2020-03-03 10:55:38
ᠰᠠᠷ᠎ᠠ ᠭᠠᠷᠤᠢ ᠰᠠᠮᠭᠤᠷᠠᠭᠰᠠᠨ ᠬᠢᠵᠢᠭ᠎ᠤᠨ ᠪᠠᠢᠳᠠᠯ ᠤᠷᠴᠢᠮ᠎ᠤᠨ ᠡᠳᠦᠷ ᠠᠭᠠᠵᠢᠮ᠎ᠢᠶᠠᠷ ᠨᠠᠮᠳᠠᠵᠤ ᠂ ᠡᠪᠡᠳᠴᠢᠲᠡᠨ ᠡᠳᠡᠭᠡᠷᠡᠨ ᠡᠮᠨᠡᠯᠭᠡ᠎ᠡᠴᠠ ᠭᠠᠷᠤᠭᠰᠠᠨ ᠪᠠᠶᠠᠷ᠎ᠤᠨ ᠴᠢᠮᠡᠭᠡ ᠨᠠᠢᠵᠠ᠎ᠶᠢᠨ ᠲᠤᠭᠤᠷᠢᠭ ᠂ ᠵᠢᠷᠭᠢᠶ᠎ᠡ ᠰᠦᠯᠵᠢᠶ᠎ᠡ᠎ᠪᠠᠷ ᠰᠠᠴᠤᠭᠲᠠᠵᠤ ᠂ ᠡᠮᠦᠨ᠎ᠡ ᠹᠷᠤᠨᠲ᠎ᠲᠤ ᠠᠵᠢᠯᠯᠠᠵᠦ ᠪᠠᠢᠭ᠎ᠠ ᠡᠮᠴᠢ ᠨᠠᠷ ᠴᠤ ᠭᠦᠨ ᠭᠡᠭᠴᠢ ᠠᠮᠢᠰᠬᠤᠯ᠎ᠠ ᠃ ︽ ᠬᠢᠵᠢᠭ ᠳᠡᠯᠭᠡᠷᠡᠭᠰᠡᠨ ᠲᠡᠷᠡ ᠮᠦᠴᠡ᠎ᠡᠴᠠ ᠡᠪᠡᠳᠴᠢᠲᠡᠨ᠎ᠢ ᠡᠮᠨᠡᠨ ᠵᠠᠰᠠᠬᠤ ᠠᠵᠢᠯ᠎ᠳ᠋ᠤ ᠪᠡᠶ᠎ᠡ᠎ᠪᠠᠷ᠎ᠢᠶᠡᠨ ᠤᠷᠤᠯᠴᠠᠭᠰᠠᠨ ᠤᠯᠠᠭᠠᠨᠬᠠᠳᠠ ᠬᠤᠲᠠ᠎ᠶᠢᠨ ᠬᠠᠯᠳᠠᠪᠤᠷᠢᠲᠦ ᠡᠪᠡᠳᠴᠢᠨ᠎ᠢ ᠰᠡᠷᠭᠡᠢᠯᠡᠨ ᠵᠠᠰᠠᠬᠤ ᠡᠮᠨᠡᠯᠭᠡ᠎ᠶᠢᠨ ᠬᠤᠷᠢᠶᠠᠨ᠎ᠤ ᠡᠮᠴᠢ ᠂ ᠬᠠᠮᠲᠤ ᠰᠤᠷᠤᠯᠭᠠᠳᠠᠨ ᠨᠠᠰᠤᠨᠳᠠᠯᠠᠢ᠎ᠳᠠᠭᠠᠨ ᠪᠢᠰᠢᠷᠡᠯ ᠬᠦᠨᠳᠦᠳᠭᠡᠯ᠎ᠤᠨ ᠰᠡᠳᠭᠢᠯᠭᠡ᠎ᠪᠠᠨ ᠳᠡᠪᠰᠢᠭᠦᠯᠦᠶ᠎ᠡ ︾ ᠭᠡᠰᠡᠨ ᠨᠠᠢᠵᠠ᠎ᠶᠢᠨ ᠲᠤᠭᠤᠷᠢᠭ᠎ᠲᠤ ᠲᠠᠷᠬᠠᠭᠰᠠᠨ ᠴᠢᠮᠡᠭᠡ᠎ᠶᠢ ᠠᠵᠠ᠎ᠪᠠᠷ ᠤᠯᠵᠤ ᠤᠩᠰᠢᠭᠰᠠᠨ ᠰᠤᠷᠪᠤᠯᠵᠢᠯᠠᠭᠴᠢ ᠲᠦᠭ ᠲᠦᠮᠡᠨ ᠡᠮᠴᠢ ᠰᠤᠪᠢᠯᠠᠭᠴᠢ᠎ᠲᠠᠢ ᠢᠳᠡᠬᠡᠯ ᠰᠡᠳᠬᠢᠯ᠎ᠢᠶᠡᠨ ᠬᠤᠯᠪᠤᠵᠤ ᠭᠠᠪᠰᠢᠭᠠᠢᠯᠠᠨ ᠠᠵᠢᠯᠯᠠᠵᠤ ᠪᠠᠢᠭ᠎ᠠ ᠮᠤᠩᠭᠤᠯ ᠵᠠᠯᠠᠭᠤ ᠨᠠᠰᠤᠨᠳᠠᠯᠠᠢ᠎ᠡᠴᠠ ᠰᠤᠷᠪᠤᠯᠵᠢᠯᠠᠭ᠎ᠠ ᠠᠪᠤᠭᠰᠠᠨ ᠪᠢᠯᠡ ᠃
︽ ᠬᠡᠯᠡᠮᠡᠷ ᠶᠠᠭᠤ ᠪᠠᠢᠬᠤᠪ ᠳ᠋ᠠ ︕ ᠬᠢᠪᠡᠰᠦ ᠵᠤᠬᠢᠬᠤ ᠵᠦᠢᠯ᠎ᠢᠶᠡᠨ ᠬᠢᠭᠰᠡᠨ ᠲᠡᠳᠦᠢ ᠯᠡ ᠶᠤᠮ ᠴᠢᠨᠢ ︾ ᠭᠡᠵᠦ ᠨᠠᠰᠤᠨᠲᠠᠯᠠᠢ ᠰᠤᠷᠪᠤᠯᠵᠢᠯᠠᠭ᠎ᠠ ᠬᠦᠯᠢᠶᠡᠬᠦ ᠪᠤᠯᠤᠭᠰᠠᠨ᠎ᠳᠠᠭᠠᠨ ᠵᠢᠭᠠᠬᠠᠨ ᠡᠪ ᠦᠭᠡᠢᠳᠡᠵᠦ ᠂ ᠬᠡᠯᠡᠮᠡᠷ ᠶᠠᠭᠤᠮ᠎ᠠ ᠪᠠᠢᠬᠤ ᠦᠭᠡᠢ ᠶᠠᠷᠢᠮᠠᠷ ᠵᠦᠢᠯᠡᠰ ᠤᠯᠳᠠᠬᠤ ᠦᠭᠡᠢ ᠭᠡᠵᠦ ᠯᠡ ᠪᠠᠢᠯ᠎ᠠ ᠃

ᠤᠩᠨᠢᠭᠤᠳ ᠬᠤᠰᠢᠭᠤᠨ᠎ᠤ ᠰᠢᠨᠡᠰᠦ᠋ᠮ᠎ᠡ ᠰᠤᠮᠤ᠎ᠶᠢᠨ ᠪᠠᠶᠠᠨᠰᠢᠭᠤᠢ ᠭᠠᠴᠠᠭ᠎ᠠ᠎ᠳ᠋ᠤ ᠨᠤᠲᠤᠭ᠎ᠲᠠᠢ ᠲᠡᠷᠡ᠎ᠪᠠᠷ ᠤᠯᠠᠭᠠᠨᠬᠠᠳᠠ ᠬᠤᠲᠠ᠎ᠶᠢᠨ ᠬᠠᠯᠳᠠᠪᠤᠷᠢᠲᠤ ᠡᠪᠡᠳᠴᠢᠨ᠎ᠢ ᠰᠡᠷᠭᠡᠢᠯᠡᠨ ᠵᠠᠰᠠᠬᠤ ᠡᠮᠨᠡᠯᠭᠡ᠎ᠶᠢᠨ ᠬᠤᠷᠢᠶᠠᠨ᠎ᠤ ᠠᠮᠢᠰᠬᠤᠯ᠎ᠤᠨ ᠲᠤᠳᠤᠷ ᠡᠮᠨᠡᠯᠭᠡ᠎ᠶᠢᠨ ᠲᠠᠰᠤᠭ᠎ᠲᠤ ᠠᠵᠢᠯᠯᠠᠳᠠᠭ ᠃ ᠡᠮᠴᠢ᠎ᠶᠢᠨ ᠠᠵᠢᠯ ᠭᠡᠵᠦ ᠶᠡᠷᠦ᠎ᠨᠢ ᠶᠠᠭᠠᠷᠠᠯᠲᠠᠢ ᠂ ᠵᠢᠯ ᠴᠠᠭᠠᠨ ᠰᠠᠷ᠎ᠠ ᠴᠤ ᠵᠢᠵᠢᠭᠦᠷᠯᠡᠬᠦ ᠬᠦᠮᠦᠨ ᠲᠤᠳᠠᠵᠤ ᠪᠤᠯᠬᠤ ᠦᠭᠡᠢ ᠃ ᠡᠨᠡ ᠵᠢᠯ᠎ᠤᠨ ᠪᠢᠲᠡᠭᠦᠨ᠎ᠳ᠋ᠤ ᠵᠢᠵᠢᠭᠦᠷᠯᠡᠬᠦ ᠡᠭᠡᠯᠵᠢ ᠲᠠᠭᠠᠷᠠᠭᠰᠠᠨ ᠨᠠᠰᠤᠨᠳᠠᠯᠠᠢ ᠨᠢᠭᠡ ᠰᠦᠨᠢ ᠨᠢᠭᠡ ᠡᠳᠦᠷ᠎ᠤᠨ ᠠᠵᠢᠯ᠎ᠢᠶᠡᠨ ᠳᠠᠭᠤᠰᠬᠠᠵᠦ ᠳᠦᠩᠭᠡᠵᠢ ᠭᠡᠷ᠎ᠲᠡᠭᠡᠨ ᠬᠦᠷᠲᠡᠯ᠎ᠡ ᠭᠡᠨᠡᠳᠲᠡ ᠳᠡᠯᠭᠡᠷᠡᠭᠰᠡᠨ ᠬᠢᠵᠢᠭ᠎ᠡᠴᠠ ᠪᠤᠯᠵᠤ ᠳᠠᠬᠢᠨ ᠠᠵᠢᠯ᠎ᠤᠨ ᠪᠠᠢᠷᠢ᠎ᠳᠠᠭᠠᠨ ᠪᠤᠴᠠᠪᠠ ᠃
︽ ᠮᠠᠨ᠎ᠤ ᠡᠮᠨᠡᠯᠭᠡ᠎ᠶᠢᠨ ᠬᠤᠷᠢᠶ᠎ᠠ ᠲᠡᠷᠡ ᠳᠠᠷᠤᠢᠳ᠋ᠤᠨᠢ ᠡᠯ᠎ᠡ ᠲᠠᠰᠤᠭ᠎ᠡᠴᠠ ᠡᠮᠴᠢ ᠰᠢᠯᠢᠨ ᠰᠤᠩᠭᠤᠵᠤ ᠪᠠᠴᠢᠮ ᠪᠠᠢᠳᠠᠯ᠎ᠢ ᠠᠷᠭᠠᠴᠠᠬᠤ ᠡᠪᠡᠳᠴᠢᠲᠡᠨ᠎ᠤ ᠦᠷᠦᠭᠡ᠎ᠶᠢ ᠪᠠᠢᠭᠤᠯᠵᠤ ᠂ ᠭᠤᠷᠪᠠᠨ ᠳᠤᠭᠤᠢᠯᠠᠩ ᠬᠤᠪᠢᠶᠠᠨ ᠂ ᠳᠤᠭᠤᠢᠯᠠᠩ ᠪᠦᠷᠢ᠎ᠳ᠋ᠤ 4 ᠡᠮᠴᠢ ᠂ ᠠᠷᠪᠠᠭᠠᠳ ᠰᠤᠪᠢᠯᠠᠭᠴᠢ᠎ᠲᠠᠢ ᠂ ᠨᠢᠭᠡ ᠳᠤᠭᠤᠢᠯᠠᠩ᠎ᠨᠢ 2 ᠭᠠᠷᠠᠭ ᠠᠵᠢᠯᠯᠠᠬᠤ᠎ᠪᠠᠷ ᠲᠤᠭᠲᠠᠵᠠᠢ ᠃ ᠪᠢ ᠬᠤᠶᠠᠳᠤᠭᠠᠷ ᠳᠤᠭᠤᠢᠯᠠᠩ᠎ᠳ᠋ᠤ ᠬᠤᠪᠢᠶᠠᠭᠳᠠᠵᠤ ᠂ 2 ᠰᠠᠷ᠎ᠠ᠎ᠶᠢᠨ 6 20᠎ᠤ ᠡᠳᠦᠷ ᠪᠤᠯᠲᠠᠯ᠎ᠠ ᠠᠵᠢᠯᠯᠠᠵᠤ ᠂ ᠤᠳᠤ ᠠᠵᠢᠯ᠎ᠢᠶᠡᠨ ᠳᠠᠭᠤᠰᠬᠠᠵᠤ ᠲᠤᠰᠠᠭᠠᠷᠯᠠᠨ ᠠᠵᠢᠭᠯᠠᠬᠤ ᠬᠤᠭᠤᠴᠠᠭᠠᠨ᠎ᠳᠠᠭᠠᠨ ᠪᠤᠢ ︾ ᠭᠡᠵᠦ ᠨᠠᠰᠤᠨᠳᠠᠯᠠᠢ ᠲᠠᠨᠢᠯᠴᠠᠭᠤᠯᠤᠨ᠎ᠠ ᠃ ᠪᠦᠬᠦ ᠬᠤᠲᠠ᠎ᠶᠢᠨ ᠰᠢᠨ᠎ᠡ ᠲᠢᠳᠢᠮᠯᠢᠭ ᠠᠭᠤᠰᠬᠢᠨ ᠦᠷᠪᠢᠰᠦᠯ᠎ᠢᠶᠠᠷ ᠤᠨᠤᠰᠢᠯᠠᠭᠰᠠᠨ ᠡᠪᠡᠳᠴᠢᠲᠡᠨ᠎ᠢ ᠡᠮᠨᠡᠨ ᠵᠠᠰᠠᠭᠰᠠᠨ 15 ᠡᠮᠴᠢ᠎ᠶᠢᠨ ᠲᠤᠳᠤᠷᠠᠬᠢ ᠨᠢᠭᠡ᠎ᠨᠢ ᠪᠤᠯᠤᠭᠰᠠᠨ ᠨᠠᠰᠤᠨᠳᠠᠯᠠᠢ ᠪᠤᠯ ᠡᠨᠡ ᠬᠦ ᠪᠠᠴᠢᠮ ᠪᠠᠢᠳᠠᠯ᠎ᠢ ᠠᠷᠭᠠᠴᠠᠬᠤ ᠡᠪᠡᠳᠴᠢᠲᠡᠨ᠎ᠤ ᠦᠷᠦᠭᠡ᠎ᠶᠢᠨ ᠲᠤᠳᠤᠷᠠᠬᠢ ᠴᠤᠷ᠎ᠤᠨ ᠭᠠᠭᠴᠠ ᠮᠤᠩᠭᠤᠯ ᠵᠠᠯᠠᠭᠤ ᠪᠤᠯᠤᠨ᠎ᠠ ᠃ ᠬᠢᠵᠢᠭ᠎ᠲᠠᠢ ᠲᠡᠮᠡᠴᠡᠭᠰᠡᠨ ᠡᠳᠦᠷ᠎ᠤᠳ᠎ᠢᠶᠡᠨ ᠡᠷᠭᠢᠴᠡᠭᠦᠯᠬᠦ᠎ᠳ᠋ᠤ ᠲᠡᠷᠡ ᠲᠠᠢᠪᠤᠭᠤᠬᠠᠨ ᠶᠠᠷᠢᠵᠤ ᠂ ᠡᠪᠡᠳᠴᠢᠲᠡᠨ᠎ᠲᠠᠢ ᠴᠤᠭ ᠪᠠᠢᠭᠰᠠᠨ ᠴᠠᠭ ᠮᠦᠴᠡ᠎ᠪᠠᠨ ᠲᠤᠭᠠᠴᠠᠬᠤ᠎ᠳ᠋ᠤ ᠲᠡᠷᠡ ᠨᠠᠮᠵᠢᠭᠤᠬᠠᠨ ᠦᠭᠦᠯᠡᠨ᠎ᠡ ᠃

2 ᠰᠠᠷ ᠠᠶᠢᠨ 6 20᠎ᠤ ᠡᠳᠦᠷ ᠪᠤᠯᠲᠠᠯᠠᠬᠢ ᠡᠨᠡ ᠬᠦ ᠬᠡᠰᠡᠭ ᠬᠤᠭᠤᠴᠠᠭ᠎ᠠ ᠪᠤᠯ ᠬᠢᠵᠢᠭ ᠰᠠᠮᠠᠭᠤᠷᠠᠭᠰᠠᠨ ᠤᠷᠭᠢᠯ᠎ᠤᠨ ᠬᠤᠭᠤᠴᠠᠭ᠎ᠠ ᠪᠤᠯᠤᠨ᠎ᠠ ᠃ ᠨᠠᠰᠤᠨᠲᠠᠯᠠᠢᠶᠢᠨ ᠲᠠᠨᠢᠯᠴᠠᠭᠤᠯᠬᠤ᠎ᠪᠠᠷ ᠂ ᠤᠯᠠᠭᠠᠨᠬᠠᠳᠠ ᠬᠤᠲᠠ᠎ᠶᠢᠨ ᠤᠳᠤ ᠪᠤᠯᠲᠠᠯᠠᠬᠢ ᠤᠨᠤᠰᠢᠯᠠᠭᠰᠠᠨ 9 ᠡᠪᠡᠳᠴᠢᠲᠡᠨ᠎ᠤ 6 ᠡᠪᠡᠳᠴᠢᠳᠠᠨ᠎ᠨᠢ ᠡᠨᠡ ᠬᠤᠭᠤᠴᠠᠭᠠᠨ᠎ᠳ᠋ᠤ ᠡᠮᠨᠡᠯᠭᠡ᠎ᠳ᠋ᠤ ᠬᠦᠷᠭᠡᠭᠳᠡᠵᠡᠢ ᠃︽ ᠮᠠᠨ᠎ᠤ ᠳᠤᠭᠤᠢᠯᠠᠩ᠎ᠤᠨ᠎ᠬᠢᠨ ᠬᠢᠵᠢᠭ᠎ᠤᠨ ᠪᠠᠢᠳᠠᠯ ᠬᠠᠮᠤᠭ ᠬᠡᠴᠡᠭᠦᠦ ᠦᠶ᠎ᠠ᠎ᠳ᠋ᠤ ᠲᠠᠭᠠᠷᠠᠵᠤ ᠂ ᠠᠵᠢᠯ᠎ᠤᠨ ᠬᠦᠴᠦᠯᠡᠴᠡ ᠶᠡᠬᠡ ᠂ ᠮᠦᠷᠦᠨᠳ᠋ᠠᠬᠢ ᠳᠠᠷᠤᠭᠠᠰᠤ ᠬᠦᠨᠳᠦ ᠃ ᠪᠢᠳᠡ 4 ᠵᠢᠵᠢᠭ ᠳᠤᠭᠤᠢᠯᠠᠩ ᠬᠤᠪᠢᠶᠠᠨ ᠂ ᠳᠤᠭᠤᠢᠯᠠᠩ ᠪᠦᠷᠢ 1 ᠡᠮᠴᠢ ᠂ 2 ᠰᠤᠪᠢᠯᠠᠭᠴᠢ᠎ᠲᠠᠢ ᠂ ᠨᠢᠭᠡ ᠤᠳᠠᠭ᠎ᠠ 4 6 ᠴᠠᠭ ᠠᠵᠢᠯᠯᠠᠵᠤ ᠂ ᠡᠳᠦᠷ ᠰᠦᠨᠢ ᠭᠡᠵᠦ ᠢᠯᠭᠠᠯ ᠦᠭᠡᠢ ᠂ ᠡᠭᠡᠯᠵᠢᠯᠡᠭᠡᠳ ᠠᠵᠢᠯᠯᠠᠭᠰᠠᠨ ᠂ ᠬᠠᠮᠠᠭᠠᠯᠠᠬᠤ ᠬᠤᠪᠴᠠᠰᠤ ᠬᠦᠷᠦᠯᠴᠡᠬᠦ ᠦᠭᠡᠢ ᠪᠠᠢᠳᠠᠯ ᠳᠤᠤᠷ᠎ᠠ ᠪᠢᠳᠡ ᠨᠢᠭᠡ ᠵᠠᠬ᠎ᠠ ᠬᠤᠪᠴᠠᠰᠤ᠎ᠶᠢ ᠴᠤ ᠲᠠᠯᠠᠭᠠᠷ ᠡᠳ᠋ᠯᠡᠬᠦ ᠦᠭᠡᠢ᠎ᠶᠢ ᠪᠠᠷᠢᠮᠳᠠᠯᠠᠵᠤ ᠂ ᠡᠪᠡᠳᠴᠢᠲᠡᠨ᠎ᠤ ᠦᠷᠦᠭᠡᠨ᠎ᠳ᠋ᠤ ᠤᠷᠤᠬᠤ᠎ᠡᠴᠠ ᠡᠮᠦᠨ᠎ᠡ ᠬᠤᠪᠢ ᠬᠤᠪᠢ᠎ᠶᠢᠨ ᠭᠦᠢᠴᠡᠳᠭᠡᠬᠦ ᠴᠢᠬᠤᠯᠠᠲᠠᠢ ᠶᠠᠪᠤᠳᠠᠯ᠎ᠢᠶᠡᠨ ᠨᠢᠭᠡᠳ ᠨᠢᠭᠡ᠎ᠪᠠᠷ ᠲᠡᠮᠲᠡᠭᠯᠡᠨ ᠠᠪᠴᠤ ᠂ ᠶᠠᠮᠠᠷ ᠨᠢᠭᠡ ᠵᠦᠢᠯ᠎ᠢ ᠬᠢᠭᠰᠡᠨ ᠦᠭᠡᠢ᠎ᠡᠴᠠ ᠪᠤᠯᠵᠤ ᠳᠠᠬᠢᠵᠤ ᠤᠷᠤᠬᠤ᠎ᠡᠴᠠ ᠬᠡᠴᠢᠶᠡᠨ᠎ᠡ ᠃ ᠲᠡᠢᠮᠦ ᠮᠦᠷᠲᠡᠭᠡᠨ ᠡᠪᠡᠳᠴᠢᠲᠡᠨ᠎ᠤ ᠦᠷᠦᠭᠡᠨ᠎ᠳ᠋ᠤ ᠤᠷᠤᠭᠰᠠᠨ ᠡᠮᠴᠢ ᠰᠤᠪᠢᠯᠠᠭᠴᠢ ᠠᠵᠢᠯᠯᠠᠵᠤ ᠪᠠᠢᠭ᠎ᠠ ᠬᠤᠭᠤᠴᠠᠭᠠᠨ᠎ᠳᠠᠭᠠᠨ ᠪᠡᠶ᠎ᠡ ᠵᠠᠰᠠᠬᠤ᠎ᠡᠴᠠ ᠵᠠᠢᠯᠠᠰᠭᠢᠬᠤ᠎ᠶᠢᠨ ᠲᠦᠯᠦᠭᠡ ᠤᠷᠤᠬᠤ᠎ᠡᠴᠠ ᠡᠮᠦᠨ᠎ᠡ ᠤᠤᠭᠤᠵᠤ ᠢᠳᠡᠬᠦ᠎ᠪᠠᠨ ᠬᠦᠷᠳᠡᠯ᠎ᠠ ᠪᠠᠭᠠᠰᠬᠠᠳᠠᠭ ᠃ ᠪᠦᠷᠢᠮᠦᠰᠦᠨ ᠪᠢᠲᠡᠭᠦᠮᠵᠢᠯᠡᠭᠰᠡᠨ ᠬᠤᠪᠴᠠᠰᠤ ᠡᠮᠦᠰᠦᠭᠰᠡᠨ ᠪᠤᠯᠬᠤᠷ ᠬᠡᠳᠦᠨ ᠴᠠᠭ ᠠᠵᠢᠯᠯᠠᠭᠠᠳ ᠭᠠᠷᠴᠤ ᠢᠷᠡᠬᠦ᠎ᠪᠠᠷ ᠬᠠᠮᠤᠭ ᠪᠡᠶ᠎ᠡ ᠱᠠᠯ ᠨᠤᠢᠲᠠᠨ ᠪᠤᠯᠵᠤ ᠂ ᠤᠮᠳᠠᠭᠠᠰᠤᠭᠰᠠᠨ ᠬᠦᠴᠦᠨ ᠳᠡᠭᠡᠷ᠎ᠡ᠎ᠪᠠᠨ ᠨᠢᠭᠡ ᠯᠤᠩᠬᠤ ᠤᠰᠤ᠎ᠶᠢ ᠨᠢᠭᠡ ᠯᠡ ᠬᠦᠨᠳᠦᠷᠡᠴᠢᠬᠡᠳᠡᠭ ᠶᠤᠮ ︾ ᠭᠡᠵᠦ ᠶᠠᠷᠢᠨ᠎ᠠ ᠃
ᠳᠠᠪᠬᠤᠷ ᠠᠮᠠᠪᠴᠢ ᠂ ᠳᠠᠪᠬᠤᠷ ᠮᠠᠯᠠᠭᠠᠢ ᠂ ᠳᠠᠪᠬᠤᠷ ᠪᠡᠭᠡᠯᠡᠢ ᠵᠢᠴᠢ ᠨᠢᠳᠤ ᠬᠠᠮᠠᠭᠠᠯᠠᠬᠤ ᠰᠢᠯ ᠂ ᠨᠢᠭᠤᠷ ᠬᠠᠮᠠᠭᠠᠯᠠᠬᠤ ᠵᠦᠢᠯ ᠂ ᠬᠠᠮᠠᠭᠠᠯᠠᠬᠤ ᠬᠤᠪᠴᠠᠰᠤ ᠂ ᠤᠰᠤᠨ ᠭᠤᠲᠤᠯ ᠬᠡᠮᠡᠨ ᠬᠡᠴᠢᠨᠡᠨ ᠳᠠᠪᠬᠤᠷ ᠬᠤᠪᠴᠠᠰᠤᠯᠠᠭᠰᠠᠨ ᠲᠡᠳᠡᠨᠡᠷ ᠬᠡᠳᠦᠨ ᠴᠠᠭ᠎ᠢᠶᠠᠷ ᠦᠷᠭᠦᠯᠵᠢᠯᠡᠨ ᠠᠵᠢᠯᠯᠠᠭᠠᠳ ᠭᠠᠷᠴᠤ ᠢᠷᠡᠬᠦ᠎ᠪᠠᠷ ᠬᠤᠪᠴᠠᠰᠤ ᠬᠤᠨᠠᠷ᠎ᠨᠢ ᠬᠦᠯᠦᠰᠦᠨᠳ᠋ᠡᠭᠡᠨ ᠱᠠᠯ ᠲᠠᠪᠲᠦᠬᠦᠨᠢ ᠬᠠᠮᠤᠭ ᠶᠡᠷᠦᠮᠳᠡᠭ᠎ᠤᠨ ᠶᠠᠪᠤᠳᠠᠯ ᠠᠵᠢ ᠃ ︽ ᠦᠪᠡᠷ᠎ᠤᠨ ᠪᠡᠶᠡᠳ᠋ᠡᠭᠡᠨ ᠬᠠᠷᠢᠭᠤᠴᠠᠬᠤ ᠮᠦᠷᠳᠡᠬᠡᠨ ᠦᠷᠦᠭᠡᠯ ᠪᠤᠰᠤᠳ᠎ᠲᠤ ᠨᠡᠩ ᠬᠠᠷᠢᠭᠤᠴᠠᠬᠤ ᠬᠡᠷᠡᠭᠲᠡᠢ ᠃ ᠡᠪᠡᠳᠴᠢᠲᠡᠨ᠎ᠤ ᠦᠷᠦᠭᠡᠨ᠎ᠳ᠋ᠤ ᠤᠷᠤᠬᠤ ᠦᠶ᠎ᠠ᠎ᠳ᠋ᠤ ᠴᠤ ᠶᠠᠭᠠᠬᠢᠬᠤᠪ ᠳ᠋ᠠ ᠂ ᠬᠠᠷᠢᠨ ᠭᠠᠷᠴᠤ ᠢᠷᠡᠭᠰᠡᠨ᠎ᠤ ᠳᠠᠷᠠᠭ᠎ᠠ ᠬᠠᠮᠠᠭᠠᠯᠠᠬᠤ ᠬᠤᠪᠴᠠᠰᠤ ᠡᠨᠡ ᠲᠡᠷᠡ᠎ᠪᠠᠨ ᠲᠠᠢᠯᠵᠤ ᠬᠠᠶᠠᠬᠤ᠎ᠳ᠋ᠤ ᠪᠦᠷ ᠲᠤᠰᠬᠠᠢ ᠬᠦᠮᠦᠨ ᠬᠠᠷᠠᠵᠤ ᠪᠠᠢᠳᠠᠭ ᠂ ᠠᠯᠢ ᠨᠢᠭᠡ ᠠᠯᠬᠤᠮ ᠳᠠᠷᠠᠭ᠎ᠠ᠎ᠨᠢ ᠲᠠᠭᠠᠷᠠᠬᠤ ᠦᠭᠡᠢ ᠪᠤᠯ ᠡᠪᠡᠳᠴᠢᠨ᠎ᠤ ᠸᠢᠷᠦ᠋ᠰ᠎ᠢ ᠡᠨᠳᠡ ᠲᠡᠨᠳᠡ ᠦᠭᠡᠢ ᠦᠯᠡᠳᠡᠭᠡᠬᠦ ᠪᠤᠯᠤᠯᠴᠠᠭ᠎ᠠ᠎ᠲᠠᠢ ᠂ ᠡᠪᠡᠳᠴᠢᠲᠡᠨ᠎ᠢ ᠵᠠᠰᠠᠬᠤ ᠭᠡᠵᠦ ᠪᠠᠢᠭᠰᠠᠭᠠᠷ ᠡᠷᠡᠭᠦᠯ ᠠᠷᠠᠳ᠎ᠲᠤ ᠬᠠᠯᠳᠠᠪᠤᠷᠢᠯᠠᠭᠤᠯᠪᠠᠯ ᠶᠡᠬᠡ ᠶᠠᠯ᠎ᠠ ᠬᠢᠭᠰᠡᠨ᠎ᠲᠠᠢ ᠶᠠᠮᠠᠷ ᠤᠨᠳᠤᠤ ᠪᠢᠯᠡ ᠂ ᠲᠡᠢᠮᠦ᠎ᠡᠴᠠ ᠪᠢᠳᠡ ᠡᠭᠦᠨ᠎ᠢ ᠶᠠᠭᠤᠨ᠎ᠡᠴᠠ ᠴᠤ ᠢᠯᠡᠭᠦᠦ ᠬᠡᠴᠢᠶᠡᠨ ᠪᠤᠯᠭᠤᠮᠵᠢᠯᠠᠳᠠᠭ ︾ ᠭᠡᠵᠦ ᠶᠠᠷᠢᠬᠤ᠎ᠳ᠋ᠤ ᠨᠠᠰᠤᠨᠳᠠᠯᠠᠢ᠎ᠶᠢᠨ ᠦᠭᠡ ᠶᠠᠷᠢᠶᠠᠨ᠎ᠳ᠋ᠤ ᠦᠷᠦᠭᠡᠯ᠎ᠳ᠋ᠤ ᠬᠠᠷᠢᠭᠤᠴᠠᠬᠤ ᠡᠮᠴᠢ ᠬᠦᠮᠦᠨ᠎ᠤ ᠬᠠᠷᠢᠭᠤᠴᠠᠯᠭᠠᠲᠤ ᠤᠪᠤᠷ᠎ᠨᠢ ᠢᠯᠡᠬᠡᠨ ᠪᠠᠢᠯ᠎ᠠ ᠃

ᠬᠠᠷᠢᠭᠤᠴᠠᠯᠭ᠎ᠠ ᠭᠡᠳᠡᠭ ᠬᠠᠮᠤᠭ᠎ᠡᠴᠠ ᠨᠠᠨᠳᠢᠨ ᠵᠦᠢᠯ ᠂ ᠬᠠᠷᠢᠭᠤᠴᠠᠯᠭ᠎ᠠ᠎ᠨᠢ ᠵᠤᠷᠢᠭ᠎ᠢ ᠴᠢᠩᠭᠠᠯᠠᠳᠠᠭ ᠂ ᠢᠲᠡᠭᠡᠯ᠎ᠢ ᠬᠦᠪᠴᠢᠯᠡᠳᠡᠭ ᠂ ᠬᠠᠷᠠᠮ ᠦᠭᠡᠢ ᠵᠢᠳᠭᠦᠭᠦᠯᠳᠡᠭ ᠃ ᠡᠮᠴᠢ ᠬᠦᠮᠦᠨ᠎ᠤ ᠬᠠᠷᠢᠭᠤᠴᠠᠯᠭ᠎ᠠ᠎ᠨᠢ ᠨᠠᠰᠤᠨᠳᠠᠯᠠᠢ᠎ᠳ᠋ᠤ ᠡᠪᠡᠳᠴᠢᠨ᠎ᠤ ᠸᠢᠷᠦ᠋ᠰ᠎ᠲᠠᠢ ᠲᠡᠮᠡᠴᠡᠬᠦ ᠵᠤᠷᠢᠭ ᠤᠯᠭᠤᠵᠤ ᠂ ᠡᠷ᠎ᠡ ᠬᠦᠮᠦᠨ᠎ᠤ ᠡᠷᠡᠰ ᠵᠤᠷᠢᠭ᠎ᠢᠶᠠᠷ᠎ᠢᠶᠡᠨ ᠠᠷᠪᠠᠨ ᠬᠡᠳᠦᠨ ᠴᠠᠭ᠎ᠢᠶᠠᠷ ᠠᠮᠠᠷᠠᠯ ᠦᠭᠡᠢ᠎ᠪᠠᠷ ᠠᠵᠢᠯᠯᠠᠵᠦ ᠦᠩᠭᠡᠷᠡᠭᠰᠡᠨ ᠃
︽ ᠲᠦᠯᠦᠪᠯᠡᠬᠡ ᠶᠠᠷᠤ᠎ᠨᠢ ᠬᠤᠪᠢᠷᠠᠯᠳᠠ᠎ᠶᠢ ᠬᠦᠷᠬᠦ ᠦᠬᠡᠢ ᠬᠡᠳᠡᠭ᠎ᠢᠶᠠᠷ ᠂ ᠭᠤᠷᠪᠠᠨ ᠡᠳᠦᠷ᠎ᠡᠴᠠ ᠲᠤᠰᠠᠭᠠᠷᠯᠠᠬᠤ ᠬᠤᠭᠤᠴᠠᠭ᠎ᠠ ᠳᠠᠭᠤᠰᠪᠠᠯ ᠭᠡᠷ᠎ᠲᠡᠭᠡᠨ ᠬᠠᠷᠢᠬᠤ ᠭᠡᠵᠦ ᠪᠠᠢᠭᠰᠠᠨ ᠴᠢᠨᠢ ᠰᠠᠢᠬᠠᠨ ᠰᠢᠨ᠎ᠡ ᠮᠡᠳᠡᠭᠳᠡᠯ ᠲᠤᠰᠴᠤ ᠲᠦᠷ ᠴᠠᠭ ᠬᠠᠷᠢᠵᠤ ᠳᠡᠢᠯᠬᠦ᠎ᠪᠠᠨ ᠪᠤᠯᠢᠴᠢᠬᠠᠯᠠ ᠂ ᠬᠢᠵᠢᠭ᠎ᠤᠨ ᠪᠠᠢᠳᠠᠯ ᠨᠠᠮᠳᠠᠭᠰᠠᠨ ᠴᠤ ᠭᠡᠨᠡᠳᠲᠡ᠎ᠶᠢᠨ ᠪᠠᠢᠳᠠᠯ ᠡᠭᠦᠰᠬᠦ᠎ᠡᠴᠠ ᠰᠡᠷᠭᠡᠢᠯᠡᠵᠦ ︿ ᠬᠡᠵᠢᠶ᠎ᠡ ᠴᠤ ᠵᠠᠷᠯᠢᠭ ᠬᠦᠯᠢᠶᠡᠬᠦ᠎ᠪᠠᠷ ᠪᠡᠯᠡᠬᠡᠨ ᠪᠠᠢᠬᠤ ᠬᠡᠷᠡᠭᠲᠡᠢ ﹀ ᠬᠡᠨ᠎ᠠ ᠃ ᠨᠠᠮᠠᠢ ᠭᠠᠷᠴᠤ ᠢᠷᠡᠬᠦ᠎ᠪᠠᠷ ᠬᠡᠦᠬᠡᠨ ᠮᠢᠨᠢ ᠳᠦᠩᠭᠡᠵᠢ ᠶᠢᠰᠦᠨ ᠰᠠᠷ᠎ᠠ ᠪᠤᠯᠵᠤ ᠪᠠᠢᠭᠰᠠᠨ ᠂ ᠤᠳᠤ ᠪᠦᠷ ᠠᠷᠪᠠᠨ ᠰᠠᠷ᠎ᠠ ᠢᠯᠡᠭᠦᠦ ᠪᠤᠯᠴᠢᠬᠠᠯ᠎ᠠ ᠂ ᠨᠢᠯᠬ᠎ᠠ ᠬᠡᠦᠬᠡᠳ ᠴᠢᠨᠢ ᠨᠢᠭᠡ ᠰᠠᠷ᠎ᠠ᠎ᠶᠢᠨ ᠬᠤᠭᠤᠷᠤᠨᠳᠤ ᠶᠡᠬᠡ ᠬᠤᠪᠢᠷᠡᠯᠲᠡ ᠭᠠᠷᠳᠠᠭ ᠶᠤᠮ ᠃ ᠤᠳᠠᠭ᠎ᠠ ᠪᠤᠯᠭᠠᠨ ᠵᠢᠷᠬᠢᠶ᠎ᠠ᠎ᠪᠠᠷ ᠶᠠᠷᠢᠯᠴᠠᠬᠤ᠎ᠳ᠋ᠤ ᠂ ᠭᠠᠷ ᠤᠲᠠᠰᠤᠨ᠎ᠤ ᠴᠠᠭᠠᠨ᠎ᠠ᠎ᠡᠴᠠ ︿ ᠠᠪᠤ᠋ ﹀ ᠭᠡᠰᠡᠨ ᠨᠢᠯᠬᠠᠰᠠᠭ ᠳᠠᠭᠤᠨ᠎ᠢ᠎ᠨᠢ ᠰᠤᠨᠤᠰᠬᠤ ᠪᠦᠷᠢ ᠠᠯᠠᠭ ᠨᠢᠳᠦ ᠮᠢᠨᠢ ᠵᠠᠢᠷᠲᠤᠵᠤ ᠂ ᠨᠠᠮᠠᠢ ᠬᠠᠷᠠᠵᠤ ᠪᠠᠢᠭᠰᠠᠭᠠᠷ ᠭᠠᠷ ᠤᠲᠠᠰᠤᠨ᠎ᠤ ᠳᠡᠯᠭᠡᠴᠡ ᠳᠡᠭᠡᠷ᠎ᠡ ︿ ᠫᠤᠭ ﹀ ᠭᠢᠲᠡᠯ᠎ᠡ ᠦᠨᠦᠰᠬᠦᠳ᠋ᠤᠨᠢ ᠰᠡᠳᠭᠢᠯ ᠮᠢᠨᠢ ᠪᠦᠷ ᠡᠮᠵᠡᠭᠯᠡᠭᠡᠳ ᠭᠠᠷᠳᠠᠭ ᠃ ᠬᠦᠭᠡᠷᠦᠬᠦᠢ ᠮᠢᠨᠦ ᠬᠡᠦᠬᠡᠨ ︕ ᠪᠠᠭ᠎ᠠ ᠯᠡ ᠳᠤᠮᠤ ᠪᠤᠯᠤᠭᠰᠠᠨ ᠪᠤᠯ ᠴᠤ ᠶᠠᠭᠠᠬᠢᠬᠤᠪ ᠳ᠋ᠠ ᠂ ᠡᠵᠢ᠎ᠨᠢ ᠴᠤ ᠬᠡᠰᠡᠨ ᠳᠡᠷᠭᠡᠳᠡ᠎ᠨᠢ ᠪᠠᠢᠭᠰᠠᠨ ᠪᠤᠯ ᠪᠠᠰᠠ ᠵᠦᠭᠡᠷ ᠪᠠᠢᠬᠤ ᠯᠡ ᠳ᠋ᠠ ᠂ ᠬᠠᠷᠢᠨ ᠬᠤᠶᠠᠭᠤᠯᠠ᠎ᠪᠠᠨ ᠪᠦᠷ ᠡᠮᠴᠢ ᠪᠤᠯᠬᠤᠷ ᠬᠦᠭᠰᠢᠨ ᠡᠵᠢ᠎ᠳ᠋ᠡᠭᠡᠨ ᠤᠯᠠᠭᠠᠨ ᠨᠢᠯᠬ᠎ᠠ᠎ᠪᠠᠨ ᠬᠠᠶᠠᠴᠢᠬᠠᠭᠠᠳ ᠪᠠᠢᠬᠤᠯᠠᠷ ᠶᠠᠭᠠᠬᠢᠯ᠎ᠠ ᠴᠤ ᠭᠡᠳ ᠰᠠᠨᠠᠭ᠎ᠠ ᠠᠮᠤᠷ ᠦᠭᠡᠢ ︾ ᠭᠡᠵᠦ ᠨᠠᠰᠤᠨᠳᠠᠯᠠᠢ ᠬᠦᠬᠡᠷᠦᠭᠦᠨ ᠬᠡᠦᠬᠡᠨ᠎ᠢᠶᠡᠨ ᠰᠠᠨᠠᠭᠰᠠᠨ ᠰᠡᠳᠭᠢᠯ᠎ᠢᠶᠡᠨ ᠳᠠᠷᠤᠵᠤ ᠶᠠᠳᠠᠨ᠎ᠠ ᠃
︽ ᠮᠠᠨ᠎ᠤ ᠳᠤᠭᠤᠢᠯᠠᠩ᠎ᠤᠨ ᠠᠵᠢᠯᠯᠠᠵᠤ ᠪᠠᠢᠭ᠎ᠠ ᠬᠤᠭᠤᠴᠠᠭᠠᠨ᠎ᠳ᠋ᠤ ᠢᠷᠡᠭᠰᠡᠨ 6 ᠡᠪᠡᠳᠴᠢᠲᠡᠨ᠎ᠤ 5᠎ᠨᠢ ᠨᠢᠭᠡᠨᠲᠡ ᠡᠳᠡᠭᠡᠷᠡᠵᠦ ᠡᠮᠨᠡᠯᠭᠡ᠎ᠡᠴᠠ ᠭᠠᠷᠪᠠ ᠂ ᠤᠳᠤ ᠭᠠᠭᠴᠠᠬᠠᠨ ᠡᠪᠡᠳᠴᠢᠲᠡᠨ ᠦᠯᠡᠳᠡᠵᠦ ᠪᠤᠢ ᠃ ᠡᠪᠡᠳᠴᠢᠲᠡᠨ᠎ᠤ ᠡᠮᠨᠡᠯᠭᠡ᠎ᠳ᠋ᠤ ᠤᠷᠤᠵᠤ ᠢᠷᠡᠬᠦ ᠦᠶ᠎ᠠ᠎ᠶᠢᠨ ᠪᠠᠴᠢᠮᠳᠠᠵᠤ ᠰᠠᠨᠳᠤᠷᠤᠭᠰᠠᠨ ᠪᠠᠢᠳᠠᠯ ᠂ ᠡᠮᠨᠡᠯᠭᠡ᠎ᠡᠴᠠ ᠭᠠᠷᠬᠤ ᠦᠶ᠎ᠡ᠎ᠶᠢᠨ ᠪᠠᠶᠠᠷᠯᠠᠵᠤ ᠬᠦᠭᠰᠡᠭᠰᠡᠨ ᠰᠡᠳᠭᠢᠯᠭᠡ᠎ᠨᠢ ᠶᠡᠷᠦ ᠮᠢᠨᠦ ᠨᠢᠳᠦᠨ ᠡᠮᠦᠨ᠎ᠡ ᠢᠪ ᠢᠯᠡᠬᠡᠨ ᠃ ᠡᠪᠡᠳᠴᠢᠨ ᠦᠭᠡᠢ ᠪᠡᠶ᠎ᠡ ᠨᠢᠭᠡ ᠵᠢᠷᠭᠠᠯ ᠭᠡᠳᠡᠭ᠎ᠢᠶᠠᠷ ᠦᠪᠡᠷ ᠪᠤᠰᠤᠳ᠎ᠤᠨ ᠡᠷᠡᠭᠦᠯ ᠮᠡᠨᠲᠦ᠎ᠶᠢᠨ ᠲᠦᠯᠦᠭᠡ ᠂ ᠡᠷᠲᠡᠬᠡᠨ ᠰᠢᠭ ᠠᠵᠢᠯ ᠠᠯᠪᠠ᠎ᠪᠠᠨ ᠡᠬᠢᠯᠡᠭᠦᠯᠵᠦ ᠂ ᠠᠬᠠᠰ ᠵᠠᠬᠠᠰᠲᠠᠢᠪᠠᠨ ᠵᠤᠯᠭᠠᠬᠤ᠎ᠶᠢᠨ ᠲᠦᠯᠦᠭᠡ ᠂ ᠲᠤᠳᠠᠭᠤ ᠭᠠᠳᠠᠭᠰᠢ ᠭᠠᠷᠴᠤ ᠂ ᠢᠯᠡᠭᠦᠬᠡᠨ ᠭᠡᠷ᠎ᠲᠡᠭᠡᠨ ᠰᠠᠭᠤᠵᠤ ᠪᠠᠢᠭᠠᠷᠠᠢ ︾ ᠭᠡᠵᠦ ᠰᠤᠷᠪᠤᠯᠵᠢᠯᠠᠭ᠎ᠠ ᠦᠨᠳᠦᠷᠯᠡᠬᠦ᠎ᠪᠠᠷ ᠨᠠᠰᠤᠨᠳᠠᠯᠠᠢ ᠭᠤᠸᠠᠢ ᠡᠮᠴᠢ ᠬᠦᠮᠦᠨ᠎ᠤ ᠦᠨᠡᠨᠴᠢᠬᠡᠨ ᠰᠡᠳᠬᠢᠯ᠎ᠢᠶᠠᠷ ᠬᠤᠳᠠ᠎ᠶᠢᠨ ᠠᠷᠠᠳ᠎ᠲᠤ ᠰᠠᠨᠠᠭᠤᠯᠵᠤ ᠪᠠᠢᠯ᠎ᠠ ᠃



- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠠᠷᠢᠭᠤᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃