ ᠡᠵᠡᠮᠳᠡᠬᠦ ᠬᠣᠷᠢᠭᠯᠠᠯᠲᠠ᠎ᠶ᠋ᠢᠨ ᠳᠠᠢᠯᠠᠯᠳᠤᠭᠠᠨ᠎ᠤ᠋ ᠢᠯᠠᠯᠲᠠ᠎ᠶ᠋ᠢ ᠡᠷᠡᠰ ᠣᠯᠰᠤᠭᠠᠢ

2022-02-25 13:33:58

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠠᠰᠠᠭᠤᠯᠲᠠ᠄ ᠣᠳᠣᠬᠠᠨ᠎ᠳᠤ᠂ ᠬᠥᠬᠡᠬᠣᠲᠠ᠎ᠶ᠋ᠢᠨ ᠨᠢᠭᠡᠨᠲᠡ ᠨᠡᠢᠲᠡᠯᠡᠭ᠌ᠰᠡᠨ ᠲᠠᠬᠤᠯ ᠡᠪᠡᠳᠴᠢᠨ᠎ᠦ ᠰᠤᠳᠤᠯᠤᠯ᠎ᠤᠨ ᠪᠠᠢᠴᠠᠭᠠᠯᠲᠠ᠎ᠶ᠋ᠢᠨ ᠦᠷ᠎ᠡ ᠳ᠋ᠦᠩ ᠶᠠᠪᠤᠬᠤ ᠲᠤᠲᠤᠮ ᠣᠯᠠᠱᠢᠷᠠᠵᠤ᠂ ᠴᠠᠭ ᠤᠷᠴᠢᠨ ᠳ᠋ᠤ ᠲᠠᠭᠠᠯᠳᠤᠬᠤ᠂ ᠴᠠᠭ ᠤᠷᠴᠢᠨ ᠳ᠋ᠤ ᠳᠠᠪᠬᠤᠴᠠᠬᠤ ᠠᠰᠠᠭᠤᠳᠠᠯ ᠦᠷᠭᠦᠯᠵᠢ ᠭᠠᠷᠴᠤ᠌ ᠪᠠᠢᠨ᠎ᠠ᠂ ᠶᠠᠭᠤ᠎ᠶ᠋ᠢ ᠴᠠᠭ ᠤᠷᠴᠢᠨ ᠳ᠋ᠤ ᠳᠠᠭᠠᠯᠳᠤᠬᠤ ᠭᠡᠬᠦ᠌ ᠪᠣᠶ? ᠬᠣᠲᠠ᠎ᠶ᠋ᠢᠨ ᠠᠷᠠᠳ ᠥᠪᠡᠷ᠎ᠦᠨ ᠵᠢᠨᠨ ᠴᠠᠭ ᠤᠷᠴᠢᠨ ᠳ᠋ᠤ ᠲᠠᠪᠬᠤᠴᠠᠬᠰᠡᠨ ᠡᠰᠡᠭᠦ ᠵᠢ ᠬᠡᠷᠬᠢᠨ ᠵᠠᠭᠠᠭ᠍ᠯᠠᠨ ᠲᠣᠭ᠍ᠲᠠᠭᠠᠬᠤ ᠪᠠ ᠬᠤᠪᠢᠶᠠᠬᠤ ᠪᠤᠢ?


ᠬᠥᠬᠡᠬᠣᠲᠠ᠎ᠶ᠋ᠢᠨ ᠡᠪᠡᠳᠴᠢᠨ ᠡᠮᠭᠡᠭ᠎ᠢ ᠰᠡᠷᠭᠡᠢᠯᠡᠨ ᠡᠵᠡᠮᠳᠡᠬᠦ᠌ ᠲᠥᠪ᠎ᠦᠨ ᠳᠡᠳ᠋ ᠡᠷᠬᠢᠯᠡᠭ᠌ᠴᠢ ᠸᠠᠩ ᠳ᠋ᠠ ᠸᠧᠶ᠂ ᠴᠠᠭ ᠤᠷᠴᠢᠨ ᠳ᠋ᠤ ᠳᠠᠪᠬᠤᠴᠠᠬᠴᠢ ᠭᠡᠳᠡᠭ ᠨᠢ ᠲᠣᠰ ᠬᠥᠮᠦᠨ᠎ᠦ ᠤᠲᠠᠰᠤᠨ ᠨᠣᠮᠧᠷ ᠨᠢ ᠲᠤᠳᠤᠯᠠᠬᠰᠡᠨ ᠡᠪᠡᠳᠴᠢᠨ᠎ᠤ ᠵᠢᠱ᠌ᠢᠶ᠎ᠠ ᠪᠤᠶᠤ ᠡᠪᠡᠳᠴᠢᠨ᠎ᠦ ᠢᠯᠡᠷᠡᠯ ᠥᠬᠡᠶ ᠬᠠᠯᠳᠠᠪᠤᠷᠢᠯᠠᠬᠳᠠᠬᠴᠢ ᠵᠢᠨ ᠨᠣᠮᠧᠷ᠎ᠲᠡᠶ ᠠᠳᠠᠯᠢ ᠴᠠᠭ ᠬᠤᠭᠤᠴᠠᠭ᠎ᠠ ᠪᠠ ᠣᠷᠣᠨ ᠵᠠᠶ᠎ᠶ᠋ᠢᠨ ᠲᠤᠤᠷᠵᠢᠯ ( ᠬᠡᠪᠴᠢᠶ᠎ᠡ ᠨᠢ 800 ᠮᠧᠲ᠋ᠷ * 800 ᠮᠧᠲ᠋ᠷ ) ᠲᠠᠢ ᠬᠠᠮᠲᠤ᠎ᠪᠠᠷ 10 ᠮᠢᠨᠦ᠋ᠲ ᠡᠴᠡ ᠳᠡᠭᠡᠭ᠌ᠰᠢ ᠰᠠᠭᠠᠲᠠᠭ᠍ᠰᠠᠨ ᠪᠥᠭᠡᠳ ᠣᠢᠷ᠎ᠠ᠎ᠶ᠋ᠢᠨ 14 ᠡᠳᠦᠷ᠎ᠦᠨ ᠳᠣᠲᠣᠷ᠎ᠠ ᠠᠯᠢ ᠨᠢᠭᠡ ᠲᠠᠯ᠎ᠠ᠎ᠶ᠋ᠢᠨ ᠨᠣᠮᠧᠷ ᠨᠢ ᠲᠣᠰ ᠴᠠᠭ ᠬᠤᠭᠤᠴᠠᠭ᠎ᠠ ᠪᠠ ᠣᠷᠣᠨ ᠵᠠᠶ᠎ᠶ᠋ᠢᠨ ᠲᠤᠤᠷᠵᠢᠯ ᠳ᠋ᠤ ᠨᠡᠢᠲᠡ 30 ᠴᠠᠭ ᠡᠴᠡ ᠳᠡᠭᠡᠭ᠌ᠰᠢ ᠰᠠᠭᠠᠲᠠᠭ᠍ᠰᠠᠨ᠎ᠢ ᠵᠢᠭᠠᠵᠤ ᠪᠠᠢᠨ᠎ᠠ᠂ ᠪᠠᠢᠴᠠᠭᠠᠨ ᠭᠠᠷᠭᠠᠭ᠍ᠰᠠᠨ ᠨᠣᠮᠧᠷ ᠨᠢ ᠴᠠᠭ ᠬᠤᠭᠤᠴᠠᠭ᠎ᠠ ᠪᠠ ᠣᠷᠣᠨ ᠵᠠᠶ᠎ᠶ᠋ᠢᠨ ᠳᠠᠭᠠᠯᠳᠤᠭ᠍ᠰᠠᠨ ᠨᠣᠮᠧᠷ ᠪᠤᠶᠤ ᠴᠠᠭ ᠬᠤᠭᠤᠴᠠᠭ᠎ᠠ ᠪᠠ ᠣᠷᠣᠨ ᠵᠠᠶ᠎ᠶ᠋ᠢᠨ ᠳᠠᠪᠬᠤᠴᠠᠭ᠍ᠰᠠᠨ ᠨᠣᠮᠧᠷ ᠪᠣᠯᠤᠨ᠎ᠠ᠃ ᠴᠠᠭ ᠬᠤᠭᠤᠴᠠᠭ᠎ᠠ ᠪᠠ ᠣᠷᠣᠨ ᠵᠠᠶ᠎ᠶ᠋ᠢᠨ ᠨᠣᠮᠧᠷ᠎ᠲᠡᠶ ᠬᠥᠮᠦᠨ ᠳᠠᠷᠤᠶ ᠴᠠᠭ ᠤᠷᠴᠢᠨ ᠳ᠋ᠤ ᠲᠠᠭᠠᠯᠳᠤᠬᠴᠢ ᠪᠤᠶᠤ ᠴᠠᠭ ᠤᠷᠴᠢᠨ ᠳ᠋ᠤ ᠲᠠᠪᠬᠤᠴᠠᠬᠴᠢ ᠪᠤᠯᠤᠨ᠎ᠠ᠂ ᠲᠣᠰ ᠬᠥᠮᠦᠨ᠎ᠦ ᠡᠷᠡᠭᠦᠯ ᠮᠡᠨᠳᠦ᠍᠎ᠶ᠋ᠢᠨ ᠨᠣᠭᠣᠭᠠᠨ ᠺᠣᠳ᠋᠎ᠨᠢ ᠰᠡᠷᠡᠮᠵᠢᠯᠡᠭᠦᠯᠬᠦ᠌ ᠴᠢᠨᠠᠷᠲᠠᠶ ᠱᠢᠷ᠎ᠠ ᠺᠣᠳ᠋ ᠪᠣᠯᠵᠣ᠂ ᠲᠡᠷᠡᠴᠢᠯᠡᠨ ᠱᠢᠰᠲ᠋ᠧᠮ᠎ᠳᠦ 《ᠴᠠᠭ ᠤᠷᠴᠢᠨ ᠳ᠋ᠤ ᠲᠠᠪᠬᠤᠴᠠᠬᠤ》 ᠭᠡᠵᠦ᠍ ᠲᠡᠮᠳᠡᠭ᠌ᠯᠡᠭ᠌ᠳᠡᠭ᠌ᠰᠡᠨ ᠬᠥᠮᠦᠨ ᠪᠣᠯᠤᠨ᠎ᠠ ᠭᠡᠵᠤ ᠬᠠᠷᠢᠭᠤᠯᠪᠡ᠃

ᠵᠢᠱ᠌ᠢᠶᠡᠯᠡᠪᠡᠯ᠂ ᠶᠠᠮᠠᠷ ᠨᠢᠭᠡᠨ ᠲᠤᠳᠤᠯᠠᠬᠰᠡᠨ ᠡᠪᠡᠳᠴᠢᠨ᠎ᠤ ᠵᠢᠱ᠌ᠢᠶ᠎ᠠ ᠪᠤᠶᠤ ᠡᠪᠡᠳᠴᠢᠨ᠎ᠦ ᠢᠯᠡᠷᠡᠯ ᠥᠬᠡᠶ ᠬᠠᠯᠳᠠᠪᠤᠷᠢᠯᠠᠭᠳᠠᠬᠴᠢ 14 ᠡᠳᠦᠷ᠎ᠦᠨ ᠳᠣᠲᠣᠷ᠎ᠠ ᠶᠠᠮᠠᠷ ᠨᠢᠭᠡᠨ ᠬᠤᠳᠠᠯᠳᠤᠭᠠᠨ᠎ᠤ ᠲᠠᠯᠠᠪᠤᠷ᠎ᠲᠤ ᠬᠦᠷᠴᠦ᠍ ᠥᠩᠭᠡᠷᠡᠭ᠌ᠰᠡᠨ ᠪᠣᠯ᠂ ᠲᠠᠨ᠎ᠤ ᠡᠨᠡ 14 ᠡᠳᠦᠷ᠎ᠦᠨ ᠳᠣᠲᠣᠷᠠᠬᠢ ᠵᠠᠮ ᠮᠥᠷ ᠨᠢ ᠲᠡᠭᠦᠨ᠎ᠲᠡᠶ ᠡᠨᠡ ᠬᠤᠳᠠᠯᠳᠤᠭᠠᠨ᠎ᠤ ᠲᠠᠯᠠᠪᠤᠷ᠎ᠲᠤ 10 ᠮᠢᠨᠦ᠋ᠲ᠎ᠡᠴᠡ ᠳᠡᠭᠡᠭ᠌ᠰᠢ ᠠᠭᠤᠯᠵᠠᠵᠤ ᠦᠩᠭᠡᠷᠡᠭᠰᠡᠨ᠂ ᠡᠨᠡ 14 ᠡᠳᠦᠷ᠎ᠦᠨ ᠳᠣᠲᠣᠷ᠎ᠠ ᠲᠠᠨ᠎ᠤ ᠬᠣᠶᠠᠷ᠎ᠤᠨ ᠠᠯᠢ ᠨᠢᠭᠡ ᠲᠠᠯ᠎ᠠ᠎ᠶ᠋ᠢᠨ ᠬᠤᠳᠠᠯᠳᠤᠭᠠᠨ᠎ᠤ ᠲᠠᠯᠠᠪᠤᠷ᠎ᠲᠤ ᠰᠠᠭᠠᠳᠠᠬᠰᠡᠨ ᠴᠠᠭ ᠨᠢ 30 ᠴᠠᠭ ᠡᠴᠡ ᠬᠡᠲᠦᠷᠡᠭ᠌ᠰᠡᠨ ᠪᠠᠢᠪᠠᠯ᠂ ᠴᠥᠮ ᠴᠠᠭ ᠤᠷᠴᠢᠨ ᠳ᠋ᠤ ᠳᠠᠭᠠᠯᠳᠤᠭ᠍ᠴᠢ ᠪᠤᠶᠤ ᠴᠠᠭ ᠤᠷᠴᠢᠨ ᠳ᠋ᠤ ᠳᠠᠪᠬᠤᠴᠠᠭ᠍ᠴᠢ᠎ᠪᠠᠷ ᠮᠠᠭᠠᠳᠯᠠᠨ ᠲᠣᠭ᠍ᠲᠠᠭᠠᠵᠤ ᠮᠡᠳᠡᠨ᠎ᠡ᠃


ᠢᠷᠡᠯᠳᠡ᠄ ᠲᠠᠯ᠎ᠠ ᠨᠤᠳᠤᠭ ᠰᠢᠯᠵᠢᠶ᠎ᠠ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠤᠶᠤᠨᠲᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面