2022-03-15 10:50:38
3 ᠰᠠᠷ᠎ᠠ᠎ᠶ᠋ᠢᠨ14 ᠦ ᠡᠳᠦᠷ ᠹᠦᠳᠠᠨ ᠶᠡᠬᠡ ᠰᠤᠷᠭᠠᠭᠤᠯᠢ ᠶ᠋ᠢᠨ ᠬᠠᠷᠢᠶᠠᠲᠤ ᠬᠤᠸᠠᠱᠠᠨ ᠡᠮᠨᠡᠯᠭᠡ ᠶ᠋ᠢᠨ ᠬᠣᠷᠢᠶᠠᠨ᠎ᠤ ᠬᠠᠯᠳᠠᠪᠤᠷᠢᠲᠤ ᠡᠪᠡᠳᠴᠢᠨ᠎ᠦ ᠰᠠᠯᠠᠭᠠᠨ᠎ᠤ ᠡᠷᠬᠢᠯᠡᠭ᠌ᠴᠢ ᠵᠠᠩ ᠸᠸᠨ ᠬᠣᠩ ᠪᠢᠴᠢᠯ ᠪᠯᠤᠭ ᠲᠠᠭᠠᠨ᠂ ᠳᠠᠷᠠᠭᠠᠴᠢ ᠶ᠋ᠢᠨ ᠬᠢᠵᠢᠭ᠎ᠢ ᠡᠰᠡᠷᠭᠦᠴᠡᠬᠦ᠌ ᠲᠠᠯ᠎ᠠ᠎ᠪᠠᠷ ᠪᠢᠳᠡ ᠲᠣᠳᠣᠷᠬᠠᠶ ᠰᠡᠳᠭᠢᠮᠵᠢ᠎ᠲᠡᠶ ᠪᠠᠢᠬᠤ ᠬᠡᠷᠡᠭ᠌ᠲᠡᠶ᠂ ᠬᠠᠷᠢᠨ ᠦᠨᠳᠦᠰᠦ ᠪᠡᠷ ᠨᠢ ᠠᠷᠢᠯᠭᠠᠬᠤ ᠶᠤᠮ ᠤᠤ ᠨᠢᠭᠡᠮᠦᠰᠦᠨ ᠬᠠᠮᠢᠶᠠᠷᠬᠤ ᠦᠭᠡᠢ ᠶᠤᠮ ᠤᠤ ᠭᠡᠵᠦ᠍ ᠮᠠᠷᠭᠤᠯᠳᠤᠵᠤ ᠪᠣᠯᠬᠤ ᠦᠭᠡᠶ ᠭᠡᠵᠡᠶ᠃
ᠵᠠᠩ ᠸᠸᠨ ᠬᠣᠩ᠂ ᠡᠨᠡ ᠬᠦ᠌ ᠸᠢᠷᠦ᠋ᠰ᠎ᠦᠨ ᠥᠭᠦᠭᠦᠯᠬᠦ ᠨᠣᠷᠮ᠎ᠠ ᠨᠢ ᠨᠢᠭᠡᠨᠲᠡ ᠮᠠᠰᠢ ᠳᠣᠸ᠋ᠷ᠎ᠠ ᠪᠣᠯᠵᠣ᠂ ᠬᠠᠮᠲᠤ᠎ᠶᠢᠨ ᠡᠭᠡᠯᠢᠯᠡᠭᠡ᠎ᠶ᠋ᠢ ᠨᠢᠭᠡᠨᠲᠡ ᠪᠡᠶᠡᠯᠡᠭᠦᠯᠦᠭ᠌ᠰᠡᠨ ᠤᠯᠤᠰ᠎ᠲᠤ ᠲᠤᠰ ᠡᠪᠡᠳᠴᠢᠨ᠎ᠢᠶᠡᠷ ᠥᠭᠦᠬᠦ᠌ ᠨᠣᠷᠮ᠎ᠠ ᠨᠢ ᠨᠢᠭᠡᠨᠲᠡ ᠬᠠᠯᠳᠠᠪᠤᠷᠢᠲᠤ ᠲᠠᠭ᠍ᠰᠢᠭᠤᠷ᠎ᠠᠴᠠ ᠴᠤ᠌ ᠳᠣᠸ᠋ᠷ᠎ᠠ ᠪᠣᠯᠵᠠᠶ᠃ ᠭᠡᠪᠡᠴᠦ᠍ ᠣᠳᠣᠬᠠᠨ᠎ᠳᠤ ᠡᠵᠡᠮᠳᠡᠯ᠎ᠢᠶᠡᠨ ᠳᠠᠷᠤᠢᠬᠠᠨ ᠵᠤᠭᠰᠤᠭᠠᠬᠤ᠎ᠳᠦ ᠬᠦᠷᠪᠡᠯ᠂ ᠪᠤᠭᠤᠨᠢ ᠬᠤᠭᠤᠴᠠᠭᠠᠨ᠎ᠤ ᠳᠣᠲᠣᠷ᠎ᠠ ᠤᠯᠠᠨ ᠬᠦᠮᠦᠨ ᠳ᠋ᠤ ᠬᠠᠯᠳᠠᠪᠤᠷᠢᠯᠠᠬᠤ ᠪᠤᠯᠤᠨ᠎ᠠ᠂ ᠡᠪᠡᠳᠴᠢᠨ᠎ᠢᠶᠡᠷ ᠦᠬᠦᠬᠦᠯᠬᠦ ᠨᠤᠷᠮ᠎ᠠ ᠨᠢ ᠬᠡᠳᠦᠢ ᠳᠤᠤᠷ᠎ᠠ ᠪᠤᠯᠪᠠᠴᠤ ᠢᠩᠭᠢᠬᠦ ᠨᠢ ᠡᠮᠴᠢᠯᠡᠭᠡᠨ᠎ᠦ ᠡᠬᠢ ᠪᠠᠶᠠᠯᠢᠭ᠎ᠢ ᠡᠵᠡᠯᠡᠵᠦ᠂ ᠨᠡᠢᠭᠡᠮ᠎ᠦᠨ ᠠᠮᠢᠳᠤᠷᠠᠯ᠎ᠢ ᠲᠦᠷ ᠴᠠᠭ ᠵᠤᠭᠰᠤᠩᠭᠤᠢᠷᠠᠬᠤ ᠪᠠᠢᠳᠠᠯ ᠳ᠋ᠤ ᠤᠷᠤᠭᠤᠯᠤᠨ᠂ ᠨᠡᠢᠭᠡᠮ ᠪᠠ ᠭᠡᠷ ᠪᠦᠯᠢ᠎ᠳᠦ ᠨᠥᠬᠥᠪᠥᠷᠢᠯᠡᠵᠦ᠍ ᠳᠡᠢᠯᠦᠰᠢ ᠦᠭᠡᠢ ᠬᠤᠬᠢᠷᠠᠯ ᠤᠴᠠᠷᠠᠭᠤᠯᠬᠤ ᠪᠣᠯᠤᠨ᠎ᠠ ᠭᠡᠵᠦ ᠵᠢᠭᠠᠵᠤ ᠭᠠᠷᠭᠠᠵᠠᠢ᠃
ᠣᠳᠣᠬᠠᠨ᠎ᠳᠤ ᠬᠢᠵᠢᠭ᠎ᠦᠨ ᠪᠠᠢᠳᠠᠯ ᠶᠠᠮᠠᠷ ᠱᠠᠲᠤᠨ᠎ᠳᠤ ᠣᠷᠣᠱᠢᠵᠤ ᠪᠠᠢᠬᠤ ᠪᠤᠶ ︖
ᠵᠠᠩ ᠸᠸᠨ ᠬᠤᠩ᠎ᠦᠨ ᠵᠠᠳᠠᠯᠤᠭ᠍ᠰᠠᠨ᠎ᠢᠶᠠᠷ᠂ ᠤᠯᠤᠰ᠎ᠤᠨ ᠳᠣᠲᠣᠭᠠᠳᠤ ᠶ᠋ᠢᠨ ᠡᠨᠡᠬᠦ᠌ ᠬᠢᠵᠢᠭ᠎ᠦᠨ ᠪᠠᠢᠳᠠᠯ ᠨᠢ ᠣᠳᠣᠬᠠᠨ᠎ᠳᠤ ᠵᠢᠭᠠᠯᠲᠠ ᠲᠣᠭ᠎ᠠ ᠶ᠋ᠢᠨ ᠳᠡᠰ ᠳᠡᠭᠡᠭ᠌ᠰᠢᠯᠡᠬᠦ᠌ ᠡᠬᠢᠨ᠎ᠦ ᠱᠠᠲᠤᠨ ᠳ᠋ᠤ ᠤᠷᠤᠰᠢᠵᠤ ᠪᠠᠢᠨ᠎ᠠ᠃ ᠬᠠᠯᠳᠠᠪᠤᠷᠢᠯᠠᠭ᠍ᠰᠠᠨ ᠡᠪᠡᠳᠴᠢᠨ᠎ᠦ ᠵᠢᠱ᠌ᠢᠶ᠎ᠡ᠎ᠶ᠋ᠢᠨ ᠲᠣᠭ᠎ᠠ᠎ᠶ᠋ᠢ ᠬᠢᠨᠠᠨ ᠡᠵᠡᠮᠳᠡᠬᠦ᠌ ᠳᠤᠮᠳᠠ ᠣᠯᠵᠤ ᠮᠡᠳᠡᠭ᠌ᠰᠡᠨ ᠨᠢ᠂ 3 ᠰᠠᠷ᠎ᠠ᠎ᠶ᠋ᠢᠨ 1 ᠦ ᠡᠳᠦᠷ᠎ᠦᠨ ᠡᠳᠦᠷ ᠪᠦᠷᠢᠲᠤ᠌ 119 ᠵᠢᠱ᠌ᠢᠶ᠎ᠡ ᠨᠡᠮᠡᠭᠳᠡᠵᠦ ᠪᠠᠢᠭᠰᠠᠨ᠎ᠡᠴᠡ 3 ᠰᠠᠷ᠎ᠠ᠎ᠶ᠋ᠢᠨ 12 ᠤᠨ ᠡᠳᠦᠷ᠎ᠦᠨ ᠡᠳᠦᠷ ᠲᠤ᠌ 3122 ᠵᠢᠱ᠌ᠢᠶ᠎ᠡ ᠨᠡᠮᠡᠭᠳᠡᠬᠦ ᠬᠦᠷᠲᠡᠯ᠎ᠡ ᠵᠥᠪᠬᠡᠨ 11 ᠡᠳᠦᠷ᠎ᠦᠨ ᠴᠠᠭ ᠬᠡᠷᠡᠭ᠌ᠰᠡᠵᠡᠶ ᠃
ᠸᠢᠷᠦ᠋ᠰ᠎ᠦᠨ ᠬᠣᠣᠷ ᠪᠠᠭᠤᠷᠠᠭ᠍ᠰᠠᠨ ᠤᠤ?
ᠵᠠᠩ ᠸᠸᠨ ᠬᠣᠩ ᠪᠠᠰᠠ ᠵᠢᠭᠠᠵᠤ ᠭᠠᠷᠭᠠᠭ᠍ᠰᠠᠨ ᠨᠢ᠂ ᠸᠢᠷᠦ᠋ᠰ᠎ᠦᠨ ᠬᠣᠸ᠋ᠷ ᠢᠯᠡᠳᠲᠡ ᠪᠠᠭᠤᠷᠠᠵᠠᠢ᠂ ᠱᠢᠶᠠᠩᠭᠠᠩ᠎ᠤᠨ ᠡᠨᠡ ᠬᠦ᠌ ᠡᠭᠡᠯᠵᠢ᠎ᠶ᠋ᠢᠨ ᠬᠢᠵᠢᠭ᠎ᠦᠨ ᠪᠠᠢᠳᠠᠯ᠎ᠢᠶᠠᠷ ᠥᠭᠦᠭ᠌ᠰᠡᠨ ᠡᠪᠡᠳᠴᠢᠨ᠎ᠦ ᠵᠢᠱ᠌ᠢᠶ᠎ᠡ᠎ᠳᠦ ᠨᠠᠰᠤ ᠠᠬᠠᠱᠢᠷᠠᠭ᠍ᠰᠠᠨ ᠨᠢ ᠠᠶᠤᠯ ᠲᠦᠭ᠌ᠰᠢᠭᠦᠷᠢ᠎ᠶᠢ ᠶᠡᠬᠡᠰᠬᠡᠬᠦ ᠬᠦᠴᠦᠨ ᠵᠦᠶ᠋ᠯ ᠪᠣᠯᠤᠭᠰᠠᠨ᠎ᠠᠴᠠ ᠭᠠᠳᠠᠨ᠎ᠠ᠂ ᠣᠯᠠᠩᠬᠢ ᠨᠢ ᠢᠯᠡᠷᠬᠡᠶ ᠬᠠᠭᠤᠴᠢᠨ ᠡᠪᠡᠳᠴᠢᠨ᠎ᠲᠡᠶ ᠪᠠᠢᠭᠰᠠᠨ ᠶᠤᠮ᠃ ᠥᠭᠡᠷᠡᠪᠡᠷᠬᠡᠯᠡᠪᠡᠯ᠂ᠡᠭᠡᠯᠢᠯᠡᠭᠡᠶ᠋ᠢᠨᠠᠵᠢᠯᠯᠠᠭᠠᠨᠢ ᠬᠡᠪ᠎ᠦᠨ᠂ ᠸᠠᠺᠼᠢᠨ᠎ᠤ ᠲᠠᠷᠢᠯᠭ᠎ᠠ ᠬᠢᠭ᠌ᠰᠡᠨ ᠯᠠ ᠶᠤᠮ ᠪᠣᠯ ᠦᠨᠳᠦᠰᠦᠨ᠎ᠳᠡᠭᠡᠨ ᠬᠠᠮᠢᠶ᠎ᠠ ᠥᠬᠡᠶ ᠶᠤᠮ᠃ 《ᠡᠨᠡ ᠬᠦ᠌ ᠸᠢᠷᠦ᠋ᠰ᠎ᠦᠨ ᠬᠤᠪᠢ ᠳ᠋ᠤ᠂ ᠡᠮᠢᠶᠡᠬᠦ ᠦᠭᠡᠢ ᠪᠠᠢᠬᠤ ᠪᠣᠯ ᠪᠢᠳᠡᠨ᠎ᠦ ᠡᠷᠬᠡᠪᠰᠢ ᠠᠯᠬᠤᠬᠤ ᠠᠩᠬᠠᠨ᠎ᠤ ᠠᠯᠬᠤᠮ ᠪᠣᠯᠤᠨ᠎ᠠ》 ᠭᠡᠵᠡᠢ᠃
ᠸᠠᠺᠼᠢᠨ᠎ᠤ ᠲᠠᠷᠢᠯᠭ᠎ᠠ ᠨᠢ ᠬᠡᠷᠡᠭ᠌ᠴᠡᠭᠡ᠎ᠲᠡᠶ ᠤᠤ ?
ᠱᠢᠶᠠᠩᠭᠠᠩ᠎ᠤᠨ ᠲᠣᠭ᠎ᠠ ᠪᠠᠷᠢᠮᠲᠠ᠂ ᠱᠢᠩᠭᠠᠫᠣᠷ ᠪᠣᠯᠤᠨ ᠠᠩᠭᠯᠢ᠎ᠶ᠋ᠢᠨ ᠲᠣᠭ᠎ᠠ ᠪᠠᠷᠢᠮᠲᠠ᠎ᠳᠤ ᠢᠯᠡᠷᠡᠭᠦᠯᠦᠭ᠌ᠰᠡᠨ᠎ᠢᠶᠡᠷ ᠡᠪᠡᠳᠴᠢᠨ ᠬᠦᠨᠳᠦ ᠲᠤᠰᠤᠭᠰᠠᠨ ᠬᠥᠮᠦᠰ᠎ᠦᠨ ᠣᠯᠠᠩᠬᠢ ᠨᠢ ᠴᠥᠮ ᠸᠠᠺᠼᠢᠨ᠎ᠤ ᠲᠠᠷᠢᠯᠭ᠎ᠠ ᠬᠢᠭ᠌ᠰᠡᠨ ᠥᠬᠡᠶ᠃ ᠱᠢᠶᠠᠩᠭᠠᠩ᠎ᠤᠨ ᠡᠨᠡ ᠤᠳᠠᠭᠠᠨ᠎ᠤ ᠬᠢᠵᠢᠭ᠎ᠦᠨ ᠪᠠᠢᠳᠠᠯ᠎ᠢᠶᠠᠷ ᠥᠭᠦᠭ᠌ᠰᠡᠳᠦᠨ 89.4% ᠨᠢ ᠸᠠᠺᠼᠢᠨ᠎ᠤ ᠲᠠᠷᠢᠯᠭ᠎ᠠ ᠬᠢᠭ᠌ᠰᠡᠨ ᠥᠬᠡᠶ ᠪᠤᠶᠤ ᠨᠢᠭᠡ ᠯᠡ ᠵᠡᠭᠦᠦ ᠲᠠᠷᠢᠭᠤᠯᠤᠭᠰᠡᠨ ᠪᠠᠢᠨ᠎ᠠ᠃ 80 ᠨᠠᠰᠤ ᠪᠤᠶᠤ 80 ᠨᠠᠰᠤᠨ᠎ᠠᠴᠠ ᠳᠡᠭᠡᠭ᠌ᠰᠢᠬᠢ ᠥᠭᠦᠭ᠌ᠰᠡᠳᠦᠨ ᠳᠣᠲᠣᠷ᠎ᠠ ᠨᠡᠩ ᠴᠤ᠌ 91.5%᠎ᠶ᠋ᠢᠨ ᠬᠥᠮᠦᠨ ᠲᠠᠷᠢᠯᠭ᠎ᠠ ᠬᠢᠭ᠌ᠰᠡᠨ ᠦᠭᠡᠶ ᠪᠤᠶᠤ ᠨᠢᠭᠡ ᠯᠡ ᠵᠡᠭᠦᠦ ᠲᠠᠷᠢᠭᠤᠯᠤᠭᠰᠠᠨ ᠪᠠᠢᠨ᠎ᠠ᠃ ᠦᠬᠦᠯᠲᠡ ᠶ᠋ᠢᠨ ᠨᠤᠷᠮ᠎ᠠ᠎ᠶ᠋ᠢᠨ ᠵᠠᠳᠠᠯᠤᠯᠲᠠ᠎ᠶ᠋ᠢ ᠦᠨᠳᠦᠰᠦᠯᠡᠪᠡᠯ᠂ ᠨᠢᠭᠡ ᠵᠡᠭᠦᠦ ᠳᠠᠷᠢᠭ᠍ᠰᠠᠨ ᠪᠤᠶᠤ ᠸᠠᠺᠼᠢᠨ ᠳᠠᠷᠢᠭᠤᠯᠤᠭ᠍ᠰᠠᠨ ᠦᠭᠡᠢ ᠬᠥᠮᠦᠰ᠎ᠦᠨ ᠪᠦᠬᠦᠯᠢ ᠴᠣᠭ᠍ᠴᠠ᠎ᠶ᠋ᠢᠨ ᠦᠬᠦᠯᠲᠡ᠎ᠶ᠋ᠢᠨ ᠨᠤᠷᠮ᠎ᠠ ᠨᠢ 2.03% ᠪᠠᠢᠵᠤ᠂ ᠬᠣᠶᠠᠷ ᠵᠡᠭᠦᠦ ᠳᠠᠷᠢᠭ᠍ᠰᠠᠨ ᠬᠥᠮᠦᠰ᠎ᠦᠨ 0.09% ᠲᠠᠢ ᠬᠠᠷᠢᠴᠠᠭᠤᠯᠪᠠᠯ 23 ᠳᠠᠬᠢᠨ ᠶᠡᠬᠡ ᠪᠠᠢᠨ᠎ᠠ᠃
ᠵᠠᠩ ᠸᠸᠨ ᠬᠣᠩ ᠢᠯᠡᠷᠬᠡᠢᠯᠡᠬᠦ᠌᠎ᠳᠡᠭᠡᠨ᠂ ᠮᠠᠨ᠎ᠤ ᠤᠯᠤᠰ᠎ᠤᠨ ᠣᠳᠣᠬᠠᠨ᠎ᠳᠤ ᠥᠨᠳᠥᠷ ᠨᠠᠰᠤᠲᠠᠶ ᠪᠠ ᠬᠠᠭᠤᠴᠢᠨ ᠡᠪᠡᠳᠴᠢᠨ᠎ᠲᠡᠶ ᠬᠥᠮᠦᠰ᠎ᠦᠨ ᠳᠣᠲᠣᠷᠠᠬᠢ ᠨᠡᠯᠢᠶᠡᠳ ᠤᠯᠠᠩᠬᠢ ᠨᠢ ᠸᠠᠺᠼᠢᠨ᠎ᠤ ᠲᠠᠷᠢᠯᠭ᠎ᠠ᠎ᠶ᠋ᠢᠨ ᠭᠠᠵᠢᠭᠤ ᠦᠶ᠋ᠯᠡᠳᠦᠯ᠎ᠡᠴᠡ ᠠᠶᠤᠵᠤ᠂ ᠭᠦᠶ᠋ᠴᠡᠳ ᠳᠠᠷᠢᠭᠠᠳᠤᠶ᠃ ᠡᠢᠮᠦ ᠡᠴᠡ ᠬᠡᠷᠪᠡ ᠨᠡᠢᠳᠡᠮ ᠬᠠᠯᠳᠠᠪᠤᠷᠢᠯᠠᠬᠤ᠎ᠳᠤ ᠭᠦᠷᠪᠡᠯ ᠦᠷ᠎ᠡ ᠳ᠋ᠦᠩ᠎ᠢ ᠨᠢ ᠲᠥᠰᠦᠭᠡᠯᠡᠬᠦ᠌᠎ᠶ᠋ᠢᠨ ᠠᠷᠭ᠎ᠠ ᠥᠬᠡᠶ ᠪᠣᠯᠤᠨ᠎ᠠ᠃ ᠲᠠᠷᠠᠭᠠᠴᠢ᠎ᠶ᠋ᠢᠨ ᠱᠠᠲᠤᠨ᠎ᠳᠤ ᠪᠢᠳᠡ ᠬᠡᠷᠬᠢᠪᠡᠴᠦ᠍ ᠡᠨᠡ ᠪᠦᠯᠦᠭ ᠬᠥᠮᠦᠰ᠎ᠢ ᠰᠠᠢᠲᠤᠷ ᠬᠠᠮᠠᠭᠠᠯᠠᠬᠤ ᠬᠡᠷᠡᠭ᠌ᠲᠡᠶ ᠭᠡᠵᠡᠶ ᠃
ᠨᠡᠢᠭᠡᠮ ᠳᠡᠭᠡᠷᠡᠬᠢ ᠬᠠᠯᠳᠠᠪᠤᠷᠢᠯᠠᠯ᠎ᠢ ᠪᠦᠷᠢᠮᠦᠰᠦᠨ ᠴᠡᠪᠡᠷᠯᠡᠬᠦ ᠴᠢᠬᠤᠯᠠᠲᠠᠶ ᠤᠤ ᠦᠬᠡᠢ ᠤᠤ?
ᠮᠠᠨ᠎ᠤ ᠤᠯᠤᠰ᠎ᠤᠨ ᠠᠪᠴᠤ᠌ ᠪᠠᠢᠭ᠎ᠠ ᠨᠡᠢᠭᠡᠮ ᠳᠡᠭᠡᠷᠡᠬᠢ ᠬᠠᠯᠳᠠᠪᠤᠷᠢᠯᠠᠯ᠎ᠢ ᠪᠦᠷᠢᠮᠦᠰᠦᠨ ᠴᠡᠪᠡᠷᠯᠡᠬᠦ ᠠᠷᠭ᠎ᠠ ᠪᠣᠳᠣᠯᠭ᠎ᠠ ᠶ᠋ᠢᠨ ᠲᠤᠬᠠᠶ ᠵᠠᠩ ᠸᠸᠨ ᠬᠤᠩ᠎ᠤᠨ ᠦᠵᠡᠬᠦ᠌᠎ᠪᠡᠷ᠂ ᠮᠠᠰᠢ ᠲᠦᠷᠭᠡᠨ ᠳᠡᠯᠭᠡᠷᠡᠵᠦ᠍ ᠪᠠᠢᠭ᠎ᠠ ᠤᠮᠢᠺᠷᠤᠨᠤ ᠲᠠᠪᠤᠳᠤᠭᠠᠷ ᠡᠭᠡᠯᠵᠢ ᠶᠢᠨ ᠬᠢᠵᠢᠭ᠎ᠦᠨ ᠪᠠᠢᠳᠠᠯ ᠢ ᠪᠦᠷᠢᠮᠦᠰᠦᠨ ᠡᠵᠡᠮᠳᠡᠵᠦ᠍ ᠪᠣᠯᠬᠤ ᠬᠡᠮᠵᠢᠶᠡᠨ᠎ᠳᠦ ᠳᠠᠷᠤᠬᠤ ᠪᠣᠯ ᠲᠤᠢᠯ᠎ᠤᠨ ᠴᠢᠬᠤᠯᠠ ᠶᠤᠮ᠃
ᠣᠢᠷ᠎ᠠ᠎ᠶ᠋ᠢᠨ ᠬᠤᠭᠤᠴᠠᠭᠠᠨ᠎ᠳᠤ ᠪᠦᠬᠦ᠌ ᠤᠯᠤᠰ᠎ᠤᠨ ᠡᠯ᠎ᠡ ᠭᠠᠵᠠᠷ᠎ᠤᠨ ᠬᠢᠵᠢᠭ᠎ᠦᠨ ᠪᠠᠢᠳᠠᠯ ᠢ ᠠᠷᠭᠠᠴᠠᠭᠠᠭ᠍ᠰᠠᠨ ᠪᠠᠢᠳᠠᠯ ᠡᠴᠠ ᠦᠵᠡᠪᠡᠯ᠂ ᠰᠡᠳᠭᠢᠴᠡ᠎ᠶ᠋ᠢᠨ ᠲᠠᠯ᠎ᠠ᠎ᠪᠠᠷ ᠴᠤ᠌ ᠲᠡᠷᠡ᠂ ᠨᠡᠢᠭᠡᠮ᠎ᠦᠨ ᠡᠬᠢ ᠪᠠᠶᠠᠯᠢᠭ᠎ᠤᠨ ᠲᠣᠬᠢᠷᠠᠭᠤᠯᠤᠯᠲᠠ᠎ᠶ᠋ᠢᠨ ᠲᠠᠯ᠎ᠠ᠎ᠪᠠᠷ ᠴᠤ᠌ ᠲᠡᠷᠡ᠂ ᠦᠯᠡᠮᠵᠢ ᠣᠯᠠᠨ ᠡᠪᠡᠳᠴᠢᠨ᠎ᠦ ᠵᠢᠱ᠌ᠢᠶ᠎ᠡ᠎ᠶ᠋ᠢ ᠬᠠᠮᠲᠤᠳᠤᠨᠢ ᠱᠢᠶ᠋ᠳᠪᠦᠷᠢᠯᠡᠬᠦ᠌ ᠪᠡᠯᠡᠳᠭᠡᠯ ᠬᠢᠭᠡ ᠦᠭᠡᠶ ᠪᠠᠢᠭᠰᠠᠭᠠᠷ᠃ ᠣᠳᠣᠬᠠᠨ᠎ᠳᠤ ᠪᠦᠬᠦ᠌ ᠲᠠᠯ᠎ᠠ᠎ᠪᠠᠷ ᠡᠵᠡᠮᠳᠡᠯ᠎ᠢᠶᠡᠨ ᠰᠤᠯᠠᠷᠠᠭᠤᠯᠪᠠᠯ ᠡᠮ ᠡᠮᠨᠡᠯᠭᠡ᠎ᠶ᠋ᠢᠨ ᠡᠬᠢ ᠪᠠᠶᠠᠯᠢᠭ᠎ᠢ ᠲᠤᠯᠭᠠᠮᠳᠠᠭᠤᠯᠬᠤ ᠶᠠᠪᠤᠳᠠᠯ ᠭᠠᠷᠴᠤ᠌᠂ ᠵᠢᠱ᠌ᠢᠬᠦᠶ᠎ᠡ ᠪᠡᠷᠬᠡ ᠦᠬᠦᠯᠲᠡ ᠭᠠᠷᠴᠤ ᠮᠡᠳᠡᠨ᠎ᠡ ᠭᠡᠵᠦ ᠲᠡᠷᠡ ᠴᠢᠬᠤᠯᠠᠴᠢᠯᠠᠵᠠᠢ᠃
《ᠭᠡᠪᠡᠴᠦ᠍ ᠡᠨᠡ ᠨᠢ ᠬᠤᠳᠠ᠎ᠶ᠋ᠢ ᠪᠢᠲᠡᠭᠦᠮᠵᠢᠯᠡᠬᠦ᠌ ᠪᠠ ᠪᠦᠬᠦ᠌ ᠲᠠᠯ᠎ᠠ᠎ᠪᠠᠷ ᠪᠠᠢᠴᠠᠭᠠᠬᠤ ᠠᠷᠭ᠎ᠠ ᠪᠤᠳᠤᠯᠭ᠎ᠠ᠎ᠶ᠋ᠢ ᠤᠳᠠᠭᠠᠨ ᠳᠠᠭᠠᠭᠠᠮᠠᠭᠠᠶ᠎ᠪᠠᠷ ᠬᠡᠷᠡᠭ᠌ᠯᠡᠨ᠎ᠡ ᠭᠡᠰᠡᠨ ᠬᠡᠷᠡᠭ ᠪᠢᠰᠢ ᠶᠤᠮ》 ᠭᠡᠰᠡᠨ᠎ᠢᠶᠡᠨ ᠵᠠᠩ ᠸᠸᠨ ᠬᠤᠩ᠂ ᠤᠳᠠᠭᠠᠨ ᠳᠠᠭᠠᠭᠠᠮᠠᠭᠠᠶ ᠬᠡᠷᠡᠭᠵᠢᠭᠦᠯᠬᠦ ᠵᠦᠢᠯ ᠪᠣᠯ ᠯᠠᠪᠲᠠᠶ ᠡᠶᠡᠪᠡᠷᠭᠦᠦ ᠪᠥᠭᠡᠳ ᠦᠷᠭᠦᠯᠵᠢᠯᠡᠬᠦᠢᠴᠡ ᠶᠤᠮ᠃ ᠪᠢᠳᠡ ᠡᠨᠡ ᠤᠳᠠᠭ᠎ᠠ᠎ᠶ᠋ᠢᠨ ᠨᠡᠢᠭᠡᠮ ᠳᠡᠭᠡᠷᠡᠬᠢ ᠬᠠᠯᠳᠠᠪᠤᠷᠢᠯᠠᠯ᠎ᠢ ᠪᠦᠷᠢᠮᠦᠰᠦᠨ ᠴᠡᠪᠡᠷᠯᠡᠬᠦ ᠡᠴᠡ ᠪᠣᠯᠤᠭ᠍ᠰᠠᠨ ᠣᠯᠳᠠᠬᠤᠶ᠎ᠠ ᠪᠡᠷᠬᠡ ᠠᠵᠠ ᠲᠣᠬᠢᠶᠠᠯ᠎ᠤᠨ ᠬᠤᠭᠤᠴᠠᠭ᠎ᠠ᠎ᠶ᠋ᠢ ᠠᠱᠢᠭ᠍ᠯᠠᠵᠤ᠂ ᠨᠡᠩ ᠪᠦᠷᠢᠨ ᠲᠡᠭᠦᠯᠳᠡᠷ᠂ ᠤᠬᠠᠭᠠᠯᠢᠭ᠂ ᠦᠷᠭᠦᠯᠵᠢᠯᠡᠬᠦᠢᠴᠡ ᠠᠷᠭ᠎ᠠ ᠪᠣᠳᠣᠯᠭ᠎ᠠ᠎ᠶ᠋ᠢ ᠲᠤᠭᠲᠠᠭᠠᠬᠤ ᠬᠡᠷᠡᠭᠲᠡᠢ᠂ ᠲᠤᠬᠠᠢᠯᠠᠪᠠᠯ᠄ ᠨᠠᠰᠤᠲᠠᠢᠴᠤᠳ᠎ᠲᠤ ᠨᠡᠢᠳᠡᠮ ᠭᠤᠷᠪᠠᠳᠤᠭᠠᠷ ᠸᠠᠺᠼᠢᠨ ᠳᠠᠷᠢᠬᠤ᠂ ᠵᠢᠴᠢ ᠨᠡᠩ ᠰᠠᠢᠨ ᠸᠠᠺᠼᠢᠨ ᠪᠣᠯᠤᠨ ᠸᠠᠺᠼᠢᠨ᠎ᠤ ᠲᠠᠷᠢᠯᠭ᠎ᠠ᠎ᠶ᠋ᠢᠨ ᠠᠷᠭ᠎ᠠ ᠪᠣᠳᠣᠯᠭ᠎ᠠ ᠭᠠᠷᠭᠠᠬᠤ᠂ ᠥᠷᠭᠡᠨ᠎ᠢᠶᠡᠷ ᠬᠠᠩᠭᠠᠵᠤ ᠪᠣᠯᠬᠤ ᠤᠤᠭᠤᠬᠤ ᠡᠮ᠂ ᠥᠷᠭᠡᠨ᠎ᠢᠶᠡᠷ ᠬᠠᠩᠭᠠᠵᠤ ᠳᠡᠢᠯᠬᠦ᠌ ᠭᠡᠷ ᠪᠦᠯᠢ᠎ᠶ᠋ᠢᠨ ᠪᠠᠢᠴᠠᠭᠠᠨ ᠱᠢᠯᠭᠠᠬᠤ ᠲᠤᠷᠱᠢᠯᠲᠠ᠎ᠶ᠋ᠢᠨ ᠡᠮ᠂ ᠪᠦᠲᠦᠮᠵᠢᠲᠡᠢ ᠪᠣᠯᠪᠠᠰᠤᠷᠠᠯ ᠪᠠ ᠰᠣᠷᠢᠯᠲᠠ ᠬᠦᠷᠲᠡᠵᠦ ᠳᠡᠢᠯᠬᠦ ᠳᠡᠰ ᠬᠤᠪᠢᠶᠠᠨ ᠡᠮᠨᠡᠬᠦ᠌ ᠠᠷᠭ᠎ᠠ ᠪᠤᠳᠤᠯᠭ᠎ᠠ᠂ ᠢᠷᠡᠭᠡᠳᠦᠢ ᠳ᠋ᠤ ᠭᠡᠷ ᠪᠦᠯᠢᠳ᠋ᠤᠨᠢ ᠲᠤᠰᠠᠭᠠᠷᠯᠠᠬᠤ ᠶᠠᠪᠤᠴᠠ᠂ ᠳᠠᠷᠠᠭ᠎ᠠ ᠤᠳᠠᠭ᠎ᠠ ᠨᠡᠩ ᠶᠡᠬᠡ ᠬᠡᠪᠴᠢᠢ᠎ᠡ᠎ᠪᠡᠷ ᠲᠤᠬᠠᠢ᠎ᠶᠢᠨ ᠭᠠᠵᠠᠷ᠎ᠤᠨ ᠬᠢᠵᠢᠭᠳᠡᠯᠭᠡᠷᠡᠬᠦ ᠪᠠᠢᠳᠠᠯ ᠳ᠋ᠤ ᠪᠦᠷᠢᠨ ᠪᠦᠲᠦᠨ ᠰᠡᠷᠭᠡᠢᠯᠡᠨ ᠡᠵᠡᠮᠳᠡᠬᠦ᠌ ᠱᠢᠰᠲᠸᠮ ᠪᠠ ᠭᠦᠢᠴᠡᠳ ᠡᠮᠴᠢᠯᠡᠭᠡᠨ᠎ᠦ ᠡᠬᠢ ᠪᠠᠶᠠᠯᠢᠭ᠎ᠤᠨ ᠪᠡᠯᠡᠳᠭᠡᠯ ᠬᠠᠩᠭᠠᠬᠤ ᠵᠡᠷᠭᠡ ᠪᠣᠯᠤᠨ᠎ᠠ᠃
《ᠡᠨᠡ ᠤᠳᠠᠭᠠᠨ᠎ᠤ ᠬᠢᠵᠢᠭ ᠮᠠᠰᠢ ᠰᠤᠴᠢᠮᠠᠭ ᠢᠷᠡᠭᠰᠡᠨ ᠴᠤ᠌ ᠡᠪᠦᠯ ᠦᠩᠭᠡᠷᠡᠭᠡᠳᠦᠢ ᠭᠡᠰᠡᠨ ᠤᠴᠢᠷ ᠪᠢᠰᠢ᠂ ᠬᠠᠷᠢᠨ ᠬᠠᠪᠤᠷ ᠴᠠᠭ᠎ᠢᠶᠡᠷ ᠬᠤᠢᠰᠠᠭᠠᠨᠠᠨ ᠬᠦᠢᠲᠡᠷᠡᠯᠡ ᠭᠡᠵᠦ ᠦᠵᠡᠵᠦ ᠪᠤᠯᠤᠨ᠎ᠠ᠃ ᠡᠭᠦᠨ᠎ᠢ ᠪᠢᠳᠡ ᠲᠤᠳᠤ ᠮᠡᠳᠡᠴᠢᠬᠡᠪᠡᠯ᠂ ᠬᠠᠪᠤᠷ ᠯᠠᠪᠲᠠᠢ ᠢᠷᠡᠬᠦ᠎ᠶᠢ ᠮᠡᠳᠡᠭᠰᠡᠭᠡᠷ ᠪᠠᠢᠵᠤ ᠶᠠᠭᠤᠨ ᠡᠴᠡ ᠠᠶᠤᠬᠤ ᠪᠤᠢ︖》 ᠭᠡᠵᠦ ᠵᠠᠩ ᠸᠧᠨ ᠬᠤᠩ ᠪᠢᠴᠢᠯ ᠪᠯᠤᠭ ᠲᠠᠭᠠᠨ ᠪᠢᠴᠢᠵᠡᠢ᠃
ᠢᠷᠡᠯᠲᠡ᠄ ᠠᠷᠠᠳ᠎ᠤᠨ ᠰᠦᠯᠵᠢᠶ᠎ᠡ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠹᠦ᠋ ᠭᠸᠨ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃