2020-02-16 16:23:37
ᠲᠠ ᠨᠠᠷ ᠦᠪᠡᠷᠳᠡᠭᠡᠨ ᠵᠠᠰᠠᠬᠤ ᠤᠷᠤᠨ᠎ᠡᠴᠠ ᠬᠤᠪᠸᠢ ᠮᠤᠵᠢ᠎ᠶᠢᠨ ᠰᠢᠨ᠎ᠠ ᠲᠢᠳᠢᠮᠯᠢᠭ ᠠᠭᠤᠰᠬᠢᠨ ᠦᠷᠪᠢᠰᠤᠯ᠎ᠤᠨ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠬᠤᠷᠢᠭᠯᠠᠯᠳᠠ᠎ᠶᠢᠨ ᠲᠠᠢᠯᠠᠯᠳᠤᠭᠠᠨ᠎ᠳ᠋ᠤ ᠲᠤᠰᠠᠯᠠᠬᠤ ᠦᠬᠡᠷ ᠬᠤᠨᠢᠠ ᠮᠢᠬ᠎ᠠ᠎ᠶᠢᠨ ᠬᠠᠩᠭᠠᠯᠭ᠎ᠠ᠎ᠶᠢᠨ ᠡᠭᠦᠷᠭᠡ᠎ᠶᠢ ᠬᠦᠯᠢᠶᠡᠨ ᠠᠪᠴᠤ ᠪᠠᠶᠠᠯᠠᠬᠦᠯᠵᠥ ᠲᠡᠢᠯᠤᠨ᠎ᠠ ᠤᠤ ︖ 2 ᠰᠠᠷ᠎ᠠ᠎ᠶᠢᠨ 10᠎ᠤ ᠦᠳᠡ᠎ᠶᠢᠨ ᠬᠤᠢᠨ᠎ᠠ ᠂ ᠰᠢᠯᠢ᠎ᠶᠢᠨ ᠭᠤᠤᠯ ᠠᠢᠮᠠᠭ᠎ᠤᠨ ᠢ ᠱᠦᠨ ᠯᠠᠯᠤ ᠤᠯᠠᠭᠠᠨ ᠢᠳᠡᠭᠡᠨ᠎ᠤ ᠬᠢᠵᠠᠭᠠᠷᠳᠤ ᠺᠤᠮᠫᠠᠨᠢ᠎ᠶᠢᠨ᠎ᠬᠢᠨ ᠠᠢᠮᠠᠭ᠎ᠤᠨ᠎ᠢᠶᠡᠨ ᠦᠢᠯᠡᠳᠪᠦᠷᠢ ᠬᠤᠳᠠᠯᠳᠤᠭᠠᠨ᠎ᠤ ᠰᠠᠯᠠᠭ᠎ᠠ ᠮᠦᠴᠢᠷ᠎ᠡᠴᠠ ᠢᠷᠡᠭᠦᠯᠦᠭᠰᠡᠨ ᠡᠨᠡ ᠬᠦ ᠪᠠᠴᠢᠮ ᠤᠳᠠᠰᠤ᠎ᠶᠢ ᠲᠤᠰᠤᠯ᠎ᠠ ᠃
︽ ᠤᠳᠠᠰᠤ ᠲᠤᠰᠤᠮᠠᠭᠴᠠ ᠪᠢᠳᠡ ᠲᠠᠷᠤᠢᠬᠠᠨ ᠵᠦᠪᠳᠡᠯᠴᠡᠭᠡᠳ ᠡᠢᠮᠦᠷᠬᠦᠤ ᠰᠢᠢᠳᠪᠦᠷᠢ ᠭᠠᠷᠭᠠᠭᠰᠠᠨ ᠃ ᠨᠠᠮ ᠵᠠᠰᠠᠭ ᠪᠢᠳᠡᠨ᠎ᠢ ᠢᠳᠡᠭᠡᠨ ᠨᠠᠢᠳᠠᠵᠤ ᠪᠤᠢ ᠂ ᠪᠠᠴᠢᠮ ᠵᠠᠡᠭᠭᠢᠯᠠᠭ᠎ᠠ᠎ᠶᠢᠨ ᠴᠠᠭ᠎ᠲᠤ ᠪᠢᠳᠡ ᠬᠠᠢᠷ᠎ᠠ᠎ᠪᠠᠨ ᠡᠷᠬᠦᠵᠤ ᠬᠠᠮᠢᠶ᠎ᠠ ᠪᠦᠬᠦᠢ ᠰᠠᠨᠠᠭᠠᠴᠢᠯᠠᠭ᠎ᠠ᠎ᠶᠢ ᠪᠦᠬᠦ ᠬᠦᠴᠦᠨ᠎ᠢᠶᠠᠷ᠎ᠢᠶᠡᠨ ᠲᠡᠮᠵᠢᠬᠦ ᠴᠢᠬᠤᠯᠠᠳᠠᠢ ᠂ ᠬᠤᠪᠸᠢ᠎ᠶᠢ ᠲᠤᠰᠠᠯᠠᠬᠤ ᠦᠬᠡᠷ ᠬᠤᠨᠢᠨ ᠮᠢᠬᠠᠨ᠎ᠤ ᠪᠦᠲᠦᠭᠡᠭᠳᠡᠬᠦᠨ᠎ᠤ ᠴᠢᠨᠠᠷ ᠴᠢᠨᠰᠠᠭ᠎ᠠ᠎ᠶᠢ ᠵᠠᠪᠠᠯ ᠪᠠᠳᠤᠯᠠᠬᠤ ᠴᠢᠬᠤᠯᠠᠳᠠᠢ ︾ ᠭᠡᠵᠦ ᠢ ᠱᠦᠨ ᠺᠤᠮᠫᠠᠨᠢ᠎ᠶᠢᠨ ᠲᠡᠭᠡᠳᠤ ᠲᠡᠰ᠎ᠤᠨ ᠵᠦᠪᠯᠡᠭᠴᠢ ᠳ᠋ᠢ ᠶᠠᠨ ᠴᠢ ᠰᠤᠷᠪᠤᠯᠵᠢᠯᠠᠭ᠎ᠠ ᠬᠦᠯᠢᠶᠡᠬᠦ᠎ᠳ᠋ᠡᠭᠡᠨ ᠶᠠᠷᠢᠨ᠎ᠠ ᠃ ᠰᠢᠢᠳᠪᠦᠷᠢ ᠭᠠᠷᠭᠠᠮᠠᠭᠴᠠ ᠢ ᠱᠦᠨ ᠺᠣᠮᠫᠠᠨᠢ᠎ᠶᠢᠨ᠎ᠬᠢᠨ ᠲᠠᠷᠤᠢ ᠲᠦᠷᠭᠡᠨ ᠬᠦᠳᠡᠯᠦᠯᠴᠡᠵᠤ ᠂ ᠰᠢᠯᠢᠩᠬᠣᠲᠠ᠎ᠳ᠋ᠤ ᠪᠠᠶᠢᠭ᠎ᠠ ᠪᠤᠰᠤᠳ ᠬᠥᠮᠥᠷᠭᠡ᠎ᠡᠴᠠ ᠨᠢᠭᠡᠨᠳᠡ ᠪᠤᠭᠤᠳᠠᠯᠯᠠᠭᠰᠠᠨ ᠦᠬᠡᠷ ᠬᠤᠨᠢᠨ ᠮᠢᠬᠠᠨ᠎ᠤ ᠪᠦᠲᠦᠭᠡᠭᠳᠡᠬᠦᠨ᠎ᠢᠶᠡᠨ ᠨᠢᠭᠡ ᠲᠤᠤᠷ᠎ᠠ ᠲᠦᠪᠯᠠᠷᠠᠬᠦᠯᠵᠥ ᠂ 10᠎ᠤ ᠤᠷᠤᠢ ᠪᠣᠯᠲᠠᠯ᠎ᠠ 100 ᠲᠣᠨ ᠬᠤᠨᠢᠨ ᠮᠢᠬ᠎ᠠ ᠪᠤᠯᠤᠨ 30 ᠲᠣᠨ ᠦᠬᠡᠷ᠎ᠤᠨ ᠮᠢᠬ᠎ᠠ᠎ᠶᠢ ᠪᠦᠷᠢᠨ ᠪᠡᠯᠡᠳᠭᠡᠨ ᠵᠥᠭᠡᠭᠡᠪᠦᠷᠢᠯᠡᠬᠦ᠎ᠶᠢ ᠬᠦᠯᠢᠶᠡᠯ᠎ᠠ ᠃
2 ᠰᠠᠷ᠎ᠠ᠎ᠶᠢᠨ 10᠎ᠤ ᠡᠳᠤᠷ ᠂ ᠰᠥᠨᠢᠳ ᠪᠠᠷᠠᠭᠤᠨ ᠬᠣᠰᠢᠭᠤᠨ᠎ᠤ ᠰᠠᠶᠢᠬᠠᠨᠲᠠᠯ᠎ᠠ ᠪᠠᠯᠭᠠᠰᠤᠨ᠎ᠳ᠋ᠤ ᠪᠠᠶᠢᠷᠢᠯᠠᠵᠤ ᠪᠠᠶᠢᠭ᠎ᠠ ᠥᠪᠥᠷ ᠮᠣᠩᠭᠣᠯ᠎ᠤᠨ ᠲᠠᠯ᠎ᠠ ᠨᠤᠲᠤᠭ᠎ᠤᠨ ᠸᠠᠨ ᠺᠠᠶ ᠮᠤᠩᠭᠤᠯ ᠤᠯᠠᠭᠠᠨ ᠢᠳᠡᠬᠡᠨ᠎ᠤ ᠦᠶᠯᠡᠰ᠎ᠤᠨ ᠬᠢᠵᠠᠭᠠᠷᠲᠤ ᠺᠣᠮᠫᠠᠨᠢ ᠴᠤ ᠡᠢᠮᠤᠷᠬᠦᠤ ᠪᠠᠴᠢᠮ ᠤᠳᠠᠰᠤ᠎ᠶᠢ ᠲᠤᠰᠴᠠᠢ ᠃ ︽ ᠨᠢᠬᠡ᠎ᠨᠢ ᠬᠦᠴᠢᠷᠳᠡᠪᠡᠯ ᠨᠡᠢᠳᠡᠪᠠᠷᠢᠶᠡᠨ ᠲᠤᠰᠠᠯᠠᠨ᠎ᠠ ᠂ ᠡᠨᠡ ᠪᠤᠯ ᠪᠢᠳᠡᠨ᠎ᠤ ᠢᠷᠠᠭᠤ ᠤᠳᠤᠮᠰᠢᠯ ᠂ ᠮᠦᠨ ᠴᠦ ᠬᠠᠷᠢᠭᠤᠴᠠᠯᠭ᠎ᠠ ᠪᠤᠯᠬᠤ ᠶᠤᠮ ᠃ ᠪᠢ ᠤᠳᠠᠰᠤ ᠲᠤᠰᠤᠮᠠᠭᠴᠠ ᠡᠨᠡ ᠬᠦ ᠡᠭᠦᠷᠭᠡ᠎ᠶᠢ ᠲᠠᠷᠤᠢᠬᠠᠨ ᠬᠦᠯᠢᠶᠡᠵᠤ ᠠᠪᠤᠭᠰᠠᠨ ᠂ ᠤᠳᠤ ᠪᠢᠳᠡ ᠪᠦᠲᠦᠭᠡᠭᠳᠡᠬᠦᠨ᠎ᠢᠶᠡᠨ ᠪᠦᠬᠦᠨ᠎ᠢ ᠪᠡᠯᠡᠳᠭᠡᠬᠡᠳ ᠵᠦᠭᠡᠭᠡᠪᠦᠷᠢ᠎ᠶᠢᠨ ᠮᠠᠰᠢᠨ᠎ᠢ ᠯᠡ ᠬᠦᠯᠢᠶᠡᠵᠤ ᠪᠠᠢᠨ᠎ᠠ ︾ ᠭᠡᠵᠦ ᠸᠠᠨ ᠺᠠᠢ ᠺᠣᠮᠫᠠᠨᠢ᠎ᠶᠢᠨ ᠬᠡᠷᠡᠭ ᠮᠡᠳᠡᠭᠴᠢᠳ᠎ᠤᠨ ᠳᠠᠷᠤᠭ᠎ᠠ ᠪᠦᠬᠡ ᠤᠲᠠᠰᠤ᠎ᠪᠠᠷ ᠰᠤᠷᠪᠤᠯᠵᠢᠯᠠᠬᠴᠢ᠎ᠳ᠋ᠤ ᠶᠠᠷᠢᠨ᠎ᠠ ᠃ ᠦᠢᠯᠡᠳᠪᠤᠷᠢᠯᠡᠯ᠎ᠤᠨ ᠰᠠᠭᠤᠷᠢᠨ᠎ᠢᠶᠡᠨ ᠰᠦᠨᠢᠳ᠎ᠤᠨ ᠲᠠᠯ᠎ᠠ ᠨᠤᠲᠤᠭ᠎ᠲᠤ ᠪᠠᠢᠭᠤᠯᠤᠭᠰᠠᠨ ᠸᠠᠨ ᠺᠠᠶ ᠺᠤᠮᠫᠠᠨᠢ ᠪᠤᠯ ᠨᠢᠲᠤᠯᠬᠤ ᠂ ᠡᠳ᠋ᠰᠢᠭᠦᠯᠬᠦ ᠂ ᠪᠣᠷᠣᠯᠠᠭᠤᠯᠬᠤ ᠵᠡᠷᠭᠡ ᠪᠦᠬᠦ ᠶᠠᠪᠤᠴᠠ᠎ᠶᠢ ᠨᠢᠭᠡ ᠴᠣᠭᠴᠠᠵᠢᠭᠤᠯᠤᠭᠰᠠᠨ ᠤᠯᠠᠭᠠᠨ ᠢᠳᠡᠬᠡᠨ ᠡᠳ᠋ᠰᠢᠬᠦᠯᠵᠤ ᠪᠤᠯᠪᠠᠰᠤᠷᠠᠭᠤᠯᠬᠤ ᠣᠳᠣᠬᠢᠴᠢᠯᠠᠭᠰᠠᠨ ᠠᠵᠤ ᠠᠬᠤᠶᠢᠯᠠᠯ ᠪᠠᠢᠵᠤ ᠂ ᠪᠠᠷᠠᠭ᠎ᠠ ᠬᠠᠩᠭᠠᠬᠤ ᠠᠵᠤ ᠦᠢᠯᠡᠰ᠎ᠤᠨ ᠬᠡᠯᠬᠢᠶ᠎ᠠ᠎ᠶᠢ ᠪᠠᠲᠤᠯᠠᠬᠤ᠎ᠶᠢᠨ ᠲᠥᠯᠥᠭᠡ ᠵᠢᠯ ᠪᠦᠷᠢ ᠲᠤᠭᠳᠠᠭᠰᠠᠨ ᠬᠡᠮᠵᠢᠶᠡᠨ᠎ᠤ ᠦᠬᠡᠷ ᠬᠣᠨᠢᠨ ᠮᠢᠬ᠎ᠠ᠎ᠶᠢ ᠬᠦᠮᠦᠷᠬᠡᠯᠡᠨ ᠬᠠᠳᠠᠭᠠᠯᠠᠳᠠᠭ ᠃ ᠲᠡᠢᠮᠤ ᠪᠤᠯᠬᠤᠷ ᠡᠨᠡ ᠤᠳᠠᠭ᠎ᠠ ᠪᠦᠬᠡ ᠭᠤᠸᠠᠢ ᠤᠯᠠᠭᠠᠨ ᠢᠳᠡᠬᠡᠨ ᠬᠠᠩᠭᠠᠬᠤ ᠡᠭᠦᠷᠭᠡ᠎ᠶᠢ ᠭᠥᠯᠢᠶᠡᠨ ᠠᠪᠤᠮᠠᠭᠴᠠ ᠴᠠᠭ ᠭᠠᠷᠤᠢᠬᠠᠨ ᠬᠤᠭᠤᠴᠠᠭᠠᠨ᠎ᠳ᠋ᠤ 100 ᠲᠣᠨ ᠬᠣᠨᠢᠨ ᠮᠢᠬ᠎ᠠ ᠪᠤᠯᠤᠨ 20 ᠲᠣᠨ ᠦᠬᠡᠷ᠎ᠤᠨ ᠮᠢᠬ᠎ᠠ᠎ᠶᠢ ᠪᠡᠯᠡᠳᠬᠡᠴᠢᠬᠡᠭᠰᠡᠨ ᠠᠵᠢ ᠃
︽ ᠬᠢᠵᠢᠭ᠎ᠤᠨ ᠪᠠᠶᠢᠳᠠᠯ᠎ᠢ ᠰᠡᠷᠭᠡᠶᠢᠯᠡᠨ ᠡᠵᠡᠮᠳᠡᠬᠦ ᠬᠤᠷᠢᠭᠯᠠᠯᠳᠠ᠎ᠶᠢᠨ ᠲᠠᠢᠯᠠᠯᠳᠤᠭᠠᠨ᠎ᠤ ᠢᠯᠠᠯᠲᠠ᠎ᠶᠢᠨ ᠲᠥᠯᠥᠭᠡ ᠨᠢᠭᠡ ᠮᠦᠷᠦ᠎ᠶᠢᠨ ᠬᠦᠴᠤᠨ᠎ᠢᠶᠡᠨ ᠡᠷᠬᠦᠬᠦ ᠪᠤᠯ ᠪᠢᠳᠡᠨ᠎ᠤ ᠬᠠᠷᠢᠭᠤᠴᠠᠯᠭ᠎ᠠ ᠮᠥᠨ ᠃ ᠮᠠᠨ᠎ᠤ ᠰᠢᠯᠢ᠎ᠶᠢᠨ ᠭᠣᠣᠯ᠎ᠤᠨ ᠲᠠᠯ᠎ᠠ ᠨᠤᠲᠤᠭ᠎ᠤᠨ ᠰᠢᠮ᠎ᠡ ᠰᠠᠶᠢᠲᠠᠢ ᠦᠬᠡᠷ ᠬᠤᠨᠢᠨ ᠮᠢᠬ᠎ᠠ ᠡᠷᠲᠡ ᠨᠢᠭᠡ ᠡᠳᠦᠷ ᠬᠤᠪᠸᠢ ᠮᠤᠵᠢ᠎ᠳ᠋ᠤ ᠬᠦᠷᠬᠡᠭᠳᠡᠵᠤ ᠂ ᠬᠢᠵᠢᠭ᠎ᠲᠠᠢ ᠲᠡᠮᠡᠴᠡᠬᠦ ᠡᠮᠦᠨ᠎ᠡ ᠹᠷᠣᠨᠲ᠎ᠤᠨ ᠤᠯᠠᠨ ᠲᠦᠮᠡᠨ᠎ᠳ᠋ᠤ ᠬᠦᠴᠦ ᠨᠡᠮᠡᠬᠦ᠎ᠶᠢ ᠬᠦᠰᠡᠵᠦ ᠪᠠᠶᠢᠨ᠎ᠠ ︕ ︾ ᠭᠡᠵᠦ ᠰᠤᠷᠪᠤᠯᠵᠢᠯᠠᠭ᠎ᠠ᠎ᠶᠢ ᠬᠦᠯᠢᠶᠡᠭᠰᠡᠨ ᠲᠤᠰ ᠬᠤᠶᠠᠷ ᠠᠵᠤ ᠠᠬᠤᠢᠯᠠᠯ᠎ᠤᠨ ᠬᠠᠷᠢᠭᠤᠴᠠᠯᠭᠠᠳᠠᠨ ᠪᠤᠳᠤᠯ ᠨᠢᠬᠡᠳᠠᠢ ᠶᠠᠷᠢᠵᠠᠭᠠᠨ᠎ᠠ ᠃

2 ᠰᠠᠷ᠎ᠠ᠎ᠶᠢᠨ 14᠎ᠤ ᠦᠳᠡᠰᠢ ᠂ 52.1 ᠲᠤᠨ ᠤᠯᠠᠭᠠᠨ ᠢᠳᠡᠬᠡᠨ᠎ᠢ ᠠᠴᠢᠭᠰᠠᠨ ᠪᠤᠶᠢᠨ 767 300 ᠪᠠᠷᠠᠭᠠᠨ᠎ᠤ ᠨᠢᠰᠬᠡᠯ ᠬᠦᠬᠡᠬᠤᠳᠡ᠎ᠶᠢᠨ ᠴᠠᠭᠠᠨ ᠰᠤᠪᠤᠷᠭ᠎ᠠ ᠨᠢᠰᠬᠡᠯ᠎ᠤᠨ ᠪᠠᠭᠤᠳᠠᠯ᠎ᠡᠴᠠ ᠮᠤᠷᠳᠠᠨ 21 ᠴᠠᠭ 24 ᠮᠢᠨᠦ᠋ᠲ᠎ᠤᠨ ᠦᠶ᠎ᠠ᠎ᠪᠠᠷ ᠦᠬᠠᠨ᠎ᠤ ᠲᠢᠶᠠᠨ ᠾᠸ ᠤᠯᠠᠨ ᠤᠯᠤᠰ᠎ᠤᠨ ᠨᠢᠰᠬᠡᠯ᠎ᠤᠨ ᠪᠠᠭᠤᠳᠠᠯ᠎ᠳ᠋ᠤ ᠪᠠᠭᠤᠵᠤ ᠂ ᠦᠪᠡᠷᠳᠡᠬᠡᠨ ᠵᠠᠰᠠᠬᠤ ᠤᠷᠤᠨ᠎ᠡᠴᠠ ᠬᠤᠪᠸᠢ ᠮᠤᠵᠢ᠎ᠶᠢᠨ ᠰᠢᠨ᠎ᠠ ᠲᠢᠳᠢᠮᠯᠢᠭ ᠠᠭᠤᠰᠬᠢᠨ ᠦᠷᠪᠢᠰᠤᠯ᠎ᠤᠨ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠬᠤᠷᠢᠭᠯᠠᠯᠳᠠ᠎ᠶᠢᠨ ᠲᠠᠢᠯᠠᠯᠳᠤᠭᠠᠨ᠎ᠳ᠋ᠤ ᠲᠤᠰᠠᠯᠠᠭᠰᠠᠨ ᠠᠩᠬᠠᠨ᠎ᠤ ᠪᠦᠯᠦᠭ᠎ᠤᠨ ᠤᠯᠠᠭᠠᠨ ᠢᠳᠡᠬᠡᠨ ᠦᠪᠤᠷ ᠮᠤᠩᠭᠤᠯ᠎ᠤᠨ ᠲᠠᠯ᠎ᠠ ᠨᠤᠳᠤᠭ᠎ᠡᠴᠠ ᠦᠬᠠᠨ ᠬᠤᠳᠠ᠎ᠳ᠋ᠤ ᠬᠦᠷᠴᠠᠢ ᠃ ᠤᠢᠯᠠᠭᠠᠭᠰᠠᠨ᠎ᠢᠶᠠᠷ ᠂ ᠦᠪᠤᠷ ᠮᠤᠩᠭᠤᠯ ᠬᠤᠪᠸᠢ ᠮᠤᠵᠢ᠎ᠳ᠋ᠤ ᠨᠡᠢᠳᠡ 400 ᠲᠤᠨ ᠤᠯᠠᠭᠠᠨ ᠢᠳᠡᠬᠡᠨ ᠲᠤᠰᠠᠯᠠᠬᠤ᠎ᠪᠠᠷ ᠪᠤᠯᠵᠤ ᠂ ᠦᠯᠡᠳᠡᠭᠰᠡᠨ 350 ᠲᠤᠨ ᠰᠢᠬᠠᠮ ᠤᠯᠠᠭᠠᠨ ᠢᠳᠡᠬᠡᠨ᠎ᠢ ᠵᠠᠯᠭᠠᠭ᠎ᠠ᠎ᠪᠠᠷ ᠦᠬᠠᠨ ᠬᠤᠳᠠ᠎ᠳ᠋ᠤ ᠬᠦᠷᠬᠡᠬᠦ ᠪᠤᠯᠤᠨ᠎ᠠ ᠃ ᠵᠢᠷᠤᠭ ᠪᠤᠯ ᠬᠦᠬᠡᠬᠤᠳᠠ᠎ᠶᠢᠨ ᠴᠠᠭᠠᠨ ᠰᠤᠪᠤᠷᠭ᠎ᠠ ᠨᠢᠰᠬᠡᠯ᠎ᠤᠨ ᠪᠠᠭᠤᠳᠠᠯ᠎ᠤᠨ ᠠᠵᠢᠯᠴᠢᠳ ᠬᠤᠪᠸᠢ᠎ᠳ᠋ᠤ ᠲᠤᠰᠠᠯᠠᠭᠰᠠᠨ ᠤᠯᠠᠭᠠᠨ ᠢᠳᠡᠬᠡᠨ᠎ᠢ ᠨᠢᠰᠬᠡᠯ᠎ᠳ᠋ᠤ ᠭᠠᠷᠭᠠᠵᠤ ᠪᠠᠢᠭ᠎ᠠ᠎ᠨᠢ ᠃
ᠰᠢᠨᠬᠤᠸᠠ ᠬᠤᠷᠢᠶᠠᠨ᠎ᠤ ᠰᠤᠷᠪᠤᠯᠵᠢᠯᠠᠭᠴᠢ ᠢᠤᠢ ᠵᠢᠶᠠ ᠰᠡᠬᠦᠳᠡᠷᠯᠡᠪᠡ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠠᠷᠢᠭᠤᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃