ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠵᠢᠷᠤᠭᠲᠤ ᠮᠡᠳᠡᠭᠡᠯᠡᠯ

2020-04-02 11:15:28

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

3 ᠰᠠᠷ᠎ᠠ᠎ᠶᠢᠨ 31᠎ᠤ ᠡᠳᠤᠷ ᠂ ᠯᠢ ᠯᠠᠨ ᠵᠢᠤᠸᠠᠨ ᠠᠺᠠᠳ᠋ᠸᠮᠢᠴᠢ᠎ᠶᠢᠨ ᠡᠮᠴᠢᠯᠡᠬᠡᠨ᠎ᠤ ᠠᠩᠬᠢ ᠦᠬᠠᠨ᠎ᠡᠴᠠ ᠪᠤᠴᠠᠪᠠ ᠃ ᠤᠯᠤᠰ᠎ᠤᠨ ᠡᠷᠡᠬᠦᠯ ᠬᠠᠮᠠᠭᠠᠯᠠᠯ ᠡᠷᠡᠬᠦᠯ ᠮᠡᠨᠳᠤ᠎ᠶᠢᠨ ᠵᠦᠪᠯᠡᠯ᠎ᠤᠨ ᠵᠤᠬᠢᠶᠠᠨ ᠪᠠᠢᠭᠤᠯᠤᠬᠰᠠᠨ ︽ ᠬᠤᠪᠸᠢ᠎ᠶᠢ ᠲᠤᠰᠠᠯᠠᠨ ᠰᠢᠨ᠎ᠠ ᠲᠢᠳᠢᠮᠯᠢᠭ ᠠᠭᠤᠰᠬᠢᠨ ᠦᠷᠪᠢᠰᠤᠯ᠎ᠤᠨ ᠬᠦᠨᠳᠤ ᠡᠪᠡᠳᠴᠢᠳᠠᠨ᠎ᠢ ᠤᠨᠤᠰᠢᠯᠠᠨ ᠵᠠᠰᠠᠬᠤ ᠯᠢ ᠯᠠᠨ ᠵᠢᠤᠸᠠᠨ ᠠᠺᠠᠳ᠋ᠸᠮᠢᠴᠢ᠎ᠶᠢᠨ ᠡᠮᠴᠢᠯᠡᠬᠡᠨ᠎ᠤ ᠠᠩᠬᠢ ︾᠎ᠨᠢ ᠵᠸᠵᠢᠶᠠᠩ ᠶᠡᠬᠡ ᠰᠤᠷᠭᠠᠭᠤᠯᠢ᠎ᠶᠢᠨ ᠨᠢᠬᠡᠳᠤᠭᠡᠷ ᠡᠮᠨᠡᠯᠬᠡ᠎ᠶᠢᠨ ᠬᠤᠷᠢᠶ᠎ᠠ ᠪᠤᠯᠤᠨ ᠱᠤ ᠯᠠᠨ ︵ ᠬᠠᠩᠵᠸᠤ ︶ ᠡᠮᠨᠡᠯᠬᠡ᠎ᠶᠢᠨ ᠬᠤᠷᠢᠶ᠎ᠠ᠎ᠡᠴᠠ ᠢᠷᠡᠭᠰᠡᠨ ᠡᠮᠴᠢ ᠰᠤᠪᠢᠯᠠᠬᠴᠢ᠎ᠪᠠᠷ ᠪᠦᠷᠢᠯᠳᠤᠪᠡ ᠂ ᠪᠦᠷᠢᠯᠳᠦᠭᠦᠨ᠎ᠳ᠋ᠤ ᠬᠠᠯᠳᠠᠪᠤᠷᠢᠳᠤ ᠡᠪᠡᠳᠴᠢᠨ᠎ᠤ ᠠᠨᠠᠭᠠᠬᠤ ᠤᠬᠠᠭᠠᠨ ᠂ ᠬᠦᠨᠳᠤ ᠡᠪᠡᠳᠴᠢᠳᠠᠨ᠎ᠤ ᠠᠨᠠᠭᠠᠬᠤ ᠤᠬᠠᠭᠠᠨ ᠂ ᠡᠮᠨᠡᠯᠬᠡ᠎ᠶᠢᠨ ᠬᠤᠷᠢᠶᠠᠨ᠎ᠤ ᠬᠠᠯᠳᠠᠪᠤᠷᠢᠯᠠᠯ᠎ᠢ ᠰᠡᠷᠬᠡᠢᠯᠡᠨ ᠡᠵᠡᠮᠳᠡᠬᠦ ᠂ ᠠᠰᠠᠷᠠᠨ ᠰᠤᠪᠢᠯᠠᠬᠤ ᠵᠡᠷᠬᠡ ᠲᠤᠰᠬᠠᠢ ᠮᠡᠷᠬᠡᠵᠢᠯᠳᠠᠨ ᠪᠠᠬᠳᠡᠵᠦ ᠪᠤᠢ ᠃ ᠲᠤᠰ ᠡᠮᠴᠢᠯᠡᠬᠡᠨ᠎ᠤ ᠠᠩᠬᠢ᠎ᠨᠢ ᠦᠬᠠᠨ ᠶᠡᠬᠡ ᠰᠤᠷᠭᠠᠭᠤᠯᠢ᠎ᠶᠢᠨ ᠠᠷᠠᠳ᠎ᠤᠨ ᠡᠮᠨᠡᠯᠬᠡ᠎ᠶᠢᠨ ᠬᠤᠷᠢᠶᠠᠨ᠎ᠤ ᠵᠡᠬᠦᠨ ᠲᠤᠭᠤᠷᠢᠬ᠎ᠤᠨ ICU ᠪᠤᠯᠤᠨ CCU᠎ᠳ᠋ᠤ ᠰᠢᠨ᠎ᠠ ᠲᠢᠳᠢᠮᠯᠢᠭ ᠠᠭᠤᠰᠬᠢᠨ ᠦᠷᠪᠢᠰᠤᠯ᠎ᠤᠨ ᠬᠦᠨᠳᠤ ᠡᠪᠡᠳᠴᠢᠳᠠᠨ ᠵᠢᠴᠢ ᠬᠦᠨᠳᠤ ᠲᠦᠭᠰᠢᠭᠦᠷᠢᠳᠠᠢ ᠡᠪᠡᠳᠴᠢᠳᠠᠨ᠎ᠢ ᠡᠮᠨᠡᠨ ᠵᠠᠰᠠᠬᠤ ᠠᠵᠢᠯ᠎ᠢ ᠬᠠᠷᠢᠭᠤᠴᠠᠵᠤ ᠪᠠᠢᠪᠠ ᠃ ᠵᠢᠷᠤᠭ ᠪᠤᠯ ᠯᠢ ᠯᠠᠨ ᠵᠢᠤᠸᠠᠨ ᠠᠺᠠᠳ᠋ᠸᠮᠢᠴᠢ ︵ ᠲᠤᠮᠳᠠᠬᠢ ︶ ᠰᠤᠷᠪᠤᠯᠵᠢᠯᠠᠬᠴᠢ᠎ᠶᠢᠨ ᠰᠤᠷᠪᠤᠯᠵᠢᠯᠠᠭ᠎ᠠ᠎ᠶᠢ ᠬᠦᠯᠢᠶᠠᠵᠦ ᠪᠠᠢᠭ᠎ᠠ᠎ᠨᠢ ᠃



ᠰᠢᠨᠬᠤᠸᠠ ᠬᠤᠷᠢᠶᠠᠨ᠎ᠤ ᠰᠤᠷᠪᠤᠯᠵᠢᠯᠠᠬᠴᠢ ᠹᠸᠢ ᠮᠤᠤ ᠬᠤᠸᠠ ᠰᠡᠬᠦᠳᠡᠷᠯᠠᠪᠠ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠠᠷᠢᠭᠤᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面