2022-02-27 11:32:59
— ᠬᠥᠬᠡᠬᠣᠲᠠ ᠢ᠋ᠢᠨ ᠡᠪᠡᠳᠴᠢᠨ ᠡᠮᠭᠡᠭᠢ ᠰᠡᠷᠭᠡᠢᠯᠡᠨ ᠡᠵᠡᠮᠳᠡᠬᠦ᠌ ᠲᠥᠪ ᠤ᠋ᠨ ᠠᠷᠬᠠᠭ ᠡᠪᠡᠳᠴᠢᠨᠢ ᠰᠡᠷᠭᠡᠢᠯᠡᠨ ᠡᠵᠡᠮᠳᠡᠬᠦ᠌ ᠰᠠᠯᠠᠭᠠᠨ ᠤ᠋ ᠳᠠᠷᠤᠭ᠎ᠠ ᠸᠠᠩ ᠶᠠᠩ ᠵᠢᠶᠧ ᠢ᠋ᠢ ᠰᠤᠷᠪᠤᠯᠵᠢᠯᠠᠭᠰᠠᠨ ᠨᠢ
ᠬᠢᠵᠢᠭ ᠤ᠋ᠨ ᠬᠤᠭᠤᠴᠠᠭᠠᠨ ᠳ᠋ᠤ᠂ ᠬᠤᠳᠠ ᠢ᠋ᠢᠨ ᠠᠷᠠᠳ ᠭᠡᠷᠬᠢᠨ ᠰᠡᠷᠭᠡᠢᠯᠡᠯᠳᠠ ᠬᠢᠬᠦ ᠪᠤᠢ? ᠬᠠᠯᠠᠭᠤᠷᠠᠬᠤ ᠢᠯᠡᠷᠡᠯ ᠭᠠᠷᠪᠠᠯ ᠬᠡᠷᠬᠢᠨ ᠱᠢᠶ᠋ᠳᠪᠦᠷᠢᠯᠡᠬᠦ ᠪᠤᠢ? ᠴᠢᠰᠤᠨ ᠳᠠᠷᠤᠯᠲᠠ ᠥᠨᠳᠥᠷ ᠂ ᠱᠢᠬᠢᠷ ᠱᠢᠵᠢᠩ ᠡᠪᠡᠳᠴᠢᠨ ᠳ᠋ᠤ ᠨᠡᠷᠪᠡᠭᠳᠡᠭᠰᠡᠨ ᠠᠷᠬᠠᠭ ᠡᠪᠡᠳᠴᠢᠲᠡᠨ ᠶᠠᠭᠤ ᠢ᠋ᠢ ᠠᠩᠬᠠᠷᠪᠠᠯ ᠵᠣᠬᠢᠬᠤ ᠪᠤᠢ ?2 ᠰᠠᠷ᠎ᠠ ᠢ᠋ᠢᠨ 25 ᠤ᠋ ᠡᠳᠤᠷ᠂ ᠰᠤᠷᠪᠤᠯᠵᠢᠯᠠᠭᠴᠢ ᠣᠢᠷ᠎ᠠ ᠢ᠋ᠢᠨ ᠬᠤᠭᠤᠴᠠᠭᠠᠨᠤ ᠬᠣᠲᠠ ᠢ᠋ᠢᠨ ᠠᠷᠠᠳ ᠤ᠋ᠨ ᠠᠩᠬᠠᠷᠴᠤ᠌ ᠪᠠᠢᠭ᠎ᠠ ᠬᠢᠵᠢᠭ ᠢ᠋ ᠰᠡᠷᠭᠡᠢᠯᠡᠨ ᠡᠵᠡᠮᠳᠡᠬᠦ᠌ ᠠᠰᠠᠭᠤᠳᠠᠯ ᠤ᠋ᠨ ᠲᠤᠭᠤᠷᠢᠨᠳᠤ ᠬᠥᠬᠡᠬᠣᠲᠠ ᠢ᠋ᠢᠨ ᠡᠪᠡᠳᠴᠢᠨ ᠡᠮᠭᠡᠭᠢ ᠰᠡᠷᠭᠡᠢᠯᠡᠨ ᠡᠵᠡᠮᠳᠡᠬᠦ᠌ ᠲᠥᠪ ᠤ᠋ᠨ ᠠᠷᠬᠠᠭ ᠡᠪᠡᠳᠴᠢᠨᠢ ᠰᠡᠷᠭᠡᠢᠯᠡᠨ ᠡᠵᠡᠮᠳᠡᠬᠦ᠌ ᠰᠠᠯᠠᠭᠠᠨ ᠤ᠋ ᠳᠠᠷᠤᠭ᠎ᠠ ᠸᠠᠩ ᠶᠠᠩ ᠵᠢᠶᠧ ᠢ᠋ᠢ ᠰᠤᠷᠪᠤᠯᠵᠢᠯᠠᠪᠠ᠃
ᠸᠠᠩ ᠶᠠᠩ ᠵᠢᠶᠧ ᠵᠢᠨ ᠲᠠᠨᠢᠯᠴᠠᠭᠤᠯᠤᠭᠰᠠᠨᠵᠢᠡᠷ᠂ ᠣᠳᠣᠬᠠᠨ ᠤ᠋ ᠬᠢᠵᠢᠭ ᠤ᠋ᠨ ᠪᠠᠢᠳᠠᠯ ᠳᠤᠤᠷ᠎ᠠ᠂ ᠬᠣᠲᠠ ᠢ᠋ᠢᠨ ᠠᠷᠠᠳ ᠳᠤᠤᠷᠠᠬᠢ ᠬᠡᠳᠦᠨ ᠲᠠᠯ᠎ᠠ ᠢ᠋ᠢ ᠠᠩᠬᠠᠷᠬᠤ ᠴᠢᠬᠤᠯᠠᠳᠠᠢ᠃ ᠨᠢᠭᠡᠳᠦ᠂ ᠱᠢᠨᠵᠢᠯᠡᠬᠦ᠌ ᠤᠬᠠᠭᠠᠨᠴᠢᠪᠠᠷ ᠠᠮᠠᠪᠴᠢ ᠵᠡᠭᠦᠬᠦ᠌ ᠬᠡᠷᠡᠭ᠌ᠲᠡᠶ᠂ ᠣᠯᠠᠨᠢᠶᠠᠷ ᠢ᠋ᠢᠡᠨ ᠵᠠᠪᠠᠯ ᠡᠮᠨᠡᠯᠭᠡ ᠢ᠋ᠢᠨ ᠭᠠᠳᠠᠷ ᠰᠠᠯᠠᠭᠠᠨ ᠳ᠋ᠤ ᠬᠡᠷᠡᠭᠯᠡᠳᠡᠭ ᠠᠮᠠᠪᠴᠢ ᠵᠡᠭᠦᠬᠦ ᠵᠢᠨ ᠬᠠᠮᠲᠤ ᠬᠠᠮᠠᠷ ᠤ᠋ᠨ ᠢ᠋ᠢᠡᠨ ᠬᠡᠰᠡᠭ ᠢ᠋ ᠴᠢᠩᠭ᠎ᠠ ᠬᠠᠪᠴᠢᠵᠤ ᠂ 4 ᠴᠠᠭ ᠲᠦ᠍ ᠨᠢᠭᠡ ᠤᠳᠠᠭ᠎ᠠ ᠰᠤᠯᠢᠵᠤ᠂ ᠣᠯᠠᠨ ᠳᠠᠪᠬᠤᠷ ᠠᠮᠠᠪᠴᠢ ᠵᠡᠬᠦᠭᠰᠡᠨ ᠤ᠋ ᠴᠢᠬᠤᠯᠠ ᠥᠬᠡᠶ ; ᠬᠣᠶᠠᠷ ᠲᠦ᠍᠂ ᠭᠠᠷ ᠢ᠋ᠢᠡᠨ ᠦᠷᠭᠦᠯᠵᠢ ᠤᠬᠢᠶᠠᠵᠤ᠂ ᠭᠠᠷ ᠤ᠋ᠨ ᠠᠷᠢᠭᠤᠨ ᠴᠡᠪᠡᠷ ᠢ᠋ ᠪᠠᠳᠤᠯᠠᠬᠤ ᠬᠡᠷᠡᠭᠳᠡᠢ᠂ ᠣᠯᠠᠨᠢᠶᠠᠷ ᠢ᠋ᠢᠡᠨ ᠭᠠᠳᠠᠭᠠᠳᠤ ᠤᠷᠴᠢᠨᠤ ᠪᠤᠳᠠᠰᠢ ᠲᠠᠮᠳᠡᠷᠢᠭᠰᠡᠨᠤ ᠲᠠᠷᠠᠭ᠎ᠠ ᠲᠠᠬᠢᠨ ᠨᠢᠳᠦ ᠪᠡᠨ ᠨᠤᠬᠤᠯᠠᠬᠤ᠂ ᠴᠢᠬᠢᠪᠡᠨ ᠤᠬᠤᠴᠢᠯᠠᠬᠤ ᠵᠡᠷᠭᠡ ᠮᠠᠭᠤ ᠳᠠᠳᠭᠠᠯ ᠢ᠋ ᠲᠡᠪᠴᠢᠬᠦ ᠬᠡᠷᠡᠭᠳᠡᠢ ; ᠭᠤᠷᠪᠠ ᠳ᠋ᠤ ᠂ ᠬᠦᠮᠤᠰᠤᠨ ᠬᠤᠭᠤᠷᠤᠨᠳᠤᠬᠢ 1 ᠮᠧᠲᠷ ᠤ᠋ᠨ ᠵᠠᠶ ᠢ᠋ᠢ ᠪᠠᠲᠤᠯᠠᠬᠤ ᠬᠡᠷᠡᠭ᠌ᠲᠡᠶ; ᠳᠦᠷᠪᠡᠳᠦ᠂ ᠬᠥᠮᠦᠨ ᠤᠯᠠᠨ ᠳᠠᠢ ᠪᠢᠳᠠᠬᠦᠮᠵᠢᠯᠡᠭᠰᠡᠨ ᠭᠠᠵᠠᠷᠵᠢᠡᠷ ᠠᠯᠢ ᠴᠢᠳᠠᠬᠤᠪᠠᠷ ᠲᠤᠳᠠᠭᠤ ᠤᠴᠢᠬᠤ ᠭᠡᠷᠡᠭᠳᠡᠢ; ᠲᠠᠪᠤ ᠳ᠋ᠤ ᠂ ᠬᠡᠷᠲᠡᠭᠡᠨ ᠴᠡᠪᠡᠷ ᠠᠭᠠᠷ ᠨᠡᠪᠳᠡᠷᠡᠬᠦᠯᠵᠤ ᠂ ᠦᠳᠡ ᠢ᠋ᠢᠨ ᠡᠮᠤᠨᠡᠬᠢ 9 —10 ᠴᠠᠭ᠂ ᠦᠳᠡ ᠢ᠋ᠢᠨ ᠬᠤᠢᠨᠡᠬᠢ 3 — 4 ᠴᠠᠭ ᠲᠦ᠍ ᠴᠣᠩᠬᠣᠪᠠᠨ ᠨᠡᠭᠡᠭᠡᠵᠦ᠍᠂ ᠤᠳᠠᠭ᠎ᠠ ᠪᠤᠯᠭᠠᠨ 10 —15 ᠮᠢᠨᠦ᠋ᠲ ᠰᠠᠯᠬᠢ ᠨᠡᠪᠲᠡᠷᠡᠭᠦᠯᠬᠦ᠌ ᠬᠡᠷᠡᠭ᠌ᠲᠡᠶ ᠃
ᠰᠠᠢᠨ ᠰᠠᠢᠬᠠᠨ ᠠᠮᠢᠳᠤᠷᠠᠯ ᠤ᠋ᠨ ᠳᠠᠳᠭᠠᠯ ᠢ᠋ ᠪᠤᠢ ᠪᠤᠯᠭᠠᠵᠤ᠂ ᠢᠳᠡᠭᠡᠨ ᠤᠮᠳᠠᠭᠠᠨ ᠢ᠋ᠢᠡᠨ ᠵᠤᠬᠢᠰᠳᠠᠢ ᠲᠣᠬᠢᠷᠠᠭᠤᠯᠬᠤ ᠬᠡᠷᠡᠭ᠌ᠲᠡᠶ᠃ ᠲᠠᠪᠤᠰᠤ ᠪᠠᠭ᠎ᠠ ᠢᠳᠡᠵᠤ᠂ ᠬᠥᠮᠦᠨ ᠪᠦᠷᠢ ᠡᠳᠦᠷ ᠲᠦ᠍ ᠬᠠᠮᠤᠭᠤᠨ ᠠᠷᠪᠢᠨᠳᠠᠭᠠᠨ 5 ᠭᠷᠠᠮ ᠡᠴᠡ ᠭᠡᠳᠤᠷᠠᠬᠦᠯᠬᠦ ᠦᠭᠡᠢ ᠪᠠᠢᠪᠠᠯ ᠰᠠᠢᠨ; ᠢᠳᠡᠰᠢᠨ ᠨᠤᠭᠤᠭ᠎ᠠ ᠪᠠ ᠵᠢᠮᠢᠰᠢ ᠢᠯᠡᠬᠦᠭᠡᠨ ᠢᠳᠡᠵᠤ᠂ ᠬᠥᠮᠦᠨ ᠪᠦᠷᠢ ᠡᠳᠦᠷ ᠲᠦ᠍ 8 ᠯᠠᠩ ᠭᠠᠷᠤᠢ ᠨᠣᠭᠣᠭ᠎ᠠ ᠵᠢᠮᠢᠰ᠂ 2 ᠯᠠᠡᠭ ᠤᠷᠴᠢᠮ ᠮᠢᠬ᠎ᠠ ᠢᠳᠡᠬᠦᠵᠢ ᠪᠠᠷᠢᠮᠳᠠᠯᠠᠬᠤ ᠭᠡᠷᠡᠭᠳᠡᠢ; ᠡᠳᠦᠷ ᠪᠦᠷᠢ 1 ᠥᠨᠳᠡᠭᠡ ᠢᠳᠡᠵᠤ᠂ ᠲᠠᠷᠠᠴᠢᠯᠠᠨ ᠬᠠᠭᠠᠰ ᠵᠢᠩᠡᠴᠡ ᠳᠡᠭᠡᠭ᠌ᠰᠢ ᠦᠨᠢᠶᠡᠨ ᠰᠦ ᠤᠤᠭᠤᠬᠤᠵᠢ ᠪᠠᠲᠤᠯᠠᠬᠤ ᠭᠡᠷᠡᠭᠳᠡᠢ ; ᠶᠤᠤᠮᠠᠢ ᠂ ᠰᠠᠭᠠᠭ ᠤ᠋ᠨ ᠭᠤᠯᠢᠷ ᠂ ᠡᠷᠳᠡᠨᠢ ᠱᠢᠰᠢ ᠢ᠋ᠢᠨ ᠭᠤᠯᠢᠷ ᠵᠡᠷᠭᠡ ᠡᠯᠳᠡᠪ ᠠᠮᠤ ᠢ᠋ᠢ ᠢᠯᠡᠬᠦᠬᠡᠨ ᠢᠳᠡᠵᠦ᠍᠂ ᠭᠠᠷᠠᠭ ᠲᠦ᠍ 2 — 3 ᠤᠳᠠᠭ᠎ᠠ ᠢᠳᠡᠬᠦ᠌ ᠢ᠋ᠢ ᠪᠠᠲᠤᠯᠠᠬᠤ ᠬᠡᠷᠡᠭ᠌ᠲᠡᠢ᠃
ᠣᠯᠠᠨᠢᠶᠠᠷ ᠢ᠋ᠢᠡᠨ ᠬᠡᠷᠲᠡᠬᠡᠨ ᠰᠠᠭᠤᠵᠤ ᠪᠠᠢᠬᠤ ᠬᠤᠭᠤᠴᠠᠭᠠᠨᠳᠠᠭᠠᠨ ᠭᠠᠷ ᠤᠲᠠᠰᠤ ᠨᠠᠭᠠᠳᠭᠤ᠂ ᠤᠷᠤᠢ ᠤᠨᠳᠠᠬᠤ ᠵᠡᠷᠭᠡ ᠡᠷᠡᠭᠦᠯ ᠪᠤᠰᠤ ᠠᠮᠢᠳᠤᠷᠠᠯ ᠤ᠋ᠨ ᠳᠠᠳᠭᠠᠯᠡᠴᠡ ᠵᠠᠢᠯᠠᠰᠬᠢᠬᠦ ᠬᠡᠷᠡᠭᠳᠡᠢ᠂ ᠥᠪᠡᠷ ᠤ᠋ᠨ ᠪᠡᠶᠡᠳᠡᠭᠡᠨ ᠳᠣᠭᠢᠷᠬᠠᠰᠠᠨ ᠲᠠᠮᠢᠷ ᠤ᠋ᠨ ᠬᠦᠳᠡᠯᠬᠡᠬᠡᠨ ᠢ᠋ ᠰᠣᠩᠭᠣᠵᠤ ᠵᠣᠬᠢᠰᠲᠠᠶ ᠪᠡᠷ ᠪᠠᠶᠠᠪᠡᠨ ᠪᠤᠯᠪᠠᠰᠤᠷᠠᠭᠤᠯᠪᠠᠯ ᠰᠠᠢᠨ ; ᠬᠣᠲᠠ ᠢ᠋ᠢᠨ ᠠᠷᠠᠳ ᠬᠠᠯᠠᠭᠤᠷᠠᠬᠤ ᠢᠯᠡᠷᠡᠯ ᠭᠠᠷᠪᠠᠯ᠂ ᠶᠠᠭᠤᠨᠤ ᠡᠮᠤᠨ᠎ᠠ ᠬᠠᠷᠢᠶ᠎ᠠ ᠭᠠᠵᠠᠷ ᠤ᠋ᠨ ᠡᠪᠡᠳᠴᠢᠨ ᠡᠮᠭᠡᠭᠢ ᠰᠡᠷᠭᠡᠢᠯᠡᠨ ᠡᠵᠡᠮᠳᠡᠬᠦ᠌ ᠲᠥᠪ ᠲᠦ᠍ ᠮᠡᠳᠡᠭᠦᠯᠵᠦ᠍᠂ ᠡᠪᠡᠳᠴᠢᠨ ᠡᠮᠭᠡᠭᠢ ᠰᠡᠷᠭᠡᠢᠯᠡᠨ ᠡᠵᠡᠮᠳᠡᠬᠦ᠌ ᠲᠥᠪ ᠤ᠋ᠨ ᠠᠵᠢᠯᠲᠠᠨ ᠤ᠋ ᠳᠠᠭᠠᠭᠤᠯᠭ᠎ᠠ ᠳᠤᠤᠷ᠎ᠠ ᠡᠮᠨᠡᠯᠭᠡ ᠢ᠋ᠢᠨ ᠬᠣᠷᠢᠶᠠᠨ ᠤ᠋ ᠬᠠᠯᠠᠭᠤᠷᠠᠯ ᠤ᠋ᠨ ᠡᠭᠦᠳᠡᠨ ᠡᠮᠨᠡᠯᠭᠡᠳᠦ ᠬᠦᠷᠴᠦ᠍ ᠵᠢᠭ᠍ᠰᠠᠭᠠᠨ ᠪᠠᠢᠴᠠᠭᠠᠵᠤ ᠂ ᠬᠡᠷᠪᠡ ᠱᠢᠨ᠎ᠡ ᠲᠢᠲᠢᠮᠯᠢᠭ ᠸᠢᠷᠦ᠋ᠰ ᠲᠦ᠍ ᠥᠯᠤ ᠬᠠᠯᠳᠠᠪᠤᠷᠢᠯᠠᠭᠳᠠᠭᠰᠠᠨ ᠪᠠᠢᠪᠠᠯ᠂ ᠳᠠᠬᠢᠨ ᠬᠠᠮᠢᠶ᠎ᠠ ᠪᠥᠬᠥᠶ ᠰᠠᠯᠠᠭ᠎ᠠ ᠲᠠᠰᠤᠭ ᠲᠦ᠍ ᠬᠦᠷᠴᠦ᠍ ᠡᠮᠴᠢᠯᠡᠬᠦᠯᠦᠨ᠎ᠠ᠂ ᠦᠪᠡᠰᠦᠪᠡᠨ ᠡᠮᠨᠡᠯᠭᠡ ᠢ᠋ᠢᠨ ᠬᠣᠷᠢᠶ᠎ᠠ ᠳ᠋ᠤ ᠣᠴᠢᠵᠤ ᠪᠣᠯᠬᠤ ᠥᠬᠡᠶ ᠂ ᠨᠠᠩ ᠴᠤ᠌ ᠣᠯᠠᠨ ᠨᠡᠢᠲᠡ ᠢ᠋ᠢᠨ ᠵᠠᠮ ᠬᠠᠷᠢᠯᠴᠠᠭᠠᠨ ᠤ᠋ ᠪᠠᠭᠠᠵᠢ ᠳ᠋ᠤ ᠰᠠᠭᠤᠵᠤ ᠪᠣᠯᠬᠤ ᠥᠬᠡᠶ᠃
ᠸᠠᠩ ᠶᠠᠩ ᠵᠢᠶᠧ᠄ 《ᠬᠣᠲᠠ ᠢ᠋ᠢᠨ ᠠᠷᠠᠳ ᠠᠵᠠ ᠬᠠᠷᠠᠬᠤ ᠪᠣᠳᠣᠯᠡᠴᠡ ᠪᠡᠨ ᠵᠠᠢᠯᠠᠰᠬᠢᠵᠤ᠂ ᠵᠠᠪᠠᠯ ᠡᠭᠡᠯᠵᠢ ᠪᠦᠷᠢ ᠢ᠋ᠢᠨ ᠪᠥᠭᠡᠮ ᠬᠦᠴᠢᠯ ᠤ᠋ᠨ ᠪᠠᠢᠴᠠᠭᠠᠯᠲᠠ ᠳ᠋ᠤ ᠢᠳᠡᠪᠬᠢᠲᠡᠶ ᠣᠷᠣᠯᠴᠠᠬᠤ ᠬᠡᠷᠡᠭᠳᠡᠢ》 ᠬᠡᠯ᠎ᠠ᠃ ᠲᠡᠷᠡ᠂ ᠬᠣᠲᠠ ᠢ᠋ᠢᠨ ᠠᠷᠠᠳ ᠪᠥᠭᠡᠮ ᠬᠦᠴᠢᠯ ᠤ᠋ᠨ ᠪᠠᠢᠴᠠᠭᠠᠯᠲᠠ ᠬᠢᠬᠦ᠌ ᠳ᠋ᠡᠭᠡᠨ᠂ ᠨᠢᠭᠡ ᠮᠧᠲ᠋ᠷ ᠤ᠋ᠨ ᠵᠠᠶ ᠢ᠋ᠢ ᠪᠠᠳᠤᠯᠠᠵᠤ᠂ ᠪᠡᠶᠡᠳᠡᠭᠡᠨ ᠠᠪᠴᠤ᠌ ᠶᠠᠪᠤᠭ᠎ᠠ ᠡᠳ᠋ ᠪᠣᠳᠠᠰᠢ ᠪᠥᠭᠡᠮ ᠬᠦᠴᠢᠯ ᠤ᠋ᠨ ᠪᠠᠢᠴᠠᠭᠠᠯᠲᠠᠬᠢᠵᠤ ᠪᠠᠢᠭ᠎ᠠ ᠠᠵᠢᠯ ᠤ᠋ᠨ ᠲᠠᠪᠴᠠᠩ ᠳᠡᠭᠡᠷ᠎ᠡ ᠲᠠᠯᠪᠢᠵᠤ ᠪᠤᠯᠬᠤ ᠦᠬᠡᠢ᠃ ᠡᠮᠦᠨᠡᠬᠢ ᠬᠥᠮᠦᠨ ᠦᠯᠢᠭᠡᠷ ᠠᠪᠴᠤ᠌ ᠪᠠᠷᠠᠭ᠍ᠰᠠᠨ ᠤ᠋ ᠳᠠᠷᠠᠭ᠎ᠠ ᠂ ᠡᠮᠴᠢ ᠰᠤᠪᠢᠯᠠᠭ᠍ᠴᠢ ᠭᠠᠷ ᠢ᠋ᠢᠡᠨ ᠠᠷᠢᠭᠤᠳᠬᠠᠵᠤ ᠦᠯᠢᠬᠡᠷ ᠠᠪᠬᠤ ᠪᠠᠭᠠᠵᠢ ᠢ᠋ᠢ ᠠᠪᠴᠤ ᠭᠠᠷᠭᠠᠭᠰᠠᠨ ᠤ᠋ ᠳᠠᠷᠠᠭ᠎ᠠ ᠦᠯᠢᠭᠡᠷ ᠠᠪᠤᠭᠤᠯᠤᠨ᠎ᠠ᠃ ᠴᠠᠬᠢᠯᠭᠠᠨ ᠱᠠᠲᠤᠨ ᠳ᠋ᠤ ᠰᠠᠭᠤᠬᠤ ᠳ᠋ᠠᠭᠠᠨ᠂ ᠬᠣᠲᠠ ᠢ᠋ᠢᠨ ᠠᠷᠠᠳ ᠪᠡᠶᠡᠳᠡᠭᠡᠨ ᠴᠠᠭᠠᠰᠤ ᠪᠤᠶᠤ ᠱᠢᠳᠦᠨᠦ ᠰᠢᠭᠢᠴᠢᠯᠡᠬᠦᠷ ᠠᠪᠴᠤ᠌ ᠴᠠᠬᠢᠯᠭᠠᠨ ᠱᠠᠲᠤᠨ ᠤ᠋ ᠳᠠᠷᠤᠪᠴᠢ ᠢ᠋ᠢ ᠳᠠᠷᠤᠵᠤ ᠪᠣᠯᠤᠨ᠎ᠠ᠂ ᠡᠨᠡ ᠨᠢ ᠮᠠᠰᠢ ᠴᠢᠬᠤᠯᠠ᠃ ᠬᠡᠷᠪᠡ ᠴᠠᠬᠢᠯᠭᠠᠨ ᠱᠠᠲᠤᠨ ᠳ᠋ᠤ ᠬᠥᠮᠦᠨ ᠨᠡᠯᠢᠶᠡᠳ ᠣᠯᠠᠨ ᠪᠠᠢᠪᠠᠯ ᠣᠯᠠᠨᠢᠶᠠᠷ ᠢ᠋ᠢᠡᠨ ᠠᠯᠢ ᠴᠢᠳᠠᠬᠤᠪᠠᠷ ᠲᠠᠷᠠᠭᠠᠴᠢ ᠢ᠋ᠢᠨ ᠤᠳᠠᠭ᠎ᠠ ᠢ᠋ᠢ ᠬᠦᠯᠢᠶᠡᠬᠦ᠌ ᠬᠡᠷᠡᠭ᠌ᠲᠡᠶ᠂ ᠢᠩᠭᠢᠪᠡᠯ ᠰᠣᠯᠪᠢᠴᠠᠨ ᠬᠠᠯᠳᠠᠪᠤᠷᠢᠯᠠᠬᠤ ᠢ᠋ᠢ ᠪᠠᠭᠠᠰᠭᠠᠵᠤ ᠴᠢᠳᠠᠨ᠎ᠠ ᠭᠡᠮᠡᠨ ᠰᠠᠨᠠᠭᠤᠯᠪᠠ ᠃
ᠸᠠᠩ ᠶᠠᠩ ᠵᠢᠶᠧ᠂ ᠴᠢᠰᠤᠨ ᠳᠠᠷᠤᠯᠲᠠ ᠥᠨᠳᠥᠷ᠂ ᠱᠢᠬᠢᠷ ᠱᠢᠵᠢᠩ ᠡᠪᠡᠳᠴᠢᠨ ᠳ᠋ᠤ ᠨᠡᠷᠪᠡᠭᠳᠡᠭᠰᠡᠨ ᠠᠷᠬᠠᠭ ᠡᠪᠡᠳᠴᠢᠳᠠᠨ᠂ ᠬᠢᠵᠢᠭ ᠤ᠋ᠨ ᠬᠤᠭᠤᠴᠠᠭᠠᠨ ᠳ᠋ᠤ ᠡᠮᠴᠢ ᠢ᠋ᠢᠨ ᠵᠢᠭᠠᠪᠤᠷᠢ ᠶᠣᠰᠣᠭᠠᠷ ᠡᠮ ᠤᠤᠭᠤᠬᠤ ᠢ᠋ᠢ ᠪᠠᠷᠢᠮᠲᠠᠯᠠᠬᠤ ᠬᠡᠷᠡᠭ᠌ᠲᠡᠶ᠂ ᠡᠮ ᠤ᠋ᠨ ᠬᠡᠮᠵᠢᠶᠡᠪᠡᠨ ᠥᠪᠡᠰᠦᠪᠡᠨ ᠲᠣᠬᠢᠷᠠᠭᠤᠯᠵᠤ ᠪᠣᠯᠬᠤ ᠥᠬᠡᠶ᠂ ᠬᠡᠷᠪᠡ ᠡᠮ ᠬᠤᠳᠠᠯᠳᠤᠨ ᠠᠪᠬᠤ ᠴᠢᠬᠤᠯᠠᠲᠠᠶ ᠪᠣᠯ ᠥᠪᠡᠷᠢᠪᠡᠨ ᠬᠠᠮᠠᠭᠠᠯᠠᠬᠤ ᠠᠵᠢᠯᠢ ᠰᠠᠢᠲᠤᠷ ᠬᠢᠭ᠌ᠰᠡᠨ ᠪᠠᠢᠳᠠᠯ ᠳᠤᠤᠷ᠎ᠠ ᠡᠮ ᠤ᠋ᠨ ᠳᠡᠯᠭᠡᠭᠦᠷᠡᠴᠡ ᠬᠤᠳᠠᠯᠳᠤᠨ ᠠᠪᠴᠤ᠌ ᠪᠣᠯᠤᠨ᠎ᠠ᠃ ᠣᠯᠠᠨᠢᠶᠠᠷ ᠢ᠋ᠢᠡᠨ ᠪᠠᠰᠠ ᠲᠠᠭ᠍ᠰᠢᠭᠤᠷ ᠤ᠋ᠨ ᠸᠠᠺᠼᠢᠨ ᠳᠠᠷᠢᠬᠤᠪᠠᠷ ᠲᠠᠮᠵᠢᠨ ᠲᠠᠭ᠍ᠰᠢᠭᠤᠷᠢ ᠰᠡᠷᠭᠡᠢᠯᠡᠵᠦ᠍᠂ 65 ᠨᠠᠰᠤᠨᠠᠴᠠ ᠳᠡᠭᠡᠭ᠌ᠰᠢᠬᠢ ᠨᠠᠰᠤᠲᠠᠢᠴᠤᠳ ᠪᠠᠰᠠ ᠠᠭᠤᠰᠭᠢᠨ ᠦᠷᠪᠢᠰᠦᠯ ᠤ᠋ᠨ ᠸᠠᠺᠼᠢᠨ ᠲᠠᠷᠢᠵᠤ ᠪᠤᠯᠤᠨ᠎ᠠ ᠭᠡᠵᠤ ᠰᠠᠨᠠᠭᠤᠯᠪᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠹᠦ᠋ ᠭᠸᠨ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃