2020-02-26 13:19:54
ᠬᠠᠪᠤᠷ᠎ᠤᠨ ᠲᠦᠯ ᠲᠤᠰᠬᠤ ᠵᠠᠩᠬᠢᠯᠠᠭ᠎ᠠ ᠴᠠᠭ ᠦᠶ᠎ᠡ ᠬᠦᠷᠴᠦ ᠢᠷᠡᠬᠦ᠎ᠪᠠᠷ ᠤᠷᠠᠳ᠎ᠤᠨ ᠬᠤᠢᠲᠤ ᠬᠤᠰᠢᠭᠤ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠠᠵᠢᠯ᠎ᠢ ᠴᠢᠩᠭ᠎ᠠ ᠨᠠᠢᠳᠠᠪᠤᠷᠢᠵᠢᠭᠤᠯᠬᠤ᠎ᠶᠢᠨ ᠬᠠᠮᠲᠤ ᠂ ᠤᠯᠠᠨ ᠠᠷᠭ᠎ᠠ ᠬᠡᠮᠵᠢᠶ᠎ᠡ ᠠᠪᠴᠤ ᠮᠠᠯᠴᠢᠳ᠎ᠤᠨ ᠲᠦᠯ ᠲᠤᠰᠬᠤ ᠠᠵᠢᠯ᠎ᠤᠨ ᠤᠷᠤᠭᠰᠢᠲᠠᠢ ᠶᠠᠪᠤᠭᠳᠠᠬᠤ᠎ᠶᠢ ᠪᠠᠲᠤᠯᠠᠵᠤ ᠪᠠᠢᠨ᠎ᠠ ᠃
ᠡᠮᠦᠨ᠎ᠡ ᠬᠤᠶᠠᠷ ᠡᠳᠦᠷ ᠂ ᠪᠠᠶᠠᠨᠴᠢᠨᠳᠠᠮᠤᠨᠢ ᠰᠤᠮᠤᠨ᠎ᠤ ᠪᠠᠶᠠᠩᠤᠤᠯ ᠭᠠᠴᠠᠭᠠᠨ᠎ᠤ ᠮᠠᠯᠴᠢᠨ ᠮᠦᠩᠭᠦᠠᠠᠠᠭᠤᠯᠠ ᠬᠡᠷᠡᠴᠠᠪᠠᠨ ᠤᠢᠷᠠᠯᠴᠠᠭ᠎ᠠ ᠪᠠᠢᠬᠤ ᠪᠤᠶᠠᠨᠳᠤ ᠡᠪᠡᠰᠦ ᠪᠤᠷᠳᠤᠭᠠᠨ᠎ᠤ ᠪᠠᠴᠢᠮ᠎ᠢ ᠠᠷᠭᠠᠴᠠᠭᠠᠬᠤ ᠬᠠᠳᠠᠭᠠᠯᠠᠮᠵᠢ᠎ᠶᠢᠨ ᠬᠦᠮᠦᠷᠭᠡ᠎ᠳ᠋ᠤ ᠬᠦᠷᠴᠦ ᠂ 1 ᠲᠤᠨ ᠡᠪᠡᠰᠦ ᠪᠤᠷᠳᠤᠭ᠎ᠠ ᠬᠤᠪᠢᠳᠠᠵᠤ ᠤᠯᠪᠠ ᠃ ᠡᠨᠡ᠎ᠨᠢ ᠨᠥᠬᠡᠴᠡᠯᠡᠭᠰᠡᠨ ᠡᠪᠡᠰᠦ ᠪᠤᠷᠳᠤᠭ᠎ᠠ᠎ᠨᠢ ᠬᠦᠷᠦᠯᠴᠡᠬᠦ ᠦᠭᠡᠢ ᠰᠠᠨᠳᠤᠷᠴᠤ ᠪᠠᠢᠭᠰᠠᠨ ᠮᠦᠩᠭᠦᠡᠠᠠᠭᠤᠯᠠᠳ᠋ᠤ ᠶᠤᠰᠤᠳᠠᠢ ︽ ᠲᠠᠭᠠᠷᠠᠭᠰᠠᠨ ᠬᠦᠮᠦᠨ᠎ᠳ᠋ᠤ ᠲᠠᠬᠤ ᠬᠦᠷᠭᠡᠭᠰᠡᠨ ︾ ᠶᠠᠪᠤᠳᠠᠯ ᠪᠤᠯᠪᠠ ᠃
︽ ᠬᠢᠵᠢᠭ ᠰᠡᠷᠭᠡᠢᠯᠡᠨ ᠡᠵᠡᠮᠳᠡᠬᠦ ᠬᠤᠭᠤᠴᠠᠭᠠᠨ᠎ᠳ᠋ᠤ ᠂ ᠨᠠᠭᠠᠰᠢ ᠴᠠᠭᠠᠰᠢ ᠶᠠᠪᠤᠬᠤ᠎ᠳ᠋ᠤ ᠲᠦᠭᠦᠮ ᠦᠭᠡᠢ ᠪᠠᠢᠳᠠᠭ ᠃ ᠤᠳᠤ ᠶᠠᠭ ᠲᠦᠯ ᠲᠤᠰᠴᠤ ᠪᠠᠢᠬᠤ ᠦᠶ᠎ᠡ ᠂ ᠲᠦᠯ ᠮᠠᠯ᠎ᠤᠨ ᠬᠡᠳᠡᠰᠦ ᠴᠠᠳᠬᠤᠯᠠᠩ ᠪᠠᠢᠬᠤ᠎ᠶᠢ ᠪᠠᠳᠤᠯᠠᠬᠤ ᠪᠤᠯ ᠬᠠᠮᠤᠭ᠎ᠤᠨ ᠴᠢᠬᠤᠯᠠ ᠶᠠᠪᠤᠳᠠᠯ ᠶᠤᠮ ᠃ ᠬᠤᠰᠢᠭᠤᠨ᠎ᠤ ᠵᠠᠰᠠᠭ᠎ᠤᠨ ᠤᠷᠳᠤᠨ᠎ᠡᠴᠠ ᠰᠤᠮᠤ ᠪᠠᠯᠭᠠᠰᠤᠨ᠎ᠳ᠋ᠤ ᠵᠢᠭᠠᠪᠤᠷᠢ ᠦᠭᠴᠦ ᠮᠠᠯᠴᠢᠳ᠎ᠲᠤ ᠴᠠᠭ ᠲᠤᠬᠠᠢ᠎ᠳ᠋ᠤᠨᠢ ᠡᠪᠡᠰᠦ ᠪᠤᠷᠳᠤᠭ᠎ᠠ ᠬᠠᠩᠭᠠᠵᠤ ᠦᠭᠭᠦᠨ ᠂ ᠮᠠᠯᠴᠢᠳ᠎ᠤᠨ ᠲᠦᠯ ᠲᠤᠰᠬᠤ ᠠᠵᠢᠯ᠎ᠳ᠋ᠤ ᠲᠦᠰᠢᠭ ᠲᠡᠮᠵᠢᠯᠬᠡ ᠦᠵᠡᠬᠦᠯᠥᠭᠰᠡᠨ᠎ᠳ᠋ᠤ ᠪᠢᠲᠡ ᠮᠠᠰᠢ ᠪᠠᠶᠠᠷᠯᠠᠨ ᠲᠠᠯᠠᠷᠬᠠᠵᠤ ᠪᠠᠢᠨ᠎ᠠ ᠃ ᠬᠢᠵᠢᠭ᠎ᠤᠨ ᠪᠠᠢᠳᠠᠯ ᠬᠡᠴᠡᠬᠦᠦ ᠴᠤ ᠮᠠᠯᠴᠢᠳ᠎ᠤᠨ ᠲᠦᠯ ᠲᠤᠰᠴᠤ ᠤᠨᠳᠤᠷᠤᠯᠢ ᠪᠠᠲᠤᠯᠠᠬᠤ ᠠᠵᠢᠯ ᠯᠠᠪᠲᠠᠢ ᠮᠠᠰᠢ ᠢᠯᠭᠤᠮ ᠤᠷᠤᠭᠰᠢᠳᠠᠢ ᠪᠤᠯᠤᠨ᠎ᠡ ᠬᠡᠳᠡᠭ᠎ᠲᠤ ᠲᠤᠩ ᠢᠲᠡᠭᠡᠯ᠎ᠲᠠᠢ ᠪᠠᠢᠨ᠎ᠠ ︾ ᠬᠡᠵᠤ ᠮᠦᠩᠭᠦᠠᠠᠠᠭᠤᠯᠠ ᠪᠠᠶᠠᠷᠲᠠᠢ ᠶᠠᠷᠢᠪᠠ ᠃

ᠮᠠᠯᠴᠢᠳ ᠦᠨ᠎ᠡ ᠲᠦᠯᠦᠪᠦᠷᠢ ᠦᠭᠡᠢ᠎ᠪᠠᠷ ᠬᠤᠪᠢᠳᠠᠭᠰᠠᠨ ᠡᠪᠡᠰᠦ ᠪᠤᠷᠳᠤᠭ᠎ᠠ᠎ᠪᠠᠷ ᠢᠰᠢᠭᠡ ᠬᠤᠷᠠᠭ᠎ᠠ᠎ᠪᠠᠨ ᠲᠡᠵᠢᠭᠡᠵᠤ ᠪᠠᠢᠭ᠎ᠠ᠎ᠨᠢ ᠃
ᠰᠤᠷᠪᠤᠯᠵᠢᠯᠠᠬᠴᠢ ᠲᠡᠬᠦᠰᠪᠢᠯᠢᠭ ᠰᠡᠬᠦᠳᠡᠷᠯᠡᠪᠡ
ᠮᠠᠯᠵᠢᠬᠤ ᠤᠷᠤᠨ᠎ᠤ ᠲᠦᠯ ᠲᠤᠰᠬᠤ ᠬᠤᠭᠤᠴᠠᠭᠠᠨ᠎ᠳ᠋ᠤ ᠡᠬᠡ ᠮᠠᠯ᠎ᠨᠢ ᠴᠠᠤᠡᠬᠤᠯᠠᠩ ᠡᠰᠡᠬᠦ᠎ᠨᠢ ᠲᠦᠯ ᠮᠠᠯ᠎ᠤᠨ ᠤᠨᠳᠤᠷᠤᠯ᠎ᠤᠨ ᠨᠤᠷᠮ᠎ᠠ᠎ᠶᠢ ᠰᠢᠭᠤᠳ ᠨᠦᠯᠦᠭᠡᠯᠡᠵᠦ ᠂ ᠲᠦᠯ ᠮᠠᠯ᠎ᠤᠨ ᠤᠨᠳᠤᠷᠤᠯ᠎ᠨᠢ ᠬᠠᠷᠢᠨ ᠮᠠᠯᠴᠢᠳ᠎ᠤᠨ ᠪᠦᠬᠦᠯᠢ ᠵᠢᠯ᠎ᠤᠨ ᠮᠠᠯᠵᠢᠯ ᠦᠢᠯᠡᠳᠪᠦᠷᠢᠯᠡᠯ᠎ᠤᠨ ᠤᠷᠤᠯᠭ᠎ᠠ᠎ᠶᠢ ᠨᠦᠯᠦᠭᠡᠯᠡᠵᠦ ᠪᠠᠢᠳᠠᠭ ᠃ ᠬᠡᠨᠡᠳᠲᠡ᠎ᠶᠢᠨ ᠡᠭᠦᠰᠦᠭᠰᠡᠨ ᠡᠨᠡ ᠬᠦ ᠬᠢᠵᠢᠭ᠎ᠤᠨ ᠪᠠᠢᠳᠠᠯ᠎ᠨᠢ ᠬᠡᠳᠦᠢᠢᠪᠡᠷ ᠡᠪᠡᠰᠦ ᠪᠤᠷᠳᠤᠭᠠᠨ᠎ᠤ ᠲᠡᠭᠡᠭᠡᠪᠦᠷᠢ᠎ᠳ᠋ᠤ ᠵᠤᠬᠢᠬᠤ ᠬᠡᠮᠵᠢᠶᠡᠨ᠎ᠤ ᠬᠦᠴᠢᠷᠳᠡᠯ ᠤᠴᠠᠷᠠᠭᠤᠯᠤᠭᠰᠠᠨ ᠪᠤᠯᠪᠠᠴᠤ ᠂ ᠤᠷᠠᠳ᠎ᠤᠨ ᠬᠤᠢᠲᠤ ᠬᠤᠰᠢᠭᠤ ᠬᠠᠷᠢᠨ ᠪᠠᠴᠢᠮ ᠪᠠᠶᠢᠳᠠᠯ᠎ᠢ ᠠᠷᠭᠠᠴᠠᠭᠠᠬᠤ ᠡᠪᠡᠰᠦ ᠪᠤᠷᠳᠤᠭᠠᠨ᠎ᠤ ᠬᠠᠳᠠᠭᠠᠯᠠᠮᠵᠢ᠎ᠳᠠᠭᠠᠨ ᠲᠦᠰᠢᠭᠯᠡᠨ ᠂ ᠬᠢᠵᠢᠭ᠎ᠢ ᠰᠡᠷᠭᠡᠢᠯᠡᠨ ᠡᠵᠡᠮᠳᠡᠬᠦ ᠤᠨᠴᠠᠭᠠᠢ ᠴᠠᠭ ᠦᠶ᠎ᠡ᠎ᠳ᠋ᠤ ᠮᠠᠯᠴᠢᠳ᠎ᠤᠨ ᠡᠩ᠎ᠤᠨ ᠦᠢᠯᠡᠳᠪᠦᠷᠢᠯᠡᠯ᠎ᠢ ᠪᠠᠲᠤᠯᠠᠭᠰᠠᠨ ᠪᠠᠢᠨ᠎ᠠ ᠃
2018 ᠤᠨ᠎ᠳ᠋ᠤ ᠤᠷᠠᠳ᠎ᠤᠨ ᠲᠠᠯ᠎ᠠ ᠨᠤᠳᠤᠭ ᠬᠦᠨᠳᠦ ᠨᠤᠴᠢᠲᠠᠢ ᠭᠠᠩ ᠬᠠᠭᠰᠠᠷᠠᠭᠠᠨ᠎ᠳ᠋ᠤ ᠲᠠᠭᠠᠷᠢᠭᠳᠠᠵᠤ ᠂ ᠮᠠᠯᠴᠢᠳ ᠬᠦᠨᠳᠦ ᠨᠤᠴᠢᠲᠠᠢ ᠬᠤᠬᠢᠷᠠᠯ ᠠᠮᠰᠠᠭᠰᠠᠨ ᠶᠤᠮ ᠃ ᠮᠠᠯᠴᠢᠳ᠎ᠤᠨ ᠬᠦᠴᠢᠷᠳᠡᠯ᠎ᠢ ᠢᠯᠠᠨ ᠲᠠᠪᠠᠬᠤ ᠴᠢᠳᠠᠪᠤᠷᠢ᠎ᠶᠢ ᠲᠡᠭᠡᠭᠰᠢᠯᠡᠭᠦᠯᠬᠦ᠎ᠶᠢᠨ ᠲᠤᠯᠠᠳᠠ ᠂ ᠲᠤᠰ ᠬᠤᠰᠢᠭᠤ 3 ᠮᠠᠯᠵᠢᠬᠤ ᠰᠤᠮᠤ ᠪᠠᠯᠭᠠᠰᠤᠨ᠎ᠳ᠋ᠤ ᠪᠠᠴᠢᠮ ᠪᠠᠶᠢᠳᠠᠯ᠎ᠢ ᠠᠷᠭᠠᠴᠠᠭᠠᠬᠤ 8 ᠡᠪᠡᠰᠦ ᠪᠤᠷᠳᠤᠭᠠᠨ᠎ᠤ ᠬᠠᠳᠠᠭᠠᠯᠠᠮᠵᠢ᠎ᠶᠢᠨ ᠬᠦᠮᠦᠷᠭᠡ ᠪᠠᠢᠭᠤᠯᠪᠠ ᠃ ᠮᠠᠯᠵᠢᠬᠤ ᠤᠷᠤᠨ᠎ᠤ ᠡᠯ᠎ᠡ ᠴᠢᠬᠤᠯᠠ ᠴᠡᠭ᠎ᠲᠤ ᠪᠠᠢᠷᠢᠯᠠᠭᠰᠠᠨ ᠬᠠᠳᠠᠭᠠᠯᠠᠮᠵᠢ᠎ᠶᠢᠨ ᠬᠦᠮᠦᠷᠭᠡ᠎ᠨᠢ ᠡᠪᠡᠰᠦ ᠪᠤᠷᠳᠤᠭ᠎ᠠ ᠵᠦᠭᠡᠭᠡᠪᠦᠷᠢᠯᠡᠬᠦ ᠠᠷᠭ᠎ᠠ ᠦᠭᠡᠢ ᠤᠨᠴᠠᠭᠠᠢ ᠦᠶ᠎ᠡ᠎ᠳ᠋ᠤ ᠮᠠᠯᠴᠢᠳ᠎ᠤᠨ ᠦᠢᠯᠡᠳᠪᠦᠷᠢᠯᠡᠯ᠎ᠤᠨ ᠬᠡᠷᠡᠭᠴᠡᠭᠡ᠎ᠶᠢ ᠠᠯᠢ ᠤᠢᠷᠠᠬᠠᠨ᠎ᠡᠴᠠ ᠨᠦᠬᠦᠪᠦᠷᠢᠯᠡᠵᠦ ᠲᠡᠢᠯᠤᠨᠡ ᠃ ᠤᠳᠤ ᠤᠷᠠᠳ᠎ᠤᠨ ᠬᠤᠢᠲᠤ ᠬᠤᠰᠢᠭᠤᠨ᠎ᠤ ᠪᠠᠴᠢᠮ ᠪᠠᠶᠢᠳᠠᠯ᠎ᠢ ᠠᠷᠭᠠᠴᠠᠭᠠᠬᠤ 8 ᠡᠪᠡᠰᠦ ᠪᠤᠷᠳᠤᠭᠠᠨ᠎ᠤ ᠬᠠᠳᠠᠭᠠᠯᠠᠮᠵᠢ᠎ᠶᠢᠨ ᠬᠦᠮᠦᠷᠭᠡ᠎ᠳ᠋ᠤ ᠡᠯ᠎ᠡ ᠵᠦᠢᠯ᠎ᠤᠨ ᠡᠪᠡᠰᠦ ᠪᠤᠷᠳᠤᠭ᠎ᠠ ᠨᠡᠢᠲᠡ 26000 ᠲᠤᠨ ᠤᠷᠴᠢᠮ ᠬᠠᠳᠠᠭᠠᠯᠠᠵᠤ ᠂ ᠬᠢᠵᠢᠭ᠎ᠤᠨ ᠪᠠᠢᠳᠠᠯ᠎ᠢ ᠰᠡᠷᠭᠡᠢᠯᠡᠬᠦ ᠬᠤᠭᠤᠴᠠᠭᠠᠨ᠎ᠳ᠋ᠤ ᠮᠠᠯᠴᠢᠳ᠎ᠤᠨ ᠦᠢᠯᠡᠳᠪᠦᠷᠢᠯᠡᠯ᠎ᠤᠨ ᠬᠡᠷᠡᠭᠴᠡᠭᠡ᠎ᠶᠢ ᠪᠦᠲᠦᠮᠵᠢᠲᠡᠢ ᠪᠠᠳᠤᠯᠠᠵᠤ ᠪᠠᠢᠨ᠎ᠠ ᠃ ᠪᠠᠴᠢᠮ ᠪᠠᠢᠳᠠᠯ᠎ᠢ ᠠᠷᠭᠠᠴᠠᠭᠠᠬᠤ ᠡᠪᠡᠰᠦ ᠪᠤᠷᠳᠤᠭ᠎ᠠ᠎ᠶᠢ ᠦᠨ᠎ᠡ ᠲᠦᠯᠦᠪᠦᠷᠢ ᠦᠭᠡᠢ ᠬᠠᠩᠭᠠᠵᠤ ᠦᠭᠭᠦ᠎ᠡᠴᠠ ᠭᠠᠳᠠᠨ᠎ᠠ ᠂ ᠲᠤᠰ ᠬᠤᠰᠢᠭᠤ ᠪᠠᠰᠠ 84 ᠲᠦᠮᠡᠨ ᠲᠦᠭᠦᠷᠢᠭ᠎ᠤᠨ ᠲᠤᠰᠬᠠᠢ ᠬᠡᠷᠡᠭᠯᠡᠭᠡᠨ᠎ᠤ ᠪᠡᠯᠡ ᠮᠦᠩᠭᠦ ᠪᠠᠭᠤᠯᠭᠠᠵᠤ ᠂ ᠮᠠᠯᠴᠢᠳ᠎ᠤᠨ ᠦᠢᠯᠡᠳᠪᠦᠷᠢᠯᠡᠯ᠎ᠤᠨ ᠬᠡᠷᠡᠭᠰᠡᠯ᠎ᠤᠨ ᠬᠡᠷᠡᠭᠴᠡᠭᠡ᠎ᠶᠢ ᠪᠠᠲᠤᠯᠠᠬᠤ᠎ᠳ᠋ᠤ ᠬᠡᠷᠡᠭᠯᠡᠵᠤ ᠪᠠᠢᠨ᠎ᠠ ᠃ ᠤᠳᠤᠬᠠᠨ ᠪᠤᠯᠲᠠᠯ᠎ᠠ ᠂ ᠲᠤᠰ ᠬᠤᠰᠢᠭᠤᠨ᠎ᠤ᠎ᠬᠢᠨ ᠨᠡᠢᠲᠡ 10.6 ᠲᠦᠮᠡ ᠭᠠᠷᠤᠢ ᠪᠤᠬ ᠮᠠᠯ᠎ᠤᠨ ᠲᠦᠯ ᠂ 4000 ᠭᠠᠷᠤᠢ ᠪᠤᠳᠠ ᠮᠠᠯ᠎ᠤᠨ ᠲᠦᠯ ᠲᠤᠰᠴᠠᠢ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠠᠷᠢᠭᠤᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃