2020-04-26 11:06:03
ᠵᠠᠷᠤᠳ ᠬᠤᠰᠢᠭᠤᠨ᠎ᠤ ᠯᠦᠪᠸᠢ ᠪᠠᠯᠭᠠᠰᠤ᠎ᠶᠢᠨ ᠶᠡᠬᠡ ᠪᠠᠶ᠎ᠠ ᠲᠤᠰᠬᠤᠨ᠎ᠤ ᠢᠳᠡᠬᠡᠨ᠎ᠤ ᠮᠦᠭᠦ ᠲᠠᠷᠢᠵᠤ ᠪᠤᠷᠤᠯᠠᠭᠤᠯᠬᠤ ᠦᠢᠯᠡᠳᠪᠦᠷᠢ ᠲᠤᠰᠬᠤᠨ᠎ᠤ ᠠᠷᠠᠳ᠎ᠤᠨ ᠶᠠᠳᠠᠭᠤ᠎ᠡᠴᠠ ᠠᠩᠭᠢᠵᠢᠷᠠᠵᠤ ᠤᠷᠤᠯᠭ᠎ᠠ᠎ᠪᠠᠨ ᠨᠡᠮᠡᠭᠳᠡᠭᠦᠯᠬᠦ᠎ᠳ᠋ᠤ ᠬᠦᠴᠦᠨ ᠨᠡᠮᠡᠷᠢᠯᠡ
ᠵᠠᠷᠤᠳ ᠬᠤᠰᠢᠭᠤᠨ᠎ᠤ ᠯᠦᠪᠸᠢ ᠪᠠᠯᠭᠠᠰᠤ᠎ᠶᠢᠨ ᠶᠡᠬᠡ ᠪᠠᠶ᠎ᠠ ᠲᠤᠰᠬᠤᠨ 2018 ᠤᠨᠡᠴᠠ ᠢᠳᠡᠬᠡᠨ᠎ᠤ ᠮᠦᠭᠦ ᠲᠠᠷᠢᠵᠤ ᠪᠤᠷᠤᠯᠠᠭᠤᠯᠬᠤ ᠦᠢᠯᠡᠳᠪᠦᠷᠢ ᠪᠠᠢᠭᠤᠯᠵᠤ ᠂ ᠲᠤᠬᠠᠢ᠎ᠶᠢᠨ ᠵᠢᠯ᠎ᠤᠨ ᠰᠡᠭᠦᠯᠴᠢ᠎ᠪᠠᠷ ᠢᠳᠡᠬᠡᠨ᠎ᠤ ᠮᠦᠭᠦ ᠲᠠᠷᠢᠵᠤ ᠬᠤᠷᠢᠶᠠᠨ ᠵᠠᠬ᠎ᠠ ᠳᠡᠯᠭᠡᠭᠦᠷ᠎ᠲᠤ ᠭᠠᠷᠭᠠᠵᠤ ᠡᠬᠢᠯᠡᠵᠠᠢ ᠃ ᠲᠤᠰ ᠦᠢᠯᠡᠳᠪᠦᠷᠢ᠎ᠨᠢ ᠳᠠᠩᠰᠠᠯᠠᠵᠤ ᠺᠠᠷᠲ᠋ᠯᠠᠭᠰᠠᠨ ᠶᠠᠳᠠᠭᠤ ᠬᠦᠴᠢᠷᠳᠡᠯᠳᠠᠢ ᠮᠠᠯᠴᠢᠨ ᠲᠠᠷᠢᠶᠠᠴᠢᠨ᠎ᠢ ᠤᠷᠢᠳ᠎ᠢᠶᠠᠷ ᠡᠯᠰᠡᠨ ᠦᠢᠯᠡᠳᠪᠦᠷᠢᠳ᠋ᠡᠭᠡᠨ ᠠᠵᠢᠯᠯᠠᠭᠤᠯᠵᠤ ᠂ ᠲᠤᠰᠬᠤᠨ᠎ᠤ ᠠᠷᠠᠳ᠎ᠤᠨ ᠶᠠᠳᠠᠭᠤ᠎ᠡᠴᠠ ᠠᠩᠭᠢᠵᠢᠷᠠᠵᠤ ᠤᠷᠤᠯᠭ᠎ᠠ᠎ᠪᠠᠨ ᠨᠡᠮᠡᠭᠳᠡᠭᠦᠯᠬᠦ᠎ᠳ᠋ᠤ ᠬᠦᠴᠦᠨ ᠨᠡᠮᠡᠷᠢᠯᠡᠭᠰᠡᠨ ᠪᠠᠢᠨ᠎ᠠ ᠃ ᠤᠳᠤᠬᠠᠨ᠎ᠳ᠋ᠤ ᠲᠤᠰ ᠦᠢᠯᠡᠳᠪᠤᠷᠢ᠎ᠶᠢᠨ᠎ᠬᠢᠨ ᠠᠵᠢᠯ᠎ᠢᠶᠡᠨ ᠪᠦᠬᠦ ᠲᠠᠯ᠎ᠠ᠎ᠪᠠᠷ ᠰᠡᠷᠬᠦᠬᠡᠵᠤ ᠬᠡᠪ᠎ᠤᠨ ᠦᠢᠯᠡᠳᠪᠤᠷᠢᠯᠡᠯᠳ᠋ᠡᠭᠡᠨ ᠤᠷᠤᠪᠠ ᠂ ᠵᠢᠷᠤᠭ ᠪᠤᠯ ᠦᠢᠯᠡᠳᠪᠦᠷᠢ᠎ᠶᠢᠨ ᠠᠵᠢᠯᠴᠢᠳ ᠬᠤᠷᠢᠶᠠᠭᠰᠠᠨ ᠮᠦᠭᠦ᠎ᠪᠠᠨ ᠲᠢᠭᠯᠡᠵᠤ ᠪᠠᠢᠭ᠎ᠠ᠎ᠨᠢ ᠃

ᠰᠢᠨᠬᠤᠸᠠ ᠬᠤᠷᠢᠶᠠᠨ᠎ᠤ ᠰᠤᠷᠪᠤᠯᠵᠢᠯᠠᠭᠴᠢ ᠵᠠᠩ ᠱᠸᠩ ᠰᠡᠭᠦᠳᠡᠷᠯᠡᠪᠡ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠠᠷᠢᠭᠤᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃