2022-04-06 11:34:29
ᠬᠥᠬᠡᠬᠣᠲᠠ᠎ᠶ᠋ᠢᠨ ᠬᠣᠲᠣᠩ ᠠᠷᠠᠳ᠎ᠤᠨ ᠲᠣᠭᠣᠷᠢᠭ᠎ᠤᠨ ᠬᠤᠸᠠᠨ ᠾᠧ ᠵᠡᠭᠡᠯᠢ᠎ᠶ᠋ᠢᠨ ᠬᠡᠷᠡᠭ ᠡᠷᠬᠢᠯᠡᠬᠦ᠌ ᠭᠠᠵᠠᠷ᠎ᠤᠨ ᠠᠵᠢᠯᠴᠢᠨ ᠨᠡᠢᠭᠡᠮ ᠲᠣᠭᠣᠷᠢᠭ᠎ᠤᠨ ᠰᠠᠭᠤᠭᠠᠯᠢ ᠠᠷᠠᠳ ᠯᠢᠦ ᡁᠢ ᠬᠠᠨ ᠪᠤᠯ ᠬᠥᠬᠡᠬᠣᠲᠠ᠎ᠶ᠋ᠢᠨ ᠰᠠᠬᠢᠯᠭ᠎ᠠ ᠪᠠᠲᠤ ᠪᠠᠢᠴᠠᠭᠠᠬᠤ ᠬᠤᠷᠢᠶ᠎ᠠ ᠳ᠋ᠦ ᠠᠵᠢᠯ ᠠᠯᠪᠠ ᠲᠠᠢ ᠶᠤᠮ᠃ ᠡᠵᠢ ᠨᠢ ᠦ᠋ ᠬᠠᠢ ᠫᠢᠩ᠂ ᠬᠣᠲᠣᠩ ᠠᠷᠠᠳ᠎ᠤᠨ ᠲᠣᠭᠣᠷᠢᠭ᠎ᠤᠨ ᠬᠤᠸᠠᠨ ᠾᠧ ᠵᠡᠭᠡᠯᠢ᠎ᠶ᠋ᠢᠨ ᠬᠡᠷᠡᠭ ᠡᠷᠬᠢᠯᠡᠬᠦ᠌ ᠭᠠᠵᠠᠷ᠎ᠤᠨ ᠦᠨᠳᠦᠰᠦᠨ ᠱᠠᠲᠤᠨ᠎ᠤ ᠺᠠᠳ᠋ᠷ;ᠠᠪᠤ ᠨᠢ ᠯᠢᠦ ᠶᠧ ᠬᠥᠬᠡᠬᠣᠲᠠ᠎ᠶ᠋ᠢᠨ ᠢᠦᠢᠴᠢᠤᠸᠠᠨ ᠲᠣᠭᠣᠷᠢᠭ᠎ᠤᠨ ᠳᠣᠲᠣᠭᠠᠳᠤ᠎ᠶ᠋ᠢ ᠬᠠᠮᠠᠭᠠᠯᠠᠬᠤ ᠬᠤᠪᠢᠶᠠᠷᠢ ᠲᠣᠪᠴᠢᠶ᠎ᠠ᠎ᠶ᠋ᠢᠨ ᠠᠷᠠᠳ᠎ᠤᠨ ᠴᠠᠭ᠍ᠳᠠᠭ᠎ᠠ᠃ ᠤᠢᠷ᠎ᠠ ᠳ᠋ᠤ ᠬᠥᠬᠡᠬᠣᠲᠠ᠎ᠳ᠋ᠤ ᠱᠢᠨ᠎ᠡ ᠲᠢᠳ᠋ᠢᠮᠯᠢᠭ ᠠᠭᠤᠰᠭᠢᠨ ᠦᠷᠪᠢᠰᠦᠯ᠎ᠦᠨ ᠬᠢᠵᠢᠭ᠎ᠦᠨ ᠪᠠᠢᠳᠠᠯ ᠲᠠᠬᠢᠨᠳᠠ ᠡᠭᠦᠰᠦᠭ᠌ᠰᠡᠨ᠎ᠡᠴᠡ ᠡᠳᠦᠭᠡ ᠪᠣᠯᠲᠠᠯ᠎ᠠ ᠨᠢᠭᠡ ᠬᠡᠷ᠎ᠦᠨ ᠭᠤᠷᠪᠠᠭᠤᠯᠠ ᠪᠠᠨ ᠦᠪᠡᠷ ᠦᠪᠡᠷ᠎ᠤᠨ ᠵᠢᠡᠨ ᠠᠵᠢᠯ᠎ᠤᠨ ᠪᠠᠢᠷᠢ ᠪᠠᠨ ᠪᠠᠳᠤ ᠰᠠᠬᠢᠵᠤ᠂ ᠰᠡᠳᠬᠢᠯ ᠨᠢᠭᠡᠳᠡᠢ ᠪᠡᠷ ᠬᠢᠵᠢᠭ ᠲᠠᠢ ᠲᠡᠮᠡᠴᠡᠬᠦ ᠳ᠋ᠤ ᠭᠠᠪᠰᠢᠭᠠᠢᠯᠠᠨ ᠤᠷᠤᠯᠴᠠᠵᠤ᠂ ᠬᠢᠵᠢᠭ ᠲᠠᠢ ᠲᠡᠮᠡᠴᠡᠬᠦ ᠡᠮᠦᠨ᠎ᠡ ᠹᠷᠤᠨᠲ ᠲᠡᠬᠢ 《ᠬᠠᠮᠤᠭ᠎ᠤᠨ ᠭᠣᠶᠣ ᠬᠡᠷ ᠪᠦᠯᠢ 》 ᠶ᠋ᠢᠨ ᠦᠯᠢᠭᠡᠷ᠎ᠢ ᠪᠢᠴᠢᠭᠯᠡᠨ᠎ᠡ᠃
1995 ᠣᠨ ᠳ᠋ᠦ᠂ ᠯᠢᠦ ᠶᠧ᠂ ᠡᠦ ᠬᠠᠶ ᠫᠢᠩ ᠬᠣᠶᠠᠭᠤᠯᠠ ᠵᠤᠯ ᠵᠢᠷᠭᠠᠯᠲᠤ ᠭᠡᠷ ᠪᠦᠯᠢ ᠪᠡᠨ ᠪᠠᠢᠭᠤᠯᠵᠤ᠂ 1998 ᠣᠨ᠎ᠳᠤ ᠥᠬᠢᠨ ᠯᠢᠦ ᡁᠢ ᠬᠠᠨ ᠨᠢ ᠵᠠᠶᠠᠭᠠᠵᠤ ᠦᠷ᠎ᠡ ᠵᠢᠨ ᠵᠤᠯᠠᠢ ᠦᠨᠦᠰᠦᠭᠰᠡᠨ ᠪᠢᠯᠠ᠃ ᠲᠡᠬᠦᠨ ᠡᠴᠡ ᠬᠤᠢᠰᠢ ᠡᠦ ᠬᠠᠶ ᠫᠢᠩ ᠡᠷ᠎ᠡ ᠨᠥᠬᠥᠷ᠎ᠢᠶᠡᠨ ᠳᠠᠭᠠᠵᠤ ᠦᠨᠳᠦᠰᠦᠨ ᠱᠠᠲᠤᠨ᠎ᠳᠤ ᠠᠵᠢᠯ ᠠᠯᠪᠠ ᠬᠦᠢᠴᠡᠳᠭᠡᠬᠦ ᠪᠤᠯᠵᠠᠢ᠃ 《2011 ᠣᠨ᠎ᠤ ᠨᠠᠮᠤᠷ᠎ᠤᠨ ᠰᠡᠭᠦᠯᠴᠢ᠎ᠶ᠋ᠢᠨ ᠨᠢᠭᠡᠨ ᠥᠷᠯᠥᠭᠡ᠂ ᠡᠭᠡᠨᠡᠷ ᠮᠢᠨᠢ ᠮᠸᠨᠢᠷ ᠨᠡᠢᠯᠢᠭ ᠬᠡᠮ ᠡᠴᠡ ᠪᠣᠯᠵᠤ ᠭᠡᠷ᠎ᠲᠡᠬᠡᠨ ᠮᠠᠨᠠᠷᠠᠨ ᠤᠨᠠᠵᠠᠶ᠂ ᠲᠡᠷᠡ ᠦᠶ᠎ᠡ᠎ᠳᠦ ᠪᠢ ᠶᠠᠭ ᠭᠤᠸᠠᠩᠳᠦ᠋ᠩ ᠮᠤᠵᠢ ᠵᠢᠨ ᠳ᠋ᠦᠩ ᠭᠤᠸᠠᠨ ᠳ᠋ᠸ᠋ ᠲᠤᠮᠢᠯᠠᠭᠳᠠᠨ ᠡᠬᠦᠷᠭᠡ ᠬᠦᠢᠴᠡᠳᠭᠡᠵᠦ ᠪᠠᠢᠵᠠᠢ᠃ ᠠᠷᠭ᠎ᠠ ᠮᠤᠬᠤᠷᠳᠠᠬᠤ ᠳ᠋ᠠᠭᠠᠨ ᠪᠢ ᠲᠡᠭᠦᠨ᠎ᠤ ᠬᠠᠮᠲᠤ ᠠᠵᠢᠯᠯᠠᠭ᠍ᠴᠢ᠎ᠶ᠋ᠢ ᠨᠢ ᠭᠤᠶᠤᠵᠤ ᠭᠡᠷ ᠲᠸ᠋ ᠢᠷᠡᠬᠦᠯᠵᠦ ᠬᠠᠷᠠᠭᠠᠯᠵᠠᠭᠤᠯᠤᠭᠰᠠᠨ ᠰᠠᠨ ᠁》 ᠬᠡᠵᠦ ᠯᠢᠦ ᠶᠸ ᠦᠩᠭᠡᠷᠡᠭᠰᠡᠨ ᠵᠢᠡᠨ ᠤᠴᠢᠷᠯᠠᠵᠦ ᠪᠠᠢᠯ᠎ᠠ᠃ ᠲᠡᠷᠡ ᠤᠳᠠᠭᠠᠨ᠎ᠤ ᠠᠵᠢᠯᠯᠠᠭ᠎ᠠ ᠳᠤᠮᠳᠠ ᠯᠢᠦ ᠶᠸ ᠬᠤᠪᠢ ᠬᠥᠮᠦᠨ᠎ᠦ ᠬᠣᠶᠠᠳᠤᠭᠠᠷ ᠳᠡᠰ᠎ᠤᠨ ᠭᠠᠪᠢᠶ᠎ᠠ ᠲᠡᠮᠳᠡᠭᠯᠡᠭᠦᠯᠦᠭᠰᠡᠨ ᠬᠡᠳᠡᠭ᠃ ᠠᠵᠢᠯ ᠠᠯᠪᠠ ᠪᠡᠷ ᠡᠭᠡᠨᠡᠷ ᠬᠡᠤᠬᠡᠳ ᠵᠢᠡᠨ ᠲᠠᠩᠳᠠ ᠠᠷᠤ ᠳ᠋ᠠᠭᠠᠨᠤᠷᠬᠢᠵᠦᠬᠠᠮᠢᠶᠠᠷᠴᠤᠬᠠᠷᠠᠭᠠᠯᠵᠠᠵᠦ ᠴᠢᠳᠠᠬᠤ᠎ᠦᠭᠡᠢ ᠳ᠋ᠡᠬᠡᠨ ᠲᠡᠷᠡ ᠬᠠᠮᠤᠭ᠎ᠤᠨ ᠬᠠᠢᠷᠠᠳᠤ ᠬᠦᠮᠦᠰ ᠲᠡᠭᠡᠨ ᠤᠰᠤᠯᠳᠠᠭᠤᠵᠠᠢ ᠬᠡᠵᠦ ᠪᠤᠳᠤᠳᠠᠭ ᠪᠤᠯᠪᠠᠴᠤ ᠠᠵᠢᠯ᠎ᠤᠨ ᠦᠷ᠎ᠡ ᠪᠦᠲᠦᠮᠵᠢ ᠪᠡᠨ ᠶᠠᠷᠢᠬᠤ ᠪᠡᠷ ᠦᠩᠭᠡ ᠬᠡᠷᠡᠯᠳᠡᠢ ᠰᠠᠨᠠᠭᠳᠠᠬᠤ ᠨᠢ ᠠᠷᠭ᠎ᠠ ᠦᠭᠡᠢ᠃
2022 ᠣᠨ᠎ᠤ ᠰᠠᠷ᠎ᠠ ᠰᠢᠨ᠎ᠡ ᠵᠢᠨ ᠲᠠᠷᠠᠭᠠᠬᠠᠨ ᠬᠥᠬᠡᠬᠣᠲᠠ᠎ᠳᠤ ᠱᠢᠨ᠎ᠡ ᠲᠢᠲᠢᠮᠯᠢᠭ ᠠᠭᠤᠰᠭᠢᠨ ᠦᠷᠪᠢᠰᠦᠯ᠎ᠦᠨ ᠬᠢᠵᠢᠭ᠎ᠦᠨ ᠪᠠᠢᠳᠠᠯ ᠲᠠᠬᠢᠨᠳᠠ ᠡᠬᠦᠰᠦᠭᠰᠡᠨ᠎ᠤ ᠲᠠᠷᠠᠭ᠎ᠠ᠂ ᠥᠬᠢᠨ ᠨᠢ ᠯᠢᠦ ᡁᠢ ᠬᠠᠨ ᠡᠩ ᠲᠡᠷᠢᠬᠦᠨ ᠳ᠋ᠤ ᠰᠠᠭᠤᠭ᠎ᠠ ᠠᠵᠢᠯᠴᠢᠨ ᠨᠡᠢᠭᠡᠮ ᠲᠣᠭᠣᠷᠢᠭ᠎ᠲᠤ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ ᠰᠠᠢᠨ ᠳᠤᠷ᠎ᠠ᠎ᠶ᠋ᠢᠨ ᠠᠵᠢᠯᠯᠠᠭ᠍ᠴᠢ ᠪᠤᠯᠬᠤ ᠪᠡᠷ ᠡᠷᠡᠮᠡᠯᠵᠡᠵᠦ᠂ ᠰᠠᠭᠤᠭᠠᠯᠢ ᠠᠷᠠᠳ᠎ᠤᠨ ᠲᠤᠭᠤᠷᠢᠬ᠎ᠢ ᠵᠢᠵᠢᠭᠦᠷᠯᠡᠨ ᠰᠠᠬᠢᠬᠤ ᠡᠭᠦᠷᠭᠡ᠎ᠶ᠋ᠢ ᠰᠠᠨᠠᠭᠠᠴᠢᠯᠠᠭᠠᠠᠴᠠᠪᠠᠨᠡᠭᠦᠷᠭᠡᠯᠡᠪᠡ᠃ ᠪᠥᠭᠡᠮ ᠬᠦᠴᠢᠯ᠎ᠤᠨ ᠪᠠᠢᠴᠠᠭᠠᠯᠳᠠ ᠬᠢᠬᠦ ᠶᠠᠪᠤᠴᠠ᠎ᠳᠤ ᠮᠡᠳᠡᠭᠡ ᠵᠠᠩᠭᠢ ᠵᠢᠨ ᠴᠤᠭ᠍ᠯᠠᠭᠤᠯᠤᠭᠴᠢ ᠶᠡᠬᠡ ᠪᠡᠷ ᠳᠤᠲᠠᠭ᠍ᠳᠠᠬᠤ ᠦᠶ᠎ᠡ᠎ᠳᠤ ᠲᠡᠷᠡ ᠪᠠᠰᠠ ᠰᠠᠨᠠᠭᠠᠴᠢᠯᠠᠭ᠎ᠠ᠎ᠠᠴᠠ᠎ᠪᠠᠨ ᠮᠡᠳᠡᠭᠡ ᠵᠠᠩᠭᠢ ᠴᠤᠭ᠍ᠯᠠᠭᠤᠯᠬᠤ ᠠᠵᠢᠯ᠎ᠢ ᠡᠭᠦᠷᠭᠡᠯᠡᠵᠦ᠍᠂ ᠡᠳᠦᠷ ᠪᠦᠷᠢ ᠥᠷᠯᠥᠭᠡ᠎ᠶ᠋ᠢᠨ 6 ᠴᠠᠭ᠎ᠲᠤ ᠲᠤᠭᠳᠠᠭᠰᠠᠨ ᠴᠠᠭ ᠲᠸ᠋ ᠬᠦᠷᠴᠦ᠍᠂ ᠬᠠᠮᠠᠭᠠᠯᠠᠯᠲᠠ᠎ᠶ᠋ᠢᠨ ᠬᠤᠪᠴᠠᠰᠤ᠎ᠪᠠᠨ ᠡᠮᠦᠰᠴᠦ᠂ ᠦᠳᠡ᠎ᠶ᠋ᠢᠨ ᠬᠣᠢᠨᠠᠬᠢ ᠬᠣᠶᠠᠷ ᠴᠠᠭᠭᠠᠷᠤᠢ ᠪᠤᠯᠳᠠᠯ᠎ᠠ ᠶᠠᠭᠠᠷᠠᠯᠳᠠᠢ ᠠᠵᠢᠯᠯᠠᠳᠠᠭ ᠪᠠᠢᠯ᠎ᠠ᠃ ᠦᠳᠡ ᠵᠢᠨ ᠬᠤᠢᠨ᠎ᠠ ᠲᠡᠷᠡ ᠪᠠᠰᠠ ᠪᠠᠢᠭᠤᠯᠭ᠎ᠠ᠎ᠶ᠋ᠢᠨ᠎ᠢᠶᠠᠨ ᠬᠤᠪᠢᠳᠠᠭᠰᠠᠨ ᠠᠵᠢᠯ ᠶᠠᠪᠤᠳᠠᠯ᠎ᠢ ᠱᠢᠶ᠋ᠳᠪᠦᠷᠢᠯᠡᠵᠦ᠍᠂ ᠤᠷᠤᠢ᠎ᠶ᠋ᠢᠨ ᠨᠠᠢ᠍ᠮᠠ ᠶᠢᠰᠦᠨ ᠴᠠᠭ ᠪᠣᠯᠲᠠᠯ᠎ᠠ ᠠᠵᠢᠯᠯᠠᠳᠠᠬ᠃ ᠡᠵᠢ ᠨᠢ ᠡᠦ ᠬᠠᠢ ᠫᠢᠩ ᠪᠠᠰᠠ ᠡᠳᠦᠷ ᠪᠦᠷᠢ ᠬᠠᠷᠢᠶ᠎ᠠ ᠣᠷᠣᠨ᠎ᠤ ᠪᠠᠨ ᠰᠠᠭᠤᠭᠠᠯᠢ ᠠᠷᠠᠳ᠎ᠤᠨ ᠶᠡᠬᠡ ᠬᠡᠪᠴᠢᠶᠡᠨ᠎ᠦ ᠪᠥᠭᠡᠮ ᠬᠦᠴᠢᠯ᠎ᠤᠨ ᠪᠠᠢᠴᠠᠭᠠᠯᠳᠠ ᠵᠢᠨ ᠮᠡᠳᠡᠭᠡ ᠵᠠᠩᠭᠢ ᠵᠢᠨ ᠤᠷᠤᠭᠤᠯᠤᠬᠴᠢ ᠪᠣᠯᠤᠭᠰᠠᠨ ᠪᠦᠭᠡᠳ ᠪᠥᠭᠡᠮ ᠬᠦᠴᠢᠯ᠎ᠤᠨ ᠪᠠᠢᠴᠠᠭᠠᠯᠳᠠ ᠵᠢᠨ ᠳᠠᠷᠠᠭ᠎ᠠ ᠮᠦᠨ ᠰᠠᠭᠤᠭᠠᠯᠢ ᠠᠷᠠᠳ᠎ᠤᠨ ᠲᠣᠭᠣᠷᠢᠭ᠎ᠲᠠᠭᠠᠨ ᠵᠢᠵᠢᠭᠦᠷᠯᠡᠳᠡᠭ ᠪᠠᠢᠯ᠎ᠠ᠃ ᠦ᠋ ᠬᠠᠶ ᠫᠢᠩ ᠬᠡᠳᠦᠢᠪᠡᠷ ᠮᠸᠨᠢᠷ ᠨᠡᠢᠯᠢᠭ ᠬᠡᠮᠳᠦ ᠨᠡᠷᠪᠡᠭ᠌ᠳᠡᠭᠰᠡᠨ ᠪᠤᠯᠪᠠᠴᠤ ᠲᠡᠷᠡ ᠶᠡᠷᠦ᠍᠎ᠡᠴᠡ ᠡᠪᠡᠳᠴᠢᠨ ᠡᠮᠭᠡᠭ᠎ᠤᠨ ᠰᠢᠯᠳᠠᠭᠠᠨ ᠵᠢᠡᠷ ᠴᠢᠯᠥᠭᠡ ᠠᠪᠴᠤ ᠦᠩᠭᠡᠷᠡᠭᠰᠡᠨ ᠥᠬᠡᠶ᠃ ᠨᠢᠭᠡ ᠭᠡᠷ᠎ᠤᠨ ᠵᠢᠡᠨ ᠨᠢᠷᠤᠭᠤ ᠲᠤᠯᠭᠠᠭᠤᠷᠢ ᠪᠤᠯᠤᠭᠰᠠᠨ ᠠᠪᠤ ᠨᠢ ᠯᠢᠦ ᠶᠧ ᠴᠸ᠋ ᠡᠳᠦᠷ ᠪᠦᠷᠢ ᠪᠠᠢᠭᠤᠯᠭ᠎ᠠ᠎ᠳᠠᠭᠠᠨ ᠠᠵᠢᠯ ᠶᠠᠪᠤᠳᠠᠯ ᠵᠢᠡᠨ ᠬᠦᠢᠴᠡᠳᠭᠡᠬᠦ ᠵᠢᠨ ᠬᠠᠮᠲᠤ ᠪᠠᠰᠠ ᠪᠢᠲᠡᠭᠦᠮᠵᠢᠯᠡᠨ ᠡᠵᠡᠮᠳᠡᠵᠦ ᠪᠠᠢᠭ᠎ᠠ ᠰᠠᠭᠤᠭᠠᠯᠢ ᠠᠷᠠᠳ᠎ᠤᠨ ᠲᠤᠭᠤᠷᠢᠬ ᠵᠢᠡᠷ ᠵᠢᠵᠢᠭᠦᠷᠯᠡᠵᠦ᠍᠂ ᠪᠢᠲᠡᠭᠦᠮᠵᠢᠯᠡᠨ ᠡᠵᠡᠮᠳᠡᠬᠦ᠌ ᠠᠵᠢᠯᠲᠠᠨ᠎ᠤ ᠠᠮᠢᠳᠤᠷᠠᠯ᠎ᠤᠨ ᠬᠡᠷᠡᠭ᠌ᠴᠡᠭᠡ ᠶ᠋ᠢ ᠪᠠᠲᠤᠯᠠᠨ᠂ ᠡᠬᠡᠯ ᠵᠢᠷ᠎ᠤᠨ ᠠᠵᠢᠯ᠎ᠤᠨ ᠪᠠᠢᠷᠢ ᠲᠡᠭᠡᠷ᠎ᠡ ᠪᠡᠨ ᠶᠡᠷᠦ ᠪᠤᠰᠤ ᠵᠢᠳᠬᠦᠯ ᠭᠠᠷᠭᠠᠨ᠎ᠠ᠃
ᠬᠢᠵᠢᠭ᠎ᠤᠨ ᠪᠠᠢᠳᠠᠯ ᠪᠤᠯ ᠲᠠᠷᠤᠢ ᠵᠠᠷᠯᠢᠭ ᠮᠦᠨ᠃ ᠪᠠᠢᠨ ᠲᠠᠬᠢᠨ ᠡᠬᠦᠰᠳᠡᠭ ᠬᠢᠵᠢᠭ᠎ᠤᠨ ᠪᠠᠢᠳᠠᠯ᠎ᠤᠨ ᠡᠮᠦᠨ᠎ᠡ ᠲᠦᠮᠡᠨ ᠤᠯᠠᠨ ᠵᠢᠡᠷ ᠵᠢᠡᠨ ᠰᠡᠳᠬᠢᠯ ᠨᠢᠭᠡᠳᠦᠨ《 ᠭᠠᠳᠠᠨ᠎ᠠ ᠡᠴᠡ ᠬᠠᠯᠳᠠᠪᠤᠷᠢᠯᠠᠨ ᠤᠷᠤᠵᠤ ᠢᠷᠡᠬᠦ ᠵᠢ ᠰᠡᠷᠭᠡᠢᠯᠡᠵᠦ᠂ ᠲᠤᠳᠤᠭᠠᠳᠤ ᠳ᠋ᠠᠭᠠᠨ ᠲᠠᠬᠢᠨ ᠲᠡᠯᠭᠡᠷᠡᠬᠦ ᠵᠢ ᠰᠡᠷᠭᠡᠢᠯᠡᠬᠦ》 ᠪᠤᠯᠤᠳ ᠬᠡᠷᠡᠮ᠎ᠢ ᠴᠤᠭᠴᠠᠯᠠᠨ᠎ᠠ᠃ ᠯᠢᠦ ᡁᠢ ᠬᠠᠨ᠎ᠤ ᠨᠢᠭᠡ ᠭᠡᠷ᠎ᠪᠦᠯᠢ ᠵᠢᠨ ᠬᠢᠨ ᠪᠤᠯ ᠲᠡᠳᠡᠭᠡᠷ ᠲᠦᠭ ᠲᠦᠮᠡᠨ ᠤᠯᠠᠨ ᠲᠦᠮᠡᠨ᠎ᠤ ᠲᠤᠳᠤᠷᠠᠬᠢ ᠡᠭᠡᠯ ᠵᠢᠷ᠎ᠤᠨ ᠨᠢᠭᠡ ᠭᠡᠷ ᠪᠦᠯᠢ ᠪᠤᠯᠤᠨ᠎ᠠ᠃ ᠲᠡᠳᠡ ᠵᠠᠪᠠᠯ ᠢᠯᠠᠬᠤ ᠢᠳᠡᠭᠡᠯ ᠵᠤᠷᠢᠭ ᠵᠢᠡᠷ ᠬᠢᠵᠢᠭ ᠲᠠᠢ ᠲᠡᠮᠡᠴᠡᠬᠦ ᠡᠮᠦᠨ᠎ᠡ ᠹᠷᠤᠨᠲ ᠲᠸ᠋ ᠭᠤᠶᠠᠴᠢ ᠦᠭᠡᠢ ᠵᠢᠳᠬᠦᠵᠦ᠍᠂ ᠬᠠᠷᠢᠭᠤᠴᠠᠯᠭᠠᠳᠤ ᠰᠡᠳᠬᠢᠯᠭᠡ ᠡᠬᠦᠷᠭᠡᠳᠦ ᠪᠤᠳᠤᠯ ᠵᠢᠡᠷ ᠠᠷᠠᠳ ᠲᠦᠮᠡᠨ᠎ᠤ ᠠᠮᠢ ᠨᠠᠰᠤᠨ᠎ᠤ ᠠᠮᠤᠷ ᠲᠦᠪᠱᠢᠨ᠎ᠦ ᠰᠡᠷᠭᠡᠢᠯᠡᠯᠲᠡ᠎ᠶ᠋ᠢᠨ ᠱᠤᠭᠤᠮ᠎ᠢ ᠪᠠᠳᠤ ᠰᠠᠬᠢᠵᠤ᠂ ᠠᠮᠢᠳᠤᠷᠠᠬᠤᠢ ᠵᠢᠨ ᠦᠨ᠎ᠡ ᠦᠷᠳᠡᠭ ᠵᠢᠡᠨ ᠢᠯᠡᠷᠡᠬᠦᠯᠦᠨ᠎ᠡ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠹᠦ᠋ ᠭᠸᠨ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃