2022-03-23 10:21:07
3 ᠰᠠᠷ᠎ᠠ᠎ᠶ᠋ᠢᠨ 22 ᠤ᠋ᠨ ᠡᠳᠦᠷ᠎ᠦᠨ 10 ᠴᠠᠭ᠎ᠲᠤ᠂ ᠬᠥᠬᠡᠬᠣᠲᠠ᠎ᠶ᠋ᠢᠨ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠠᠵᠢᠯ᠎ᠤᠨ ᠰᠣᠨᠢᠨ ᠮᠡᠳᠡᠭᠡ ᠨᠡᠢᠲᠡᠯᠡᠬᠦ᠌ ᠬᠤᠷᠠᠯ᠎ᠡᠴᠡ᠂ 3 ᠰᠠᠷ᠎ᠠ᠎ᠶ᠋ᠢᠨ 21᠎ᠤ᠋ ᠡᠳᠦᠷ᠎ᠦᠨ 0 ᠴᠠᠭ᠎ᠡᠴᠡ 24 ᠴᠠᠭ ᠪᠣᠯᠲᠠᠯ᠎ᠠ᠂ ᠬᠥᠬᠡᠬᠣᠲᠠ᠎ᠳᠤ ᠲᠤᠬᠠᠢ᠎ᠶ᠋ᠢᠨ ᠭᠠᠵᠠᠷ᠎ᠤᠨ ᠱᠢᠨ᠎ᠡ ᠲᠢᠲᠢᠮᠯᠢᠭ ᠠᠭᠤᠰᠭᠢᠨ ᠦᠷᠪᠢᠰᠦᠯᠵᠢᠡᠷ ᠣᠨᠣᠱᠢᠯᠠᠭᠳᠠᠬᠰᠡᠨ ᠡᠪᠡᠳᠴᠢᠨ᠎ᠦ ᠵᠢᠱ᠌ᠢᠢ᠎ᠡ 1 ᠨᠡᠮᠡᠭ᠌ᠳᠡᠵᠦ᠍(ᠤᠤᠯ᠎ᠤᠨ ᠡᠪᠡᠳᠴᠢᠨ᠎ᠤ ᠢᠯᠡᠷᠡᠯ ᠦᠬᠡᠢ ᠬᠠᠯᠳᠠᠪᠤᠷᠢᠯᠠᠬᠳᠠᠬᠴᠢ ᠡᠴᠡ ᠤᠨᠤᠰᠢᠯᠠᠬᠳᠠᠬᠰᠠᠨ ᠡᠪᠡᠳᠴᠢᠨ᠎ᠤ ᠵᠢᠱ᠌ᠢᠶ᠎ᠡ ᠪᠤᠯᠵᠥ ᠬᠤᠪᠢᠷᠠᠪᠠ)᠂ ᠲᠤᠬᠠᠢ᠎ᠶ᠋ᠢᠨ ᠭᠠᠵᠠᠷ᠎ᠤᠨ ᠡᠪᠡᠳᠴᠢᠨ᠎ᠦ ᠢᠯᠡᠷᠡᠯ ᠦᠭᠡᠢ ᠬᠠᠯᠳᠠᠪᠤᠷᠢᠯᠠᠭᠳᠠᠬᠴᠢ ᠱᠢᠨ᠎ᠡ᠎ᠪᠡᠷ 3 ᠨᠡᠮᠡᠭ᠌ᠳᠡᠵᠠᠢ ᠬᠡᠵᠦ ᠨᠠᠢᠳᠠᠯᠠᠪᠠ᠃
ᠳᠠᠨᠢᠯᠴᠠᠭᠤᠯᠤᠬᠰᠠᠨ ᠵᠢᠡᠷ᠂ ᠱᠢᠨ᠎ᠡ᠎ᠪᠡᠷ ᠨᠡᠮᠡᠭ᠌ᠳᠡᠭ᠌ᠰᠡᠨ ᠡᠪᠡᠳᠴᠢᠨ᠎ᠦ ᠵᠢᠱ᠌ᠢᠶ᠎ᠡ᠎ᠨᠢ ᠴᠥᠮ ᠬᠣᠲᠣᠩ ᠠᠷᠠᠳ᠎ᠤᠨ ᠲᠣᠭᠣᠷᠢᠭ ᠲᠦ᠍ ᠪᠠᠢᠵᠤ᠂ ᠴᠥᠮ ᠲᠤᠰᠠᠭᠠᠷᠯᠠᠬᠤ ᠴᠡᠭ᠎ᠦᠨ ᠨᠢᠭ᠍ᠲᠠ ᠤᠢᠷᠠᠳᠤᠬᠰᠡᠳᠤᠨ ᠪᠥᠭᠡᠮ ᠬᠦᠴᠢᠯ᠎ᠦᠨ ᠪᠠᠢᠴᠠᠭᠠᠯᠲᠠ᠎ᠳᠤ ᠢᠯᠡᠷᠡᠭᠦᠯᠦᠭ᠌ᠰᠡᠨ ᠪᠠᠢᠨ᠎ᠠ᠃ 2 ᠰᠠᠷ᠎ᠠ ᠵᠢᠨ 15 ᠤ᠋ ᠡᠳᠤᠷ ᠡᠴᠡ ᠨᠠᠭᠠᠰᠢ᠂ ᠬᠥᠬᠡᠬᠣᠲᠠ᠎ᠶ᠋ᠢᠨ ᠬᠢᠨ ᠲᠤᠬᠠᠶ᠎ᠶ᠋ᠢᠨ ᠭᠠᠵᠠᠷ᠎ᠤᠨ ᠱᠢᠨ᠎ᠡ ᠲᠢᠲᠢᠮᠯᠢᠭ ᠠᠭᠤᠰᠭᠢᠨ ᠦᠷᠪᠢᠰᠦᠯᠵᠢᠡᠷ ᠤᠨᠤᠰᠢᠯᠠᠬᠳᠠᠬᠰᠡᠨ ᠡᠪᠡᠳᠴᠢᠨ᠎ᠦ ᠵᠢᠱ᠌ᠢᠶ᠎ᠡ ᠵᠢ ᠨᠡᠢᠳᠡ 433 ᠮᠡᠳᠡᠬᠦᠯᠵᠥ᠂ ᠲᠤᠬᠠᠶ᠎ᠶ᠋ᠢᠨ ᠭᠠᠵᠠᠷ᠎ᠤᠨ ᠡᠪᠡᠳᠴᠢᠨ᠎ᠦ ᠢᠯᠡᠷᠡᠯ ᠥᠬᠡᠶ ᠬᠠᠯᠳᠠᠪᠤᠷᠢᠯᠠᠭᠳᠠᠬᠴᠢ ᠵᠢ 21 ᠮᠡᠳᠡᠬᠦᠯᠪᠡ᠃ ᠣᠳᠣᠬᠠᠨ ᠪᠣᠯᠲᠠᠯ᠎ᠠ᠂ ᠪᠥᠬᠥ᠌ ᠬᠣᠲᠠ᠎ᠳᠤ ᠤᠳᠤ ᠪᠠᠢᠭ᠎ᠠ ᠲᠤᠬᠠᠶ᠎ᠶ᠋ᠢᠨ ᠭᠠᠵᠠᠷ᠎ᠤᠨ ᠱᠢᠨ᠎ᠡ ᠲᠢᠲᠢᠮᠯᠢᠭ ᠠᠭᠤᠰᠭᠢᠨ ᠦᠷᠪᠢᠰᠦᠯ᠎ᠢᠶᠡᠷ ᠣᠨᠣᠱᠢᠯᠠᠭ᠍ᠳᠠᠭ᠍ᠰᠠᠨ ᠡᠪᠡᠳᠴᠢᠨ᠎ᠤ ᠵᠢᠱ᠌ᠢᠶ᠎ᠠ 6᠂ ᠳᠤᠬᠠᠢ ᠵᠢᠨ ᠭᠠᠵᠠᠷ᠎ᠤᠨ ᠡᠪᠡᠳᠴᠢᠨ᠎ᠦ ᠢᠯᠡᠷᠡᠯ ᠥᠬᠡᠶ ᠬᠠᠯᠳᠠᠪᠤᠷᠢᠯᠠᠭ᠍ᠳᠠᠬᠴᠢ 21 ᠪᠠᠢᠵᠤ ᠂ ᠴᠥᠮ 3 ᠰᠠᠷ᠎ᠠ᠎ᠶ᠋ᠢᠨ 17 ᠤ᠋ ᠡᠳᠦᠷ᠎ᠡᠴᠡ ᠨᠠᠭᠠᠰᠢ ᠱᠢᠨ᠎ᠡ᠎ᠪᠡᠷ ᠢᠯᠡᠷᠡᠭᠦᠯᠦᠭ᠌ᠰᠡᠨ ᠬᠠᠯᠳᠠᠪᠤᠷᠢᠯᠠᠬᠳᠠᠬᠰᠠᠳ ᠪᠣᠯᠤᠨ᠎ᠠ᠃ ᠤᠳᠤ ᠪᠠᠢᠭ᠎ᠠ ᠤᠨᠤᠰᠢᠯᠠᠬᠳᠠᠬᠰᠠᠨ ᠡᠪᠡᠳᠴᠢᠨ᠎ᠤ ᠵᠢᠱ᠌ᠢᠶ᠎ᠡ ᠵᠢ ᠪᠦᠷ ᠳᠤᠬᠳᠠᠬᠰᠠᠨ ᠡᠮᠨᠡᠯᠬᠡ ᠵᠢᠨ ᠬᠤᠷᠢᠶ᠎ᠠ ᠪᠤᠯᠬᠤ ᠦᠪᠦᠷ ᠮᠤᠩᠭᠤᠯ᠎ᠤᠨ ᠳᠦᠷᠪᠡᠳᠤᠬᠡᠷ ᠡᠮᠨᠡᠯᠬᠡ ᠵᠢᠨ ᠬᠤᠷᠢᠶᠠᠨ ᠳ᠋ᠤ ᠳᠤᠰᠠᠭᠠᠷᠯᠠᠨ ᠠᠪᠤᠷᠠᠨ ᠵᠠᠰᠠᠵᠥ᠂ ᠡᠪᠡᠳᠴᠢᠨ᠎ᠤ ᠢᠯᠡᠷᠡᠯ ᠦᠬᠡᠢ ᠬᠠᠯᠳᠠᠪᠤᠷᠢᠯᠠᠬᠳᠠᠬᠰᠠᠳᠢ ᠬᠦᠬᠡᠬᠤᠳᠠ ᠵᠢᠨ ᠨᠢᠬᠡᠳᠤᠬᠡᠷ ᠡᠮᠨᠡᠯᠬᠡ ᠵᠢᠨ ᠬᠤᠷᠢᠶ᠎ᠠ ᠳ᠋ᠤ ᠳᠦᠪᠯᠡᠷᠡᠬᠦᠯᠦᠨ ᠳᠤᠰᠠᠭᠠᠷᠯᠠᠵᠥ ᠪᠠᠢᠬᠤ ᠪᠦᠬᠡᠳ ᠠᠨᠠᠭᠠᠬᠤ ᠤᠬᠠᠭᠠᠨ᠎ᠤ ᠠᠵᠢᠬᠯᠠᠯᠳᠠ ᠬᠢᠵᠥ ᠪᠤᠢ᠃
3 ᠰᠠᠷ᠎ᠠ᠎ᠶ᠋ᠢᠨ 22᠎ᠤ᠋ᠨ ᠡᠳᠦᠷ᠎ᠦᠨ 5 ᠴᠠᠭ᠎ᠡᠴᠡ ᠡᠬᠢᠯᠡᠨ᠂ ᠬᠥᠬᠡᠬᠣᠲᠠ ᠲᠤᠰᠠᠭᠠᠷᠯᠠᠭ᠍ᠰᠠᠨ ᠵᠣᠴᠢᠳ᠎ᠤᠨ ᠪᠠᠭᠤᠳᠠᠯ᠎ᠤᠨ ᠨᠢᠭ᠍ᠲᠠ ᠤᠢᠷᠠᠳᠤᠬᠰᠡᠳ᠂ ᠪᠢᠲᠡᠭᠦᠮᠵᠢᠯᠡᠨ ᠡᠵᠡᠮᠳᠡᠬᠦ᠌ ᠲᠣᠭᠣᠷᠢᠭ᠂ ᠬᠡᠷ᠎ᠲᠡᠬᠡᠨ ᠲᠤᠰᠠᠭᠠᠷᠯᠠᠬᠤ ᠬᠤᠭᠤᠴᠠᠭ᠎ᠠ᠎ᠨᠢ ᠬᠦᠢᠴᠡᠭᠡᠳᠤᠢ ᠨᠢᠭ᠍ᠲᠠ ᠤᠢᠷᠠᠳᠤᠬᠰᠡᠳ᠂ ᠲᠠᠮ ᠤᠢᠷᠠᠳᠤᠬᠰᠡᠳ᠂ ᠬᠤᠭᠤᠴᠠᠭ᠎ᠠ᠎ᠨᠢ ᠬᠦᠢᠴᠡᠭᠰᠡᠨ ᠪᠢᠲᠡᠭᠦᠮᠵᠢᠯᠡᠨ ᠡᠵᠡᠮᠳᠡᠬᠦ᠌ ᠲᠣᠭᠣᠷᠢᠭ᠂ ᠬᠠᠮᠢᠶᠠᠷᠤᠨ ᠡᠵᠡᠮᠳᠡᠬᠦ᠌ ᠲᠣᠭᠣᠷᠢᠭ᠎ᠤᠨ ᠬᠥᠮᠦᠰ᠂ ᠬᠣᠲᠣᠩ ᠠᠷᠠᠳ᠎ᠤᠨ ᠲᠣᠭᠣᠷᠢᠭ᠎ᠤᠨ ᠲᠦᠩ ᠳ᠋ᠤᠤ ᠵᠡᠭᠡᠯᠢ ᠭᠤᠳᠤᠮᠵᠢ᠂ ᠵᠥᠩ ᠱᠠᠨ ᠪᠠᠷᠠᠭᠤᠨ ᠵᠠᠮ ᠵᠡᠭᠡᠯᠢ ᠭᠤᠳᠤᠮᠵᠢ᠎ᠶ᠋ᠢᠨ ᠬᠡᠰᠡᠭ ᠣᠷᠣᠨ ᠪᠦᠰᠡ ᠵᠢᠨ ᠳᠤᠳᠤᠷᠠᠬᠢ ᠪᠣᠶ ᠪᠥᠬᠥᠶ ᠰᠠᠭᠤᠭᠠᠯᠢ ᠠᠷᠠᠳ᠎ᠢ ᠦᠷᠭᠦᠯᠵᠢᠯᠡᠨ ᠵᠢᠭ᠍ᠰᠠᠭᠠᠨ ᠪᠠᠢᠴᠠᠭᠠᠵᠤ ᠪᠥᠭᠡᠮ ᠬᠦᠴᠢᠯ᠎ᠦᠨ ᠪᠠᠢᠴᠠᠭᠠᠯᠲᠠ ᠥᠷᠨᠢᠭᠦᠯᠪᠡ᠃ ᠪᠤᠰᠤᠳ ᠭᠠᠵᠠᠷ ᠣᠷᠣᠨ᠂ ᠬᠦᠮᠦᠰ ᠲᠤ᠌ ᠲᠦᠷ ᠪᠥᠭᠡᠮ ᠬᠦᠴᠢᠯ᠎ᠦᠨ ᠪᠠᠢᠴᠠᠭᠠᠯᠲᠠ ᠬᠢᠬᠦ᠌ ᠥᠬᠡᠶ᠃
3 ᠰᠠᠷ᠎ᠠ ᠵᠢᠨ 21 ᠤ᠋ ᠡᠳᠤᠷ᠎ᠤᠨ 24 ᠴᠠᠬ ᠪᠤᠯᠳᠠᠯ᠎ᠠ᠂ ᠪᠥᠬᠥ᠌ ᠬᠣᠲᠠ᠎ᠶ᠋ᠢᠨ 148 ᠪᠢᠲᠡᠭᠦᠮᠵᠢᠯᠡᠨ ᠡᠵᠡᠮᠳᠡᠬᠦ᠌ ᠣᠷᠣᠨ ᠤ᠋ 144 ᠵᠢ᠎ᠨᠢ ᠨᠢᠭᠡᠨᠳᠡ ᠬᠤᠷᠢᠭ᠎ᠠ ᠲᠠᠢᠯᠵᠥ᠂ 4 ᠦᠯᠡᠳᠡᠵᠥ ᠪᠤᠢ; 136 ᠬᠠᠮᠢᠶᠠᠷᠤᠨ ᠡᠵᠡᠮᠳᠡᠬᠦ᠌ ᠣᠷᠣᠨ᠎ᠤ 134 ᠵᠢ ᠨᠢ ᠨᠢᠭᠡᠨᠲᠡ ᠬᠤᠷᠢᠭ᠎ᠠ ᠲᠠᠢᠯᠵᠥ᠂ 2 ᠦᠯᠡᠳᠡᠵᠥ ᠪᠤᠢ᠃
ᠤᠳᠤᠬᠠᠨ ᠳ᠋ᠤ ᠪᠦᠬᠦ ᠬᠤᠳᠠ ᠵᠢᠨ ᠸᠠᠺᠼᠢᠨ᠎ᠤ ᠳᠠᠷᠢᠯᠭ᠎ᠠ ᠳᠠᠷᠢᠬᠤ ᠴᠡᠭ 111 ᠪᠤᠯᠵᠤ᠂ ᠳᠠᠷᠢᠯᠭ᠎ᠠ ᠲᠠᠷᠢᠬᠤ ᠬᠤᠷᠳᠤᠴᠠ ᠳᠠᠰᠤᠷᠠᠯᠳᠠ ᠦᠬᠡᠢ ᠳᠦᠷᠬᠡᠳᠴᠤ ᠪᠠᠢᠨ᠎ᠠ᠃ 3 ᠰᠠᠷ᠎ᠠ᠎ᠶ᠋ᠢᠨ 21 ᠤ᠋ ᠡᠳᠦᠷ᠎ᠦᠨ 19 ᠴᠠᠭ ᠪᠣᠯᠲᠠᠯ᠎ᠠ᠂ ᠪᠥᠬᠥ᠌ ᠬᠣᠲᠠ ᠳᠤ ᠰᠢᠨ᠎ᠡ ᠳᠢᠳᠢᠮᠯᠢᠭ ᠸᠠᠺᠼᠢᠨ᠎ᠤ ᠳᠠᠷᠢᠯᠭ᠎ᠠ ᠵᠢ ᠨᠡᠢᠳᠡ 710.2 ᠬᠤᠪᠢ ᠲᠠᠷᠢᠵᠤ ᠂ ᠸᠠᠺᠼᠢᠨ᠎ᠤ ᠳᠠᠷᠢᠯᠭ᠎ᠠ ᠳᠠᠷᠢᠬᠰᠠᠨ ᠨᠡᠢᠳᠡ ᠬᠦᠮᠦᠨ᠎ᠤ ᠳᠤᠭ᠎ᠠ 300.5 ᠳᠦᠮᠨ ᠳ᠋ᠤ ᠬᠦᠷᠴᠤ᠂ ᠡᠬᠦᠨ ᠳ᠋ᠤ ᠪᠦᠬᠦ ᠶᠠᠪᠤᠴᠠ ᠵᠢᠨ ᠳᠠᠷᠢᠯᠭ᠎ᠠ ᠲᠠᠷᠢᠵᠦ ᠳᠠᠭᠤᠰᠬᠠᠬᠰᠠᠨ ᠬᠦᠮᠦᠨ ᠨᠡᠢᠳᠡ 291.8 ᠳᠦᠮᠡ ᠪᠠᠢᠵᠥ᠂ ᠡᠬᠡᠯᠢᠯᠡᠬᠡ ᠵᠢ ᠴᠢᠩᠭᠠᠳᠬᠠᠬᠤ ᠳᠠᠷᠢᠯᠭ᠎ᠠ ᠳᠠᠷᠢᠬᠰᠠᠨ ᠨᠢ 105.5 ᠳᠦᠮᠡᠨ ᠬᠦᠮᠦᠨ ᠪᠤᠢ᠃ ᠡᠬᠦᠨ ᠳ᠋ᠤ 60 ᠨᠠᠰᠤ ᠡᠴᠡ ᠳᠡᠬᠡᠭᠰᠢᠬᠢ ᠬᠦᠮᠦᠰ᠎ᠤᠨ ᠪᠦᠬᠦ ᠶᠠᠪᠤᠴᠠ ᠵᠢᠨ ᠳᠠᠷᠢᠯᠭ᠎ᠠ ᠳᠠᠷᠢᠵᠥ ᠳᠠᠭᠤᠰᠬᠠᠬᠰᠠᠨ ᠨᠢ 44.4 ᠳᠦᠮᠡᠨ ᠬᠦᠮᠦᠨ ᠪᠠᠢᠵᠥ᠂ ᠪᠦᠬᠦ ᠶᠠᠪᠤᠴᠠ ᠵᠢᠨ ᠳᠠᠷᠢᠯᠭ᠎ᠠ ᠳᠠᠷᠢᠬᠰᠠᠨ ᠨᠤᠷᠮ᠎ᠠ ᠨᠢ 71.5% ᠳ᠋ᠤ ᠬᠦᠷᠴᠡᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠹᠦ᠋ ᠭᠸᠨ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃