2022-03-21 17:34:14
ᠣᠯᠠᠩᠬᠢ ᠬᠦᠮᠦᠰ ᠪᠥᠭᠡᠮ ᠬᠦᠴᠢᠯᠦᠨ ᠪᠠᠢᠴᠠᠭᠠᠯᠲᠠ ᠨᠢ ᠶᠠᠭ ᠴᠢᠰᠦ ᠪᠠᠢᠴᠠᠭᠠᠬᠤ ᠰᠢᠬ ᠦᠯᠢᠭᠡᠷ ᠠᠪᠬᠤ᠂ ᠬᠡᠮᠵᠢᠭᠦᠷᠯᠢᠭ ᠳᠡᠭᠡᠷᠡ ᠲᠠᠯᠪᠢᠵᠤ ᠪᠠᠢᠴᠠᠭᠠᠮᠠᠭᠴᠠ ᠤᠳᠠᠯ ᠦᠭᠡᠢ ᠦᠷᠡ ᠳ᠋ᠦᠩ ᠨᠢ ᠭᠠᠷᠴᠢᠬᠠᠳᠠᠭ ᠭᠡᠵᠤ ᠪᠤᠳᠤᠳᠠᠭ᠃ ᠬᠠᠷᠢᠨ ᠵᠢᠩᠬᠢᠨᠢ ᠪᠥᠭᠡᠮ ᠬᠦᠴᠢᠯᠦᠨ ᠪᠠᠢᠴᠠᠭᠠᠯᠲᠠ ᠨᠢ ᠲᠠᠨᠤ ᠪᠤᠳᠤᠭᠰᠠᠨ ᠮᠡᠳᠦ ᠲᠡᠢᠮᠦ ᠬᠢᠯᠪᠠᠷ ᠪᠢᠰᠢ ᠪᠠᠢᠵᠤ᠂ ᠤᠯᠠᠨ ᠠᠯᠬᠤᠮ ᠶᠠᠪᠤᠴᠠ ᠲᠠᠮᠵᠢᠳᠠᠭ ᠭᠡᠳᠡᠭᠢ ᠲᠤᠰᠭᠠᠶ ᠮᠡᠷᠭᠡᠵᠢᠯᠲᠡᠳ ᠡᠴᠡ ᠡᠢᠨ ᠬᠦ᠌ ᠬᠠᠷᠢᠭᠤᠯᠵᠠᠢ᠃
1. ᠲᠣᠭ᠍ᠲᠠᠭ᠍ᠰᠠᠨ ᠭᠠᠵᠠᠷᠠᠴᠠ ᠦᠯᠢᠭᠡᠷ ᠠᠪᠬᠤ᠃ ᠶᠡᠷᠦ ᠳᠡᠭᠡᠨ ᠲᠣᠭ᠍ᠲᠠᠭ᠍ᠰᠠᠨ ᠭᠠᠵᠠᠷᠲᠤ ᠣᠴᠢᠵᠤ ᠪᠥᠭᠡᠮ ᠬᠦᠴᠢᠯᠦᠨ ᠦᠯᠢᠭᠡᠷ ᠠᠪᠤᠨᠠ᠃
2.ᠥᠯᠢᠭᠡᠷ ᠡᠳ᠋ ᠢ ᠨᠢᠭᠡᠳᠦᠯᠲᠡᠶ ᠬᠦᠷᠭᠡᠵᠤ᠂ ᠣᠨᠴᠠᠭᠠᠶ ᠲᠤᠷᠱᠢᠯᠲᠠ ᠶ᠋ᠢᠨ ᠲᠠᠰᠤᠭ ᠲᠦ᠍ ᠪᠠᠢᠴᠠᠭᠠᠨᠠ᠃ ᠶᠡᠷᠦᠳᠡᠭᠡᠨ ᠦᠯᠢᠭᠡᠷ ᠠᠪᠬᠤ ᠴᠡᠭ ᠪᠣᠯᠤᠨ ᠪᠠᠢᠴᠠᠭᠠᠬᠤ ᠴᠡᠭ ᠨᠢ ᠨᠢᠭᠡ ᠭᠠᠵᠠᠷ ᠪᠢᠰᠢ ᠪᠣᠯᠬᠤᠷ ᠡᠨᠳᠡ ᠵᠢᠭᠠᠬᠠᠨ ᠴᠠᠭ ᠰᠠᠭᠠᠳᠠᠬᠤ ᠤᠴᠢᠷᠳᠠᠢ᠃ ᠪᠥᠭᠡᠮ ᠬᠦᠴᠢᠯ ᠢ ᠪᠠᠢᠴᠠᠭᠠᠬᠤ ᠪᠣᠯ ᠲᠤᠢᠯᠤᠨ ᠬᠤᠷᠴᠠ ᠰᠡᠷᠭᠡᠭ ᠪᠥᠭᠡᠳ ᠨᠠᠷᠢᠯᠢᠭ ᠲᠤᠷᠱᠢᠯᠲᠠ ᠪᠣᠯᠬᠤᠷ᠂ ᠪᠥᠭᠡᠮ ᠬᠦᠴᠢᠯᠢ ᠪᠠᠢᠴᠠᠭᠠᠬᠤ ᠲᠤᠷᠱᠢᠯᠲᠠ ᠶ᠋ᠢᠨ ᠲᠠᠰᠤᠭ ᠣᠨᠴᠠᠭᠠᠶ ᠣᠷᠴᠢᠨ ᠲᠣᠭᠣᠷᠢᠨᠤ ᠱᠠᠭᠠᠷᠳᠠᠯᠭᠠᠲᠠᠶ᠂ ᠦᠯᠢᠭᠡᠷ ᠠᠪᠬᠤ ᠴᠡᠭ ᠪᠤᠶᠤ ᠳᠤᠷᠠ ᠪᠠᠷᠢᠶᠠᠨ ᠭᠠᠵᠠᠷ ᠨᠡᠭᠡᠭᠡᠵᠦ᠍ ᠱᠢᠯᠭᠠᠨ ᠪᠠᠢᠴᠠᠭᠠᠵᠤ ᠪᠣᠯᠬᠤ ᠥᠬᠡᠶ᠃
3. ᠦᠯᠢᠭᠡᠷ ᠡᠳ᠋ᠢ ᠬᠤᠷᠢᠶᠠᠭ᠍ᠰᠠᠨᠤ ᠳᠠᠷᠠᠭᠠ᠂ ᠨᠢᠭᠡ ᠨᠢᠭᠡᠪᠡᠷ ᠵᠠᠳᠠᠯᠵᠤ ᠱᠢᠰᠲ᠋ᠧᠮᠳᠦ ᠣᠷᠣᠭᠤᠯᠤᠨᠠ᠃ ᠡᠨᠡ ᠠᠯᠬᠤᠮᠳᠦ ᠨᠢᠭᠡ ᠨᠢᠭᠡᠪᠡᠷ ᠵᠠᠳᠠᠯᠬᠤ ᠴᠢᠬᠤᠯᠠᠲᠠᠶ᠂ ᠬᠣᠶᠠᠷ ᠳᠠᠪᠬᠤᠷ ᠨᠢᠭ᠍ᠲᠠ ᠪᠢᠲᠡᠭᠦᠮᠵᠢᠯᠡᠭ᠌ᠰᠡᠨ ᠪᠠᠭ᠍ᠯᠠᠭᠠ ᠲᠠᠢ ᠦᠯᠢᠭᠡᠷ ᠡᠳ᠋ ᠮᠢᠨᠭᠭᠠ ᠲᠦᠮᠡ ᠪᠡᠷ ᠪᠠᠢᠳᠠᠭ ᠡᠴᠡ ᠡᠳᠦᠷᠵᠢᠨ ᠵᠠᠳᠠᠯᠵᠤ ᠶᠡᠬᠡ ᠪᠠᠷ ᠴᠠᠭ ᠬᠡᠷᠡᠭᠰᠡᠨᠡ᠃ ᠪᠠᠰᠠ ᠦᠯᠢᠭᠡᠷ ᠨᠢᠭᠡᠪᠦᠷᠢᠳᠦ ᠰᠫᠢᠷᠲ ᠰᠦᠷᠴᠢᠵᠦ᠍᠂ ᠠᠮᠢᠳᠤ ᠪᠣᠳᠠᠰᠤᠨ ᠠᠮᠤᠷ ᠲᠦᠪᠱᠢᠨᠦ ᠬᠠᠮᠠᠭᠠᠯᠠᠯᠲᠠ ᠶ᠋ᠢ ᠰᠠᠢᠲᠤᠷ ᠬᠢᠬᠦ᠌ ᠬᠡᠷᠡᠭ᠌ᠲᠡᠶ᠃ ᠡᠨᠡ ᠮᠡᠳᠦ ᠪᠡᠷ ᠬᠦᠮᠦᠨ ᠨᠢᠭᠡᠪᠦᠷᠢ ᠵᠢᠨ ᠦᠯᠢᠭᠡᠷ ᠬᠡᠪᠤᠨ ᠮᠡᠳᠡᠭᠡ ᠵᠠᠨᠭᠬᠢ ᠵᠢ ᠨᠢᠭᠡᠳ ᠨᠢᠭᠡ ᠪᠡᠷ ᠰᠢᠰᠲᠸᠮᠳᠦ ᠤᠷᠤᠭᠤᠯᠵᠤ᠂ ᠪᠦᠬᠦ ᠶᠠᠪᠤᠴᠠ ᠵᠢ ᠭᠠᠷᠢᠶᠡᠷᠢᠶᠡᠨ ᠬᠢᠳᠡᠭ ᠡᠴᠡ ᠴᠠᠭ ᠶᠡᠬᠡ ᠬᠡᠷᠡᠭᠰᠡᠬᠦ ᠪᠦᠬᠡᠳ ᠬᠠᠮᠤᠭᠤᠨ ᠴᠢᠬᠤᠯᠠ ᠨᠢ ᠲᠤᠭᠠ ᠬᠡᠮᠵᠢᠶᠡ ᠨᠢ ᠵᠦᠷᠢᠬᠦ ᠦᠬᠡᠢ ᠪᠤᠷᠤᠭᠤᠳᠠᠬᠤ ᠦᠬᠡᠢ ᠪᠠᠢᠬᠤ ᠬᠡᠷᠡᠭᠳᠡᠢ᠂ ᠬᠡᠷᠪᠡ ᠪᠤᠷᠤᠭᠤᠳᠠᠪᠠᠯ ᠲᠠᠬᠢᠵᠤ ᠡᠷᠢᠵᠤ ᠬᠢᠬᠦ ᠴᠢᠬᠤᠯᠠᠳᠠᠢ᠃
4. ᠪᠥᠭᠡᠮ ᠬᠦᠴᠢᠯ ᠢ ᠭᠠᠷᠭᠠᠨ ᠠᠪᠴᠦ᠂ ᠸᠢᠷᠦ᠋ᠰᠢ ᠱᠢᠯᠭᠠᠨ ᠪᠠᠢᠴᠠᠭᠠᠨᠠ᠃ ᠥᠯᠢᠭᠡᠷ ᠡᠳ᠋ ᠢ ᠲᠤᠷᠱᠢᠯᠲᠠᠶ᠋ᠢᠨ ᠲᠠᠰᠤᠭᠲᠤ ᠭᠦᠷᠬᠡᠪᠡᠯ ᠱᠢᠭᠤᠳ ᠪᠠᠢᠴᠠᠭᠠᠵᠤ ᠪᠣᠯᠬᠤ ᠪᠢᠰᠢ ᠦᠦ?ᠲᠡᠢᠮᠦ᠍ ᠪᠢᠰᠢ!ᠪᠠᠰᠠ ᠦᠯᠢᠭᠡᠷᠲᠦ ᠡᠮᠦᠨᠡᠬᠢ ᠱᠢᠶ᠋ᠳᠪᠦᠷᠢᠯᠡᠯᠲᠡ ᠬᠢᠵᠦ᠍᠂ ᠦᠯᠢᠭᠡᠷ ᠳᠣᠲᠣᠷᠠᠬᠢ ᠪᠥᠭᠡᠮ ᠬᠦᠴᠢᠯᠢ ᠭᠠᠷᠭᠠᠨ ᠠᠪᠤᠪᠠᠯ ᠰᠠᠶᠢ ᠦᠷᠭᠡᠳᠬᠡᠯ ᠬᠢᠵᠤ ᠴᠢᠳᠠᠨᠠ᠃ ᠲᠡᠭᠡᠪᠡᠯ ᠦᠷᠭᠡᠳᠬᠡᠯ ᠨᠢ ᠶᠠᠭᠤ ᠪᠤᠢ?ᠸᠢᠷᠦ᠋ᠰ ᠮᠠᠰᠢ ᠪᠢᠴᠢᠯ ᠪᠠᠭᠠ ᠡᠴᠡ ᠪᠤᠯᠵᠤ ᠪᠦᠭᠡᠮ ᠬᠦᠴᠢᠯᠳᠡᠬᠢ ᠪᠢᠴᠢᠯ ᠦᠯᠢᠭᠡᠷ ᠡᠳ᠋ ᠢ ᠲᠡᠢᠮᠦ᠍ ᠠᠮᠠᠷᠬᠠᠨ ᠱᠢᠯᠭᠠᠨ ᠪᠠᠢᠴᠠᠭᠠᠵᠤ ᠤᠯᠬᠤ ᠦᠭᠡᠢ ᠪᠤᠯᠬᠤᠷ ᠸᠢᠷᠦ᠋ᠰᠢ ᠨᠢ ᠠᠷᠪᠢᠨ ᠪᠤᠯᠭᠠᠬᠤ ᠶᠠᠪᠤᠴᠠ ᠵᠢ ᠵᠢᠭᠠᠵᠤ ᠪᠠᠢᠨᠠ᠃ ᠡᠨᠡ ᠬᠦ᠌ ᠶᠠᠪᠤᠴᠠ ᠨᠢ ᠡᠮᠴᠢ ᠰᠤᠪᠢᠯᠠᠭ᠍ᠴᠢᠳ ᠲᠦ᠍ ᠬᠠᠮᠤᠭᠤᠨ ᠬᠦᠴᠢᠷ ᠲᠦᠪᠡᠭ ᠲᠡᠢ᠃
5. ᠪᠦᠷᠢᠮᠦᠰᠦᠨ ᠪᠤᠬᠢᠷᠳᠤᠯ ᠦᠭᠡᠢ ᠤᠷᠴᠢᠨᠳᠦ ᠤᠷᠪᠠᠯᠵᠢ ᠵᠢ ᠨᠠᠢᠷᠠᠭᠤᠯᠬᠤ᠃ ᠡᠨᠡ ᠠᠯᠬᠤᠮ ᠡᠷᠬᠡᠪᠰᠢ ᠪᠦᠷᠢᠮᠦᠰᠦᠨ ᠪᠣᠬᠢᠷᠲᠤᠯᠦᠭᠡᠢ ᠤᠷᠴᠢᠨᠢ ᠪᠠᠳᠤᠯᠠᠵᠤ᠂ ᠴᠢᠩᠭᠠ ᠣᠨᠣᠪᠴᠢᠲᠠᠶ ᠠᠵᠢᠯᠯᠠᠨᠠ᠃ ᠶᠠᠮᠠᠷ ᠦᠷᠡ ᠳ᠋ᠦᠩᠢ ᠪᠠᠢᠴᠠᠭᠠᠵᠤ ᠤᠯᠤᠨᠠ ᠭᠡᠳᠡᠭ ᠨᠢ ᠪᠦᠷᠢᠮᠦᠰᠦᠨ ᠡᠨᠡ ᠠᠯᠬᠤᠮ ᠡᠴᠡ ᠲᠤᠭᠳᠠᠭᠠᠭᠳᠠᠳᠠᠭ ᠡᠴᠡ ᠡᠷᠬᠡᠪᠰᠢ ᠲᠡᠭᠡᠳᠦ ᠬᠡᠮᠵᠢᠶᠡ ᠪᠡᠷ ᠬᠢᠨᠠᠮᠠᠭᠠᠢ ᠯᠠᠪᠳᠠᠭᠤᠨ ᠠᠵᠢᠯᠯᠠᠬᠤ ᠴᠢᠬᠤᠯᠠᠳᠠᠢ᠃
6.ᠦᠯᠢᠭᠡᠷ ᠨᠡᠮᠡᠬᠦ ᠨᠢ ᠲᠦᠷᠭᠡᠨ᠂ ᠣᠨᠣᠪᠴᠢᠲᠠᠶ᠂ ᠯᠠᠪᠳᠠᠭᠤᠨ ᠪᠦᠭᠡᠳ ᠨᠢᠭᠡ ᠴᠦ᠍ ᠠᠯᠳᠠᠭᠠ ᠦᠬᠡᠢ ᠪᠠᠢᠬᠤ ᠵᠢ ᠪᠠᠳᠤᠯᠠᠨᠠ᠃ ᠡᠨᠡ ᠠᠯᠬᠤᠮ ᠢ ᠮᠥᠨ ᠯᠡ ᠪᠦᠬᠦᠨᠢ ᠭᠠᠷᠢᠶᠠᠷ ᠬᠢᠵᠦ᠍᠂ ᠡᠮᠴᠢ ᠰᠤᠪᠢᠯᠠᠭ᠍ᠴᠢᠳ ᠪᠦᠬᠦ᠌ ᠶᠠᠪᠤᠴᠠᠳᠤ ᠪᠦᠬᠦ᠌ ᠠᠩᠬᠠᠷᠤᠯ ᠢᠶᠠᠨ ᠲᠥᠪᠯᠡᠷᠡᠭᠦᠯᠬᠦ ᠬᠡᠷᠡᠭ᠌ᠲᠡᠶ᠃ᠭᠠᠷᠭᠠᠨ ᠠᠪᠤᠭ᠍ᠰᠠᠨ ᠪᠥᠭᠡᠮ ᠬᠦᠴᠢᠯᠨᠢ ᠠᠮᠠᠷᠬᠠᠨ ᠪᠣᠬᠢᠷᠲᠤᠵᠤ᠂ ᠠᠮᠠᠷᠬᠠᠨ ᠵᠠᠳᠠᠷᠠᠳᠠᠭ ᠡᠴᠡ ᠵᠠᠪᠠᠯ ᠮᠢᠨᠭᠭᠠᠨ ᠬᠤᠪᠢ ᠵᠢᠨ ᠪᠣᠯᠭᠣᠮᠵᠢᠲᠠᠶ ᠪᠠᠢᠬᠤ ᠬᠡᠷᠡᠭ᠌ᠲᠡᠶ!ᠭᠠᠷᠭᠠᠨ ᠠᠪᠤᠭ᠍ᠰᠠᠨ ᠪᠥᠭᠡᠮ ᠬᠦᠴᠢᠯᠢᠶᠡᠨ ᠵᠥᠪᠬᠡᠨ 5ul ᠵᠢ ᠨᠡᠮᠡᠵᠦ᠍ ᠤᠷᠪᠠᠯᠵᠢᠶ᠋ᠢᠨ ᠱᠢᠰᠲ᠋ᠧᠮᠳᠦ ᠣᠷᠣᠭᠤᠯᠤᠨ ᠥᠷᠭᠡᠳᠭᠡᠯ ᠬᠢᠨᠠ᠃ 5ul ᠨᠢ ᠶᠠᠮᠠᠷ ᠤᠬᠠᠭ᠍ᠳᠠᠬᠤᠨ ᠪᠤᠢ ᠭᠡᠪᠡᠯ ᠨᠢᠭᠡ ᠳᠤᠰᠤᠯ ᠤᠰᠤᠨᠤ ᠠᠷᠪᠠᠨᠤ ᠨᠢᠭᠡ ᠭᠡᠰᠡᠨ ᠦᠭᠡ᠂ᠲᠡᠷᠡ ᠮᠥᠷᠲᠡᠭᠡᠨ ᠠᠵᠢᠯᠯᠠᠬᠤ ᠶᠠᠪᠤᠴᠠ ᠨᠢ ᠲᠦᠷᠭᠡᠨ! ᠯᠠᠪᠳᠠᠭᠤᠨ! ᠣᠨᠣᠪᠴᠢᠲᠠᠶ!
7. ᠮᠠᠰᠢᠨᠢᠶᠡᠷ ᠪᠠᠢᠴᠠᠭᠠᠬᠤ᠃ ᠡᠨᠡ ᠬᠦ᠌ ᠶᠠᠪᠤᠴᠠ ᠨᠢ 1 - 2 ᠴᠠᠭ ᠬᠡᠷᠡᠭ᠌ᠰᠡᠨᠡ᠂ ᠡᠷᠬᠡᠪᠰᠢ ᠨᠢᠭᠡ ᠪᠦᠯᠦᠭ ᠦᠷᠡ ᠳ᠋ᠦᠩ ᠢ ᠥᠷᠭᠡᠳᠭᠡᠭ᠌ᠰᠡᠨᠦ ᠳᠠᠷᠠᠭᠠ ᠰᠠᠶᠢ ᠳᠠᠷᠠᠭᠠ ᠨᠢᠭᠡ ᠪᠦᠯᠦᠭ ᠵᠠᠭ᠍ᠪᠤᠷ ᠢ ᠥᠷᠭᠡᠳᠭᠡᠵᠦ᠍ ᠪᠣᠯᠤᠨᠠ᠃ ᠶᠠᠭᠤ ᠴᠦ᠍ ᠬᠡᠰᠡᠨ ᠲᠤᠷᠱᠢᠯᠲᠠᠶ᠋ᠢᠨ ᠶᠠᠪᠤᠴᠠ ᠨᠢ ᠬᠡᠲᠦᠷᠬᠡᠶ ᠣᠯᠠᠨ ᠠᠯᠬᠤᠮ ᠳᠠᠷᠠᠭᠠᠲᠠᠶ᠂ ᠬᠡᠲᠦᠷᠬᠡᠶ ᠣᠯᠠᠨ ᠳᠠᠯᠳᠠ ᠬᠠᠷᠱᠢᠯᠠᠬᠤ ᠡᠯᠧᠮᠧᠨ᠋ᠲ ᠣᠷᠣᠱᠢᠵᠤ ᠪᠠᠢᠨᠠ᠂ ᠡᠢᠮᠦ᠍ᠡᠴᠡ ᠤᠳᠠᠭᠠ ᠪᠦᠷᠢ ᠡᠢᠮᠦ᠍ ᠠᠷᠭᠠ ᠬᠡᠮᠵᠢᠶᠡ ᠠᠪᠴᠤ᠌ ᠱᠢᠯᠭᠠᠨ ᠪᠠᠢᠴᠠᠭᠠᠬᠤ ᠬᠡᠷᠡᠭ᠌ᠲᠡᠶ᠃ ᠦᠷᠡ ᠳ᠋ᠦᠩ ᠭᠠᠷᠤᠭ᠍ᠰᠠᠨᠤ ᠳᠠᠷᠠᠭᠠ᠂ ᠪᠠᠰᠠ ᠦᠷᠡ ᠳ᠋ᠦᠩᠢ ᠪᠠᠢᠴᠠᠭᠠᠨ ᠦᠵᠡᠵᠦ᠍᠂ ᠦᠯᠢᠬᠡᠷ ᠡᠳ᠋ ᠤᠨ ᠮᠡᠳᠡᠭᠡ ᠵᠠᠩᠭᠢ᠂ ᠦᠷᠡ ᠳ᠋ᠦᠩᠢ ᠬᠠᠷᠭᠤᠭᠤᠯᠤᠨ ᠥᠭ᠌ᠴᠦ᠂ ᠲᠣᠭᠠ ᠪᠠᠷᠢᠮᠲᠠᠶ᠋ᠢ ᠳᠠᠮᠵᠢᠭᠤᠯᠬᠤ (ᠳᠠᠷᠤᠶ ᠨᠣᠭᠣᠭᠠᠨ ᠺᠣᠳ᠋ ᠲᠠᠷᠬᠠᠭᠠᠬᠤ ) ᠬᠡᠷᠡᠭ᠌ᠲᠡᠶ᠃
ᠬᠢᠵᠢᠭ ᠢ ᠡᠰᠡᠷᠬᠦᠴᠡᠬᠦᠳᠦ᠂ ᠬᠥᠮᠦᠨ ᠪᠣᠯᠭᠠᠨ ᠬᠠᠷᠢᠭᠤᠴᠠᠯᠭᠠᠲᠠᠶ᠃ ᠰᠠᠢᠨ ᠲᠤᠷᠠᠴᠤᠳ᠂ ᠵᠡᠭᠡᠯᠢ ᠭᠤᠳᠤᠮᠵᠢ ᠨᠡᠢᠭᠡᠮ ᠲᠣᠭᠣᠷᠢᠭᠤᠨ ᠠᠵᠢᠯᠲᠠᠳ ᠴᠦ᠍ ᠪᠠᠢᠭ᠂ ᠺᠠᠳ᠋ᠷ ᠴᠠᠭᠳᠠᠭᠠ ᠨᠠᠷ᠂ ᠡᠯᠠ ᠹᠷᠤᠨᠲ ᠤᠨ ᠠᠵᠢᠯᠳᠠᠨ ᠡᠭᠡᠯ ᠠᠷᠠᠳ ᠴᠦ᠍ ᠲᠡᠷᠡ᠂ ᠨᠢᠭᠡᠨᠢᠶᠡᠨ ᠢᠯᠡᠬᠦᠬᠡᠨ ᠤᠢᠯᠠᠭᠠᠨ ᠲᠡᠮᠵᠢᠵᠤ᠂ ᠬᠢᠵᠢᠭ ᠲᠠᠬᠤᠯᠤᠨ ᠬᠦᠨᠳᠦ ᠬᠡᠴᠡᠬᠦᠦ ᠴᠠᠭᠢ ᠬᠠᠮᠳᠦ ᠪᠡᠷ ᠳᠤᠭᠤᠯᠤᠶᠠ!
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠹᠦ᠋ ᠭᠸᠨ
ᠣᠷᠴᠢᠭᠤᠯᠤᠭ᠍ᠴᠢ᠄




ᠰᠢᠭᠦᠮᠵᠢ ᠠᠯᠠᠭᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃