2022-03-21 17:42:59
ᠣᠢᠷ᠎ᠠ᠎ᠳᠤ᠂ ᠬᠠᠮᠠᠭᠠᠯᠠᠯᠲᠠ ᠶ᠋ᠢᠨ ᠬᠤᠪᠴᠠᠰᠤ ᠡᠮᠦᠰᠦᠭ᠌ᠰᠡᠨ ᠬᠥᠬᠡᠬᠣᠲᠠ᠎ᠶ᠋ᠢᠨ ᠨᠢᠭᠡᠨ ᠰᠤᠪᠢᠯᠠᠭ᠍ᠴᠢ᠎ᠶ᠋ᠢᠨ ᠪᠥᠵᠢᠭᠯᠡᠵᠦ᠍ ᠪᠠᠢᠭ᠎ᠠ ᠸᠢᠳᠢᠤ᠋ ᠰᠦᠯᠵᠢᠶᠡᠨ ᠳᠡᠭᠡᠷ᠎ᠡ ᠥᠷᠭᠡᠨ ᠵᠢᠡᠷ ᠰᠠᠴᠤᠬᠳᠠᠵᠤ᠂ ᠰᠦᠯᠵᠢᠶᠡᠨ ᠨᠠᠢᠵᠠ ᠨᠠᠷ ᠤᠨ ᠳᠤᠮᠳᠠ ᠬᠠᠯᠠᠭᠤᠨ ᠶᠠᠷᠢᠯᠴᠠᠭ᠎ᠠ ᠪᠣᠯᠪᠠ᠃ ᠸᠢᠳᠢᠤ᠋ ᠪᠢᠴᠢᠯᠭᠡ ᠳ᠋ᠤ᠂ ᠲᠡᠷᠡ ᠰᠤᠪᠢᠯᠠᠭ᠍ᠴᠢ ᠤᠶᠠᠨ ᠵᠥᠭᠡᠯᠡᠨ ᠬᠥᠭ᠌ᠵᠢᠮ ᠦᠨ ᠠᠶ᠎ᠠ ᠵᠢ ᠲᠠᠭᠠᠨ ᠠᠶᠠᠲᠠᠢᠬᠠᠨ ᠪᠦᠵᠢᠭ᠌ᠯᠡᠨ᠎ᠡ᠃ ᠡᠭᠦᠨ ᠢ ᠬᠠᠮᠲᠤ ᠠᠵᠢᠯᠲᠠᠨ ᠨᠢ ᠰᠦᠯᠵᠢᠶᠡᠨ ᠳᠡᠭᠡᠷ᠎ᠡ ᠨᠡᠢᠲᠡᠯᠡᠭ᠌ᠰᠡᠨ ᠡᠴᠡ ᠭᠱᠠᠨ ᠵᠠᠭᠤᠷ᠎ᠠ ᠪᠥᠬᠥ᠌ ᠤᠯᠤᠰ᠎ᠤᠨ ᠡᠯ᠎ᠡ ᠭᠠᠵᠠᠷ᠎ᠤᠨ ᠰᠦᠯᠵᠢᠶᠡᠨ ᠨᠠᠢᠵᠠ ᠨᠠᠷ ᠤᠨ ᠠᠩᠬᠠᠷᠤᠯ ᠢ ᠲᠠᠲᠠᠭ᠍ᠰᠠᠨ ᠪᠠᠢᠨ᠎ᠠ᠃
2 ᠰᠠᠷ᠎ᠠ ᠶ᠋ᠢᠨ 26 ᠦ ᠡᠳᠦᠷ᠂ ᠰᠤᠷᠪᠣᠯᠵᠢᠯᠠᠭ᠍ᠴᠢ ᠲᠤᠰ ᠰᠤᠪᠢᠯᠠᠬᠴᠢ ᠲᠠᠢ ᠬᠠᠷᠢᠯᠴᠠᠵᠤ ᠨᠠᠷᠢᠨ ᠪᠠᠢᠳᠠᠯ ᠢ ᠣᠢᠯᠠᠭᠠᠯ᠎ᠠ᠃ ᠲᠡᠷᠡ ᠪᠣᠯ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠡᠮᠨᠡᠯᠭᠡ᠎ᠶ᠋ᠢᠨ ᠬᠣᠷᠢᠶ᠎ᠠ ᠵᠢᠨ ᠴᠢᠩᠭᠢᠰ ᠬᠠᠭᠠᠨ ᠨᠡᠢᠭᠡᠮ ᠲᠣᠭᠣᠷᠢᠭ᠎ᠤᠨ ᠬᠤᠪᠢᠶᠠᠷᠢ ᠬᠣᠷᠢᠶᠠᠨ᠎ᠤ ᠰᠤᠪᠢᠯᠠᠭ᠍ᠴᠢ ᠹᠸᠩ ᠱᠢᠶᠤᠤ ᠬᠣᠩ ᠪᠤᠯᠤᠨ᠎ᠠ᠂ ᠡᠨᠡ ᠵᠢᠯ 45 ᠨᠠᠰᠤᠲᠠᠢ᠃ ᠬᠢᠵᠢᠭ ᠦᠨ ᠪᠠᠢᠳᠠᠯ ᠭᠠᠷᠤᠭ᠍ᠰᠠᠨ᠎ᠠᠴᠠ ᠨᠠᠭᠠᠰᠢ᠂ ᠹᠸᠩ ᠱᠢᠶᠤᠤ ᠬᠣᠩ ᠱᠢᠨ᠎ᠡ ᠬᠤᠳᠠ ᠲᠣᠭᠣᠷᠢᠭ᠎ᠤᠨ ᠴᠢᠩᠭᠢᠰ ᠬᠠᠭᠠᠨ ᠵᠡᠭᠡᠯᠢ ᠭᠤᠳᠤᠮᠵᠢ᠎ᠶ᠋ᠢᠨ ᠲᠡᠮᠦᠷ ᠵᠠᠮ ᠰᠠᠭᠤᠭᠠᠯᠢ ᠠᠷᠠᠳ᠎ᠤᠨ ᠲᠣᠭᠣᠷᠢᠭ᠎ᠤᠨ ᠨᠡᠢᠭᠡᠮ ᠲᠣᠭᠣᠷᠢᠭ᠎ᠲᠤ ᠪᠥᠭᠡᠮ ᠬᠦᠴᠢᠯ᠎ᠦᠨ ᠪᠠᠢᠴᠠᠭᠠᠯᠲᠠ᠎ᠶ᠋ᠢᠨ ᠠᠵᠢᠯ ᠢ ᠬᠠᠷᠢᠭᠤᠴᠠᠭ᠍ᠰᠠᠭᠠᠷ ᠢᠷᠡᠵᠡᠢ᠃ ᠲᠡᠷᠡ ᠡᠳᠦᠷ ᠪᠦᠷᠢ ᠥᠷᠯᠥᠭᠡ᠎ᠶ᠋ᠢᠨ 4 ᠴᠠᠭ ᠬᠠᠭᠠᠰ ᠲᠤ ᠪᠣᠰᠴᠤ᠌᠂ ᠤᠷᠤᠢ ᠶ᠋ᠢᠨ 7 ᠴᠠᠭ ᠲᠤ ᠰᠠᠶᠢ ᠠᠵᠢᠯ ᠢᠶᠠᠨ ᠳᠠᠭᠤᠰᠭᠠᠵᠤ᠂ ᠬᠦᠢᠳᠡᠨ ᠰᠠᠯᠬᠢᠨ ᠰᠦᠷᠴᠤ ᠡᠳᠦᠷ ᠲᠤᠵᠢ ᠠᠵᠢᠯᠯᠠᠳᠠᠭ ᠪᠠᠢᠯ᠎ᠠ᠃
ᠹᠧᠩ ᠱᠢᠶᠣᠤ ᠬᠣᠩ ᠤᠨ ᠬᠡᠯᠡᠭᠦ ᠪᠡᠷ᠂ 2 ᠰᠠᠷ᠎ᠠ᠎ᠶ᠋ᠢᠨ 21 ᠦ ᠡᠳᠦᠷ᠂ ᠭᠡᠳᠡᠰᠦ ᠨᠢ ᠡᠪᠡᠳᠴᠦ᠍ ᠪᠠᠢᠬᠰᠠᠨ ᠲᠡᠭᠡᠷ᠎ᠡ ᠨᠢ ᠠᠭᠤᠷ ᠠᠮᠢᠰᠭᠤᠯ ᠮᠠᠰᠢ ᠬᠦᠢᠳᠡᠡ ᠪᠠᠢᠵᠤ᠂ 1800 ᠭᠠᠷᠤᠢ ᠰᠠᠭᠤᠭᠠᠯᠢ ᠠᠷᠠᠳ᠎ᠲᠤ ᠪᠥᠭᠡᠮ ᠬᠦᠴᠢᠯ᠎ᠦᠨ ᠦᠯᠢᠭᠡᠷ ᠠᠪᠴᠤ᠌ ᠪᠠᠷᠠᠭᠠᠳ ᠵᠢᠭᠠᠬᠠᠨ ᠠᠮᠠᠷᠠᠬᠤ ᠵᠠᠪᠱᠢᠶᠠᠨ ᠳ᠋ᠠᠭᠠᠨ ᠬᠥᠳᠡᠯᠭᠡᠭᠡᠨ ᠬᠢᠵᠦ᠍ ᠪᠡᠶ᠎ᠡ ᠪᠡᠨ ᠳᠤᠯᠠᠭᠠᠯᠠᠬᠤ ᠪᠡᠷ ᠪᠦᠵᠢᠭ ᠪᠦᠵᠢᠭ᠌ᠯᠡᠭᠰᠡᠨ ᠬᠡᠨ᠎ᠡ᠃ ᠬᠠᠮᠲᠤ ᠠᠵᠢᠯᠲᠠᠨ ᠨᠢ ᠲᠡᠭᠦᠨ ᠦ ᠪᠦᠵᠢᠭ᠌ ᠢ ᠰᠣᠨᠢᠷᠬᠠᠬᠤ ᠶ᠋ᠢᠨ ᠬᠠᠮᠲᠤ ᠸᠢᠳᠢᠤ᠋ ᠱᠢᠩᠭᠡᠭᠡᠳ ᠰᠦᠯᠵᠢᠶᠡᠨ ᠲᠡᠭᠡᠷ᠎ᠡ ᠨᠡᠢᠲᠡᠯᠡᠵᠡᠢ᠃ ᠸᠢᠳᠢᠤ᠋ ᠪᠢᠴᠢᠯᠭᠡ ᠨᠢ ᠰᠦᠯᠵᠢᠶᠡᠨ ᠳᠡᠭᠡᠷ᠎ᠡ ᠨᠡᠷ᠎ᠡ ᠭᠠᠷᠤᠭ᠍ᠰᠠᠨ ᠨᠢ ᠲᠡᠭᠦᠨ ᠤ ᠰᠠᠨᠠᠭᠠᠨ᠎ᠠᠴᠠ ᠭᠠᠳᠠᠭᠤᠷ ᠪᠠᠢᠪᠠ᠃ 《ᠪᠢ ᠬᠠᠷᠠᠬᠠᠨ ᠪᠠᠭ᠎ᠠ᠎ᠠᠴᠠ᠎ᠪᠠᠨ ᠪᠥᠵᠢᠭᠲᠦ ᠳᠤᠷ᠎ᠠ ᠪᠠᠬᠠᠲᠠᠢ᠂ ᠬᠡᠵᠢᠶᠡᠳᠡ ᠳᠠᠭᠤᠤ ᠳᠠᠭᠤᠯᠠᠵᠤ᠂ ᠪᠦᠵᠢᠭ ᠪᠦᠵᠢᠭ᠌ᠯᠡᠨ ᠳᠠᠷᠤᠭᠠᠰᠤ ᠪᠠᠨ ᠬᠥᠩᠭᠡᠷᠡᠭᠦᠯᠳᠡᠭ᠃ ᠡᠮᠴᠢ ᠰᠤᠪᠢᠯᠠᠭ᠍ᠴᠢ ᠪᠣᠯᠤᠭ᠍ᠰᠠᠨ᠎ᠤ ᠬᠤᠪᠢ ᠳᠤ ᠬᠢᠵᠢᠭ᠎ᠦᠨ ᠪᠠᠢᠳᠠᠯ ᠢ ᠰᠡᠷᠭᠡᠢᠯᠡᠨ ᠡᠵᠡᠮᠳᠡᠬᠦ᠌ ᠡᠮᠦᠨ᠎ᠡ ᠹᠷᠣᠨᠲ ᠲᠤ ᠲᠡᠮᠡᠴᠡᠬᠦ᠌ ᠪᠣᠯ ᠮᠢᠨᠦ ᠵᠠᠢᠯᠠᠭᠤᠯᠵᠤ ᠪᠣᠯᠤᠰᠢ ᠦᠭᠡᠢ ᠬᠠᠷᠢᠭᠤᠴᠠᠯᠭ᠎ᠠ ᠮᠥᠨ》 ᠭᠡᠵᠦ᠍ ᠹᠧᠩ ᠱᠢᠶᠣᠤ ᠬᠣᠩ ᠬᠡᠯᠡᠨ᠎ᠡ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠹᠦ᠋ ᠭᠸᠨ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃