ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠵᠢᠷᠤᠭᠲᠤ ᠮᠡᠳᠡᠭᠡᠯᠡᠯ

2020-04-17 11:11:31

ᠵᠣᠬᠢᠶᠠᠭ᠍ᠴᠢ᠄ ᠯᠢᠣ ᠾ ᠰᠢᠶᠠᠨ ᠣᠩᠱᠢᠭ᠍ᠰᠠᠨ ᠣᠳᠠᠭ᠎ᠠ᠄ 3

3 ᠰᠠᠷ᠎ᠠ᠎ᠶᠢᠨ 30᠎ᠤ ᠡᠳᠦᠷ᠎ᠤᠨ ᠦᠷᠯᠦᠬᠡ᠎ᠶᠢᠨ 6 ᠄ 30᠎ᠲᠤ ᠂ ᠬᠦᠬᠡᠬᠤᠲᠠ᠎ᠶᠢᠨ ᠵᠢᠷᠭᠤᠳᠤᠭᠠᠷ ᠲᠤᠮᠲᠠᠲᠦ ᠰᠤᠷᠭᠠᠭᠤᠯᠢ᠎ᠶᠢᠨ ᠪᠠᠬᠰᠢ ᠠᠵᠢᠯᠲᠠᠳ ᠴᠦᠮ ᠠᠵᠢᠯ᠎ᠤᠨ ᠪᠠᠢᠷᠢᠨ᠎ᠳᠠᠭᠠᠨ ᠭᠠᠷᠴᠦ ᠂ ᠦᠨᠳᠦᠷ ᠲᠤᠮᠲᠠᠲᠦ᠎ᠶᠢᠨ ᠭᠤᠷᠪᠠᠳᠤᠭᠠᠷ ᠤᠨ᠎ᠤ ᠰᠤᠷᠤᠬᠴᠢᠳ᠎ᠢᠶᠡᠨ ᠪᠠᠶᠠᠷᠯᠠᠨ ᠤᠬᠲᠤᠨ᠎ᠠ ᠃ ᠲᠤᠰ ᠡᠳᠦᠷ ᠂ ᠬᠦᠬᠡᠬᠤᠲᠠ᠎ᠶᠢᠨ ᠵᠢᠷᠭᠤᠳᠤᠭᠠᠷ ᠲᠤᠮᠲᠠᠲᠦ ᠰᠤᠷᠭᠠᠭᠤᠯᠢ᠎ᠶᠢᠨ ᠦᠨᠳᠦᠷ ᠲᠤᠮᠲᠠᠲᠦ᠎ᠶᠢᠨ ᠭᠤᠷᠪᠠᠳᠤᠭᠠᠷ ᠤᠨ᠎ᠤ 10 ᠠᠩᠬᠢ᠎ᠶᠢᠨ 406 ᠰᠤᠷᠤᠬᠴᠢ ᠰᠤᠷᠭᠠᠭᠤᠯᠢ᠎ᠳᠠᠭᠠᠨ ᠬᠦᠷᠴᠤ ᠬᠢᠴᠢᠶᠡᠯᠯᠡᠪᠡ ᠃
ᠰᠤᠷᠤᠬᠴᠢᠳ ᠠᠮᠠᠪᠴᠢ ᠵᠡᠬᠦᠵᠦ ᠡᠮᠬᠢ ᠵᠢᠷᠦᠮ᠎ᠲᠠᠢ᠎ᠪᠠᠷ ᠰᠤᠷᠭᠠᠭᠤᠯᠢ᠎ᠶᠢᠨ ᠬᠦᠷᠢᠶᠡᠨ᠎ᠳ᠋ᠡᠭᠡᠨ ᠤᠷᠤᠵᠠᠭᠠᠵᠦ ᠂ ᠪᠠᠬᠰᠢ᠎ᠡᠴᠠ ᠪᠢᠲᠡᠭᠡᠢ ᠪᠦᠬᠡᠮᠨᠡᠷᠡᠵᠦ ᠴᠤᠬᠯᠠᠷᠠ ᠬᠡᠵᠦ ᠰᠤᠷᠤᠬᠴᠢᠳ᠎ᠲᠠᠭᠠᠨ ᠪᠠᠢᠨ ᠲᠠᠬᠢᠨ ᠰᠠᠨᠠᠭᠤᠯᠵᠦ ᠪᠠᠢᠪᠠ ᠃ ᠰᠤᠷᠭᠠᠭᠤᠯᠢ᠎ᠡᠴᠠ ᠬᠢᠵᠢᠭ᠎ᠢ ᠰᠡᠷᠭᠡᠢᠯᠡᠡ ᠡᠵᠡᠮᠳᠡᠬᠦ ᠱᠠᠭᠠᠷᠲᠠᠯᠭ᠎ᠠ ᠶᠤᠰᠤᠭᠠᠷ ᠂ ᠵᠢᠭᠠᠨ ᠰᠤᠷᠭᠠᠬᠤ ᠠᠰᠠᠷ᠎ᠤᠨ ᠡᠬᠦᠲᠡᠨ᠎ᠳ᠋ᠤ ᠨᠢᠭᠤᠷ ᠰᠢᠷᠪᠢᠵᠦ ᠪᠡᠶ᠎ᠡ᠎ᠶᠢᠨ ᠬᠠᠯᠠᠭᠤᠨ ᠬᠡᠮᠵᠢᠬᠦ ᠲᠦᠬᠦᠭᠡᠷᠤᠮᠵᠢ ᠤᠬᠰᠠᠷᠠᠵᠦ ᠂ ᠰᠤᠷᠤᠬᠴᠢᠳ ᠮᠦᠷᠯᠡᠨ ᠪᠡᠶ᠎ᠡ᠎ᠶᠢᠨ ᠬᠠᠯᠠᠭᠤᠨ᠎ᠢᠶᠡᠨ ᠬᠡᠮᠵᠢᠭᠦᠯᠤᠨ ᠠᠩᠬᠢ᠎ᠶᠢᠨ ᠬᠡᠷ᠎ᠲᠡᠭᠡᠨ ᠤᠷᠤᠵᠠᠭᠠᠪᠠ ᠃ ᠵᠢᠭᠠᠨ ᠰᠤᠷᠭᠠᠬᠤ ᠠᠰᠠᠷ᠎ᠤᠨ ᠨᠢᠬᠡᠳᠦᠭᠡᠷ ᠲᠠᠪᠬᠤᠷᠯᠢᠬ᠎ᠲᠤ 5 ᠬᠢᠴᠢᠶᠡᠯ᠎ᠤᠨ ᠬᠡᠷ ᠂ ᠬᠤᠶᠠᠳᠤᠭᠠᠷ ᠲᠠᠪᠬᠤᠷᠯᠢᠬ᠎ᠲᠤ 5 ᠬᠢᠴᠢᠶᠠᠯ᠎ᠤᠨ ᠬᠡᠷ ᠪᠠᠢᠵᠦ ᠂ ᠲᠠᠪᠬᠤᠷᠯᠢᠬ ᠬᠤᠪᠢᠶᠠᠨ ᠬᠠᠮᠢᠶᠠᠷᠤᠯᠲᠠ ᠬᠢᠵᠦ ᠪᠤᠢ ᠃



ᠠᠩᠬᠠᠷᠣᠯ ᠲᠦᠪᠯᠡᠷᠡᠭᠦᠯᠦᠨ ᠨᠣᠮ ᠣᠩᠰᠢᠨ᠎ᠠ


ᠰᠤᠷᠭᠠᠭᠤᠯᠢ ᠡᠬᠢᠯᠡᠭᠰᠡᠨ᠎ᠡᠴᠠ ᠡᠯ᠎ᠡ ᠰᠤᠷᠭᠠᠭᠤᠯᠢ᠎ᠶᠢᠨ᠎ᠬᠢᠨ ᠴᠦᠮ ᠰᠤᠷᠭᠠᠭᠤᠯᠢ᠎ᠶᠢᠨ ᠬᠦᠷᠢᠶᠡᠨ᠎ᠤ ᠬᠢᠵᠢᠭ᠎ᠢ ᠰᠡᠷᠭᠡᠢᠯᠡᠨ ᠡᠵᠡᠮᠳᠡᠬᠦ ᠠᠵᠢᠯ᠎ᠤᠨ ᠪᠠᠢᠷᠢᠯᠠᠭᠤᠯᠤᠯᠲᠠ ᠶᠤᠰᠤᠭᠠᠷ ᠂ ᠵᠢᠭᠠᠨ ᠰᠤᠷᠭᠠᠯᠲᠠ᠎ᠶᠢᠨ ᠠᠵᠢᠯ ᠪᠠ ᠬᠢᠵᠢᠭ᠎ᠢ ᠰᠡᠷᠭᠡᠢᠯᠡᠨ ᠡᠵᠡᠮᠳᠡᠬᠦ ᠠᠵᠢᠯ᠎ᠢ ᠬᠠᠮᠲᠦ᠎ᠳ᠋ᠤᠨᠢ ᠴᠢᠩᠭ᠎ᠠ ᠠᠳᠬᠤᠵᠦ ᠪᠠᠢᠨ᠎ᠠ ᠃
ᠰᠤᠷᠪᠤᠯᠵᠢᠯᠠᠬᠴᠢ ᠬᠦᠬᠡᠬᠤᠲᠠ᠎ᠶᠢᠨ ᠠᠩᠬ᠎ᠠ ᠵᠡᠷᠭᠡ᠎ᠶᠢᠨ ᠲᠤᠮᠲᠠᠲᠦ ᠰᠤᠷᠭᠠᠭᠤᠯᠢ ᠂ ᠦᠨᠳᠦᠷ ᠵᠡᠷᠭᠡ᠎ᠶᠢᠨ ᠲᠤᠮᠲᠠᠲᠦ ᠰᠤᠷᠭᠠᠭᠤᠯᠢ᠎ᠨᠤᠭᠤᠳ᠎ᠢᠶᠠᠷ ᠬᠦᠷᠴᠦ ᠰᠤᠷᠪᠤᠯᠵᠢᠯᠠᠬᠰᠡᠨ᠎ᠳ᠋ᠤ ᠂ ᠡᠯ᠎ᠠ ᠰᠤᠷᠭᠠᠭᠤᠯᠢ᠎ᠶᠢᠨ᠎ᠬᠢᠨ ᠤᠯᠠᠨ ᠠᠷᠭ᠎ᠠ ᠬᠡᠮᠵᠢᠶ᠎ᠡ ᠠᠪᠴᠦ ᠬᠢᠵᠢᠭ᠎ᠢ ᠰᠡᠷᠭᠡᠢᠯᠡᠨ ᠡᠵᠡᠮᠳᠡᠵᠦ ᠪᠤᠢ ᠄ ᠬᠢᠴᠢᠶᠠᠯ᠎ᠤᠨ ᠬᠡᠷ ᠂ ᠬᠤᠭᠤᠯᠠᠨ ᠬᠡᠷ ᠂ ᠪᠠᠢᠷᠢ᠎ᠶᠢᠨ ᠬᠡᠷ ᠂ ᠠᠰᠠᠷ᠎ᠤᠨ ᠭᠤᠲᠤᠮᠵᠢ ᠵᠡᠷᠭᠡ᠎ᠶᠢ ᠡᠳᠦᠷ᠎ᠲᠤ ᠤᠯᠠᠨ ᠤᠲᠠᠭ᠎ᠠ ᠠᠷᠢᠭᠤᠳᠬᠠᠵᠦ ᠪᠤᠢ ︔ ᠲᠤᠰᠬᠠᠢ ᠲᠤᠰᠠᠭᠠᠷᠯᠠᠬᠤ ᠲᠠᠰᠤᠬ ᠨᠡᠮᠡᠡ ᠪᠠᠢᠭᠤᠯᠪᠠ ︔ ᠰᠤᠷᠤᠬᠴᠢᠳ᠎ᠤᠨ ᠰᠢᠷᠡᠭᠡ ᠰᠠᠨᠳᠠᠯᠢ᠎ᠶᠢ ᠵᠠᠢᠲᠠᠢ ᠪᠠᠢᠷᠢᠯᠠᠭᠤᠯᠪᠠ ︔ ᠭᠠᠷ ᠤᠬᠢᠶᠠᠬᠤ ᠭᠠᠵᠠᠷ᠎ᠲᠤ ︽ ᠲᠤᠯᠤᠭᠠᠨ ᠠᠯᠬᠤᠮ᠎ᠢᠶᠠᠷ ᠭᠠᠷ ᠤᠬᠢᠶᠠᠬᠤ ︾ ᠤᠬᠠᠭᠤᠯᠭ᠎ᠠ᠎ᠶᠢᠨ ᠵᠢᠷᠤᠬ ᠨᠠᠭᠠᠵᠦ ᠂ ᠭᠠᠷ ᠤᠬᠢᠶᠠᠬᠤ ᠰᠢᠩᠬᠡᠨ ᠪᠠ ᠠᠷᠢᠭᠤᠳᠬᠠᠬᠤ ᠰᠢᠩᠬᠡᠨ ᠬᠠᠩᠭᠠᠪᠠ ︔ ᠬᠤᠭᠤᠯᠠᠨ ᠬᠡᠷ᠎ᠲᠤ ᠰᠤᠷᠤᠬᠴᠢᠳ ᠨᠢᠭᠡ ᠬᠦᠮᠦᠨ ᠨᠢᠬᠡ ᠰᠢᠷᠡᠬᠡᠨ᠎ᠳ᠋ᠤ ᠬᠤᠭᠤᠯᠠᠯᠠᠨ᠎ᠠ ︔ ᠰᠤᠷᠭᠠᠭᠤᠯᠢ᠎ᠶᠢᠨ ᠬᠦᠷᠢᠶᠡᠨ᠎ᠳ᠋ᠤ ᠬᠠᠶᠠᠬᠲᠠᠮᠠᠯ ᠠᠮᠠᠪᠴᠢ᠎ᠶᠢ ᠬᠤᠷᠢᠶᠠᠨ ᠰᠢᠢᠳᠪᠤᠷᠢᠯᠡᠬᠦ ᠰᠠᠪᠠ᠎ᠶᠢ ᠤᠯᠠᠨ ᠲᠤᠬᠢᠷᠠᠭᠤᠯᠵᠠᠢ ᠁



ᠪᠡᠶ᠎ᠡ᠎ᠶᠢᠨ ᠬᠠᠯᠠᠭᠣᠨ᠎ᠢ ᠬᠡᠮᠵᠢᠨ᠎ᠡ


︽ ᠠᠩᠬᠢ᠎ᠶᠢᠨ ᠬᠡᠷ᠎ᠲᠡᠭᠡᠨ ᠬᠢᠴᠢᠶᠡᠯ ᠤᠷᠤᠬᠤ᠎ᠨᠢ ᠨᠠᠲᠠ᠎ᠳ᠋ᠤ ᠲᠤᠩ ᠵᠤᠯ ᠵᠢᠷᠭᠠᠯᠲᠠᠢ ᠰᠠᠨᠠᠬᠲᠠᠵᠦ ᠪᠠᠢᠨ᠎ᠠ ᠂ ᠪᠢ ᠰᠤᠷᠭᠠᠭᠤᠯᠢ ᠡᠬᠢᠯᠡᠬᠦ᠎ᠶᠢ ᠲᠡᠰᠴᠦ ᠶᠠᠲᠠᠨ ᠬᠦᠯᠢᠶᠡᠵᠦ ᠪᠠᠢᠯ᠎ᠠ ︾ ᠬᠡᠵᠦ ᠬᠦᠬᠡᠬᠤᠲᠠ᠎ᠶᠢᠨ ᠵᠢᠷᠭᠤᠳᠤᠭᠠᠷ ᠲᠤᠮᠲᠠᠲᠦ ᠰᠤᠷᠭᠠᠭᠤᠯᠢ᠎ᠶᠢᠨ ᠰᠤᠷᠤᠬᠴᠢ ᠬᠤᠤ ᠢ ᠪᠢᠨ ᠪᠠᠶᠠᠷᠲᠠᠢᠬᠠᠨ ᠶᠠᠷᠢᠨ᠎ᠠ ᠃
︽ ᠲᠠ ᠨᠠᠷ᠎ᠢ᠎ᠪᠠᠨ ᠪᠠᠶᠠᠷᠯᠠᠨ ᠤᠬᠲᠤᠵᠦ ᠪᠠᠢᠨ᠎ᠠ ᠂ ᠪᠢᠲᠡ ᠬᠠᠮᠲᠤ᠎ᠪᠠᠷ ᠴᠢᠷᠮᠠᠢᠵᠠᠭᠠᠶ᠎ᠠ ︕ ︾ ᠡᠨᠡ ᠪᠤᠯ ᠰᠤᠷᠭᠠᠭᠤᠯᠢ ᠡᠬᠢᠯᠡᠬᠦ ᠡᠳᠦᠷ ᠪᠠᠬᠰᠢ ᠨᠠᠷ᠎ᠤᠨ ᠬᠡᠤᠬᠡᠳ᠎ᠤᠳ᠎ᠲᠡᠭᠡᠨ ᠬᠡᠯᠡᠭᠰᠡᠨ ᠲᠦᠬᠦᠮᠬᠡᠨ ᠪᠦᠬᠡᠳ ᠬᠠᠯᠠᠭᠤᠨ ᠲᠤᠲᠤᠨᠤ ᠦᠭᠡ ᠶᠠᠷᠢᠶ᠎ᠠ ᠪᠤᠯᠤᠨ᠎ᠠ ᠃ ᠰᠤᠷᠭᠠᠭᠤᠯᠢ᠎ᠳᠠᠭᠠᠨ ᠪᠤᠴᠠᠬᠰᠠᠨ ᠪᠠᠬᠰᠢ ᠰᠤᠷᠤᠬᠴᠢᠳ ᠰᠢᠨ᠎ᠡ ᠰᠤᠷᠤᠯᠭ᠎ᠠ᠎ᠶᠢᠨ ᠬᠤᠭᠤᠴᠠᠭ᠎ᠠ᠎ᠪᠠᠨ ᠢᠳᠡᠭᠡᠯ ᠲᠦᠬᠦᠷᠡᠩ ᠡᠬᠢᠯᠡᠬᠦᠯᠦᠯ᠎ᠠ ᠃



ᠠᠷᠢᠭᠣᠳᠬᠠᠯ᠎ᠤᠨ ᠲᠡᠮᠳᠡᠭᠯᠡᠯ ᠬᠢᠨ᠎ᠡ



ᠪᠠᠶᠠᠷ ᠬᠦᠷ ᠲᠠᠢ ᠰᠢᠨ᠎ᠡ ᠰᠣᠷᠣᠯᠭ᠎ᠠ᠎ᠶᠢᠨ ᠬᠣᠭᠣᠴᠠᠭ᠎ᠠ ᠪᠠᠨ ᠡᠬᠢᠯᠡᠭᠦᠯᠦᠨ᠎ᠡ



ᠨᠢᠭᠡ ᠬᠦᠮᠦᠨ ᠨᠢᠭᠡ ᠰᠢᠷᠡᠭᠡᠨ᠎ᠳ᠋ᠦ ᠬᠣᠭᠣᠯᠠᠯᠠᠨ᠎ᠠ



ᠪᠠᠭᠰᠢ ᠡᠴᠡ ᠬᠡᠲᠦ ᠣᠯᠠᠭᠠᠨ᠎ᠤ ᠭᠠᠳᠠᠨᠠᠬᠢ ᠲᠣᠯᠠᠭᠠᠨ᠎ᠤ ᠬᠡᠮᠵᠢᠭᠦᠷ᠎ᠢ ᠲᠣᠷᠰᠢᠨ ᠬᠡᠷᠡᠭᠯᠡᠵᠦ ᠪᠠᠢᠭ᠎ᠠ ᠨᠢ




ᠠᠩᠬᠢ᠎ᠶᠢᠨ ᠭᠡᠷ᠎ᠢ ᠠᠷᠢᠭᠣᠳᠬᠠᠨ᠎ᠠ



ᠬᠢᠴᠢᠶᠡᠯ ᠪᠡᠯᠡᠳᠭᠡᠨ᠎ᠡ



ᠰᠣᠷᠭᠠᠭᠣᠯᠢ᠎ᠶᠢᠨ ᠬᠦᠷᠢᠶ᠎ᠡ ᠬᠦᠭᠵᠢᠶᠡᠨ᠎ᠢᠶ᠋ᠡᠷ ᠪᠢᠯᠬᠠᠯ᠎ᠠ


︵ ᠭᠡᠷᠡᠯ ᠵᠢᠷᠤᠬ᠎ᠤᠳ᠎ᠢ ᠰᠤᠷᠪᠤᠯᠵᠢᠯᠠᠬᠴᠢ ᠸᠠᠩ ᠯᠧᠢ ᠮᠦᠩᠬᠡᠴᠢᠯᠠᠭᠤ ᠢᠦᠢ ᠲᠤᠤ ᠰᠡᠭᠦᠳᠡᠷᠯᠡᠪᠡ ︶

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠠᠷᠢᠭᠤᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面