ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠲᠠᠢᠯᠤᠮᠵᠢ

2020-02-08 11:58:50

ᠵᠣᠬᠢᠶᠠᠭ᠍ᠴᠢ᠄ ᠰᠢᠨᠬᠤᠸᠠ ᠬᠤᠷᠢᠶᠠᠨ ‍ᠤ ᠰᠤᠷᠪᠤᠯᠵᠢᠯᠠᠬᠴᠢ ᠠᠨ ᠪᠸᠢ ᠵᠠᠩ ᠰᠢᠨ ᠰᠢᠨ ᠲᠢᠶᠠᠨ ᠰᠢᠶᠤᠤ ᠬᠠᠩ ᠪᠠᠢ ᠢᠩ ᠹᠠᠨ ᠰᠢ ᠣᠩᠱᠢᠭ᠍ᠰᠠᠨ ᠣᠳᠠᠭ᠎ᠠ᠄ 3

ᠬᠢᠵᠢᠭ ‍ᠤᠨ ᠪᠠᠢᠳᠠᠯ ‍ᠢ ᠰᠡᠷᠭᠡᠢᠯᠡᠨ ᠡᠵᠡᠮᠳᠡᠵᠦ ᠪᠠᠢᠬᠤ ᠪᠠᠢᠳᠠᠯ ᠳᠤᠤᠷ᠎ᠠ ᠂ ᠠᠷᠠᠳ ᠤᠯᠠᠨ ‍ᠤ ᠦᠨᠳᠦᠰᠦᠨ ᠠᠮᠢᠳᠤᠷᠠᠯ ‍ᠢ ᠭᠡᠷᠬᠢᠨ ᠪᠠᠳᠤᠯᠠᠬᠤ ᠪᠤᠢ ︖ ᠭᠤᠤᠯᠳᠠᠯᠭ᠎ᠠ᠎ᠲᠠᠢ ᠡᠮᠴᠢᠯᠡᠭᠡᠨ ‍ᠤ ᠡᠳ᠋ ᠪᠤᠳᠠᠰ ᠪᠠ ᠠᠮᠢᠳᠤᠷᠠᠯ ‍ᠤᠨ ᠡᠳ᠋ ᠪᠠᠷᠠᠭ᠎ᠠ᠎ᠶᠢ ᠬᠡᠷᠬᠢᠨ ᠪᠠᠳᠤᠯᠠᠬᠤ ᠪᠤᠢ ︖ ᠠᠵᠢᠯ᠎ᠢᠶᠡᠨ ᠰᠡᠷᠬᠦᠭᠡᠵᠦ ᠦᠢᠯᠡᠳᠪᠦᠷᠢᠯᠡᠯ᠎ᠢᠶᠡᠨ ᠰᠡᠷᠬᠦᠭᠡᠬᠦ᠎ᠶᠢ ᠭᠡᠷᠬᠢᠨ ᠡᠮᠬᠢ ᠲᠢᠭᠯᠢᠮ᠎ᠲᠠᠢ ᠠᠬᠢᠭᠤᠯᠬᠤ ᠪᠤᠢ ︖
ᠲᠦᠷᠦ᠎ᠶᠢᠨ ᠶᠠᠪᠤᠳᠠᠯ ‍ᠤᠨ ᠬᠤᠷᠢᠶᠠᠨ ‍ᠤ ᠰᠢᠨ᠎ᠠ ᠭᠡᠯᠪᠡᠷᠢ᠎ᠶᠢᠨ ᠳᠢᠳᠢᠮᠯᠢᠭ ᠸᠢᠷᠦ᠋ᠰ᠎ᠡᠴᠠ ᠬᠠᠯᠳᠠᠪᠤᠷᠢᠯᠠᠬᠰᠠᠨ ᠠᠭᠤᠰᠬᠢᠨ ‍ᠤ ᠦᠷᠪᠢᠰᠤᠯ ‍ᠢ ᠠᠷᠭᠠᠴᠠᠭᠠᠬᠤ ᠬᠤᠯᠪᠤᠭᠠᠯᠠᠨ ᠰᠡᠷᠭᠡᠢᠯᠡᠵᠦ ᠬᠤᠯᠪᠤᠭᠠᠯᠠᠨ ᠡᠵᠡᠮᠳᠡᠬᠦ ᠲᠤᠭᠳᠠᠴᠠ ᠶᠢᠨ᠎ᠬᠢᠨ 3 ‍ᠤ ᠡᠳᠦᠷ ᠰᠤᠨᠢᠨ ᠮᠡᠳᠡᠭᠡ ᠨᠡᠢᠳᠡᠯᠡᠬᠦ ᠬᠤᠷᠠᠯ ᠬᠢᠵᠦ ᠂ ᠬᠤᠯᠪᠤᠭᠳᠠᠯ ᠪᠦᠬᠦᠢ ᠰᠠᠯᠠᠭ᠎ᠠ ᠮᠦᠴᠢᠷ ‍ᠤᠨ ᠬᠠᠷᠢᠭᠤᠴᠠᠯᠭᠠᠳᠠᠨ ᠡᠴᠠ ᠡᠨᠡ ᠲᠤᠬᠠᠢ ᠬᠠᠷᠢᠭᠤᠯᠳᠠ ᠦᠭᠪᠡ ᠃

ᠠᠮᠢᠳᠤᠷᠠᠯ ‍ᠤᠨ ᠵᠠᠪᠡᠯ ᠭᠡᠷᠡᠭᠰᠡᠬᠦ ᠵᠦᠢᠯ ‍ᠢ ᠭᠡᠷᠬᠢᠨ ᠪᠠᠳᠤᠯᠠᠬᠤ ᠪᠤᠢ ︖

 ᠬᠡᠪ ‍ᠤᠨ ᠪᠠᠢᠲᠠᠯ᠎ᠡᠴᠠ ᠳᠠᠪᠠᠭᠰᠠᠨ ᠭᠡᠷᠡᠭᠴᠡᠭᠡ᠎ᠶᠢ ᠥᠨᠳᠦᠰᠦᠯᠡᠵᠦ ᠬᠠᠩᠭᠠᠯᠭ᠎ᠠ᠎ᠶᠢ ᠵᠤᠬᠢᠶᠠᠨ ᠪᠠᠢᠭᠤᠯᠤᠨ᠎ᠠ
ᠴᠠᠭᠠᠨ ᠰᠠᠷ᠎ᠠ᠎ᠶᠢᠨ ᠠᠮᠠᠷᠠᠯᠳᠠ᠎ᠶᠢᠨ ᠬᠤᠭᠤᠴᠠᠭ᠎ᠠ ᠳᠠᠭᠤᠰᠬᠤ᠎ᠶᠢ ᠳᠠᠭᠠᠯᠳᠤᠨ ᠂ ᠲᠤᠮᠤ ᠳᠤᠮᠳᠠ ᠪᠠᠭ᠎ᠠ ᠬᠤᠳᠠ᠎ᠶᠢᠨ ᠢᠳᠡᠰᠢᠨ ᠨᠤᠭᠤᠭ᠎ᠠ ᠮᠢᠬ᠎ᠠ ᠦᠨᠳᠡᠭᠡ ᠰᠦ ᠵᠡᠷᠭᠡ ᠠᠮᠢᠳᠤᠷᠠᠯ ‍ᠤᠨ ᠵᠠᠪᠠᠯ ᠭᠡᠷᠡᠭᠰᠡᠬᠦ ᠵᠦᠢᠯ ‍ᠤᠨ ᠭᠡᠷᠡᠭᠴᠡᠭᠡ ᠨᠡᠮᠡᠭᠳᠡᠨ᠎ᠠ ᠂ ᠠᠮᠢᠳᠤᠷᠠᠯ ‍ᠤᠨ ᠵᠠᠪᠠᠯ ᠭᠡᠷᠡᠭᠰᠡᠬᠦ ᠵᠦᠢᠯ ‍ᠤᠨ ᠬᠠᠩᠭᠠᠯᠭ᠎ᠠ᠎ᠶᠢ ᠭᠡᠷᠬᠢᠨ ᠪᠠᠳᠤᠯᠠᠬᠤ ᠠᠰᠠᠭᠤᠳᠠᠯ ᠬᠦᠮᠦᠰ ‍ᠤᠨ ᠠᠩᠬᠠᠷᠤᠯ ‍ᠢ ᠶᠡᠭᠡᠳᠠ ᠳᠠᠳᠠᠵᠠᠢ ᠃
ᠤᠯᠤᠰ ‍ᠤᠨ ᠬᠦᠭᠵᠢᠬᠦᠯᠦᠯᠳᠠ ᠦᠭᠡᠷᠡᠴᠢᠯᠡᠯᠳᠠ᠎ᠶᠢᠨ ᠵᠦᠪᠯᠡᠯ ‍ᠤᠨ ᠳᠡᠳ᠋ ᠡᠷᠬᠢᠯᠡᠭᠴᠢ ᠯᠢᠶᠠᠨ ᠸᠸᠢ ᠯᠢᠶᠠᠩ ᠂ ᠲᠦᠪ ‍ᠤᠨ ᠰᠢᠨ᠎ᠠ ᠭᠡᠯᠪᠡᠷᠢ᠎ᠶᠢᠨ ᠳᠢᠳᠢᠮᠯᠢᠭ ᠸᠢᠷᠦ᠋ᠰ ᠡᠴᠠ ᠬᠠᠯᠳᠠᠪᠤᠷᠢᠯᠠᠬᠰᠠᠨ ᠠᠭᠤᠰᠬᠢᠨ ‍ᠤ ᠦᠷᠪᠢᠰᠤᠯ ‍ᠤᠨ ᠬᠢᠵᠢᠭ ‍ᠤᠨ ᠪᠠᠢᠳᠠᠯ ‍ᠢ ᠠᠷᠭᠠᠴᠠᠭᠠᠬᠤ ᠠᠵᠢᠯ ‍ᠤᠨ ᠤᠳᠤᠷᠢᠳᠬᠤ ᠲᠤᠭᠤᠢᠯᠠᠩ᠎ᠡᠴᠠ ᠤᠯᠠᠨ ᠰᠠᠯᠠᠭ᠎ᠠ ᠮᠦᠴᠢᠷ᠎ᠢᠶᠠᠷ ᠪᠦᠷᠢᠯᠳᠦᠭᠰᠡᠨ ᠠᠮᠢᠳᠤᠷᠠᠯ ‍ᠤᠨ ᠡᠳ᠋ ᠪᠠᠷᠠᠭ᠎ᠠ᠎ᠶᠢ ᠪᠠᠳᠤᠯᠠᠬᠤ ᠲᠤᠭᠤᠢᠯᠠᠩ ‍ᠢ ᠲᠤᠰᠬᠠᠢᠯᠠᠨ ᠪᠠᠢᠭᠤᠯᠵᠦ ᠂ ᠲᠦᠷᠭᠡᠨ ᠬᠤᠯᠪᠤᠭᠠᠯᠠᠨ ᠬᠦᠳᠡᠯᠦᠯᠴᠡᠬᠦ ᠠᠵᠢᠯ ‍ᠤᠨ ᠲᠤᠭᠳᠠᠴᠠ᠎ᠶᠢ ᠪᠠᠢᠭᠤᠯᠤᠨ ᠂ ᠠᠷᠭ᠎ᠠ ᠪᠦᠬᠦᠨ ‍ᠢ ᠰᠦᠪᠡᠭᠴᠢᠯᠡᠵᠦ ᠪᠠᠢᠭᠠᠳ ᠠᠮᠢᠳᠤᠷᠠᠯ ‍ᠤᠨ ᠵᠠᠪᠠᠯ ᠭᠡᠷᠡᠭᠰᠡᠬᠦ ᠵᠦᠢᠯ ‍ᠤᠨ ᠬᠠᠩᠭᠠᠯᠭ᠎ᠠ᠎ᠶᠢ ᠪᠠᠳᠤᠯᠠᠵᠦ ᠪᠤᠢ ᠃ ᠤᠳᠤᠬᠠᠨ ‍ᠤ ᠪᠠᠢᠳᠠᠯ᠎ᠡᠴᠠ ᠦᠵᠡᠪᠡᠯ ᠂ ᠦᠬᠠᠨ ᠬᠤᠳᠠ ᠪᠠ ᠬᠤᠪᠸᠢ ᠮᠤᠵᠢ᠎ᠶᠢᠨ ᠠᠮᠢᠳᠤᠷᠠᠯ ‍ᠤᠨ ᠵᠡᠪᠠᠯ ᠭᠡᠷᠡᠭᠰᠡᠬᠦ ᠵᠦᠢᠯ ‍ᠤᠨ ᠶᠡᠷᠦᠩᠭᠡᠢ ᠭᠡᠮᠵᠢᠶ᠎ᠠ ᠪᠠᠳᠤᠯᠠᠭ᠎ᠠ᠎ᠲᠠᠢ ᠪᠠᠢᠨ᠎ᠠ ᠂ ᠦᠨ᠎ᠠ ᠬᠠᠩᠰᠢ᠎ᠨᠢ ᠱᠠᠳᠤᠴᠢ ᠴᠢᠨᠠᠷᠳᠠᠢ ᠳᠡᠭᠡᠭᠰᠢᠯᠡᠭᠰᠡᠨ ‍ᠤ ᠳᠠᠷᠠᠭ᠎ᠠ ᠡᠬᠢᠯᠡᠨ ᠪᠠᠭᠤᠷᠠᠵᠦ ᠪᠤᠢ ᠂ ᠪᠦᠬᠦ ᠤᠯᠤᠰ ‍ᠤᠨ ᠪᠤᠰᠤᠳ ᠭᠠᠵᠠᠷ ᠤᠷᠤᠨ ‍ᠤ ᠬᠠᠩᠭᠠᠯᠭ᠎ᠠ ᠴᠦ ᠬᠠᠷᠢᠴᠠᠩᠭᠤᠢ᠎ᠪᠠᠷ ᠨᠡᠯᠢᠶᠡᠳ ᠬᠦᠢᠴᠡᠳ ᠪᠠᠳᠤᠯᠠᠭ᠎ᠠ᠎ᠲᠠᠢ ᠪᠠᠢᠨ᠎ᠠ ᠭᠡᠪᠡ ᠃
︽ ᠳᠠᠷᠠᠭᠠᠴᠢ᠎ᠶᠢᠨ ᠠᠯᠬᠤᠮ᠎ᠳ᠋ᠤ ᠬᠡᠪ ‍ᠤᠨ ᠪᠠᠢᠲᠠᠯ᠎ᠡᠴᠠ ᠳᠠᠪᠠᠭᠰᠠᠨ ᠭᠡᠷᠡᠭᠴᠡᠭᠡ᠎ᠶᠢ ᠥᠨᠳᠦᠰᠦᠯᠡᠵᠦ ᠬᠠᠩᠭᠠᠯᠭ᠎ᠠ᠎ᠶᠢ ᠵᠤᠬᠢᠶᠠᠨ ᠪᠠᠢᠭᠤᠯᠵᠦ ᠂ ᠬᠦᠮᠦᠷᠭᠡᠯᠡᠯᠳᠠ ᠶᠢ ᠨᠡᠮᠡᠭᠳᠡᠬᠦᠯᠬᠦ᠎ᠡᠴᠠ ᠪᠢᠰᠢ ᠲᠤᠲᠠᠭᠤᠯᠬᠤ ᠦᠭᠡᠢ ᠂ ᠨᠦᠭᠡᠴᠡᠯᠡᠭᠡᠳ ᠭᠡᠷᠡᠭᠯᠡᠬᠦ ᠦᠭᠡᠢ ᠪᠤᠶᠤ ᠪᠠᠭ᠎ᠠ ᠭᠡᠷᠡᠭᠯᠡᠭᠰᠡᠡ ᠴᠤ ᠂ ᠲᠤᠳᠠᠭᠲᠠᠬᠤ ᠦᠵᠡᠭᠳᠡᠯ ‍ᠢ ᠶᠠᠭᠠᠬᠢᠭᠰᠠᠠ ᠴᠤ ᠭᠠᠷᠭᠠᠬᠤ ᠦᠭᠡᠢ ︾ ᠭᠡᠵᠤ ᠯᠢᠶᠠᠨ ᠸᠸᠸᠢ ᠯᠢᠶᠠᠩ ᠬᠡᠯᠡᠨ᠎ᠡ ᠃ ᠲᠡᠷᠡ ᠄ ᠪᠠᠷᠠᠭᠠᠨ ‍ᠤ ᠢᠷᠡᠯᠳᠠ᠎ᠶᠢ ᠨᠡᠮᠡᠭᠳᠡᠬᠦᠯᠬᠦ ᠂ ᠠᠵᠢᠯᠴᠢᠨ ᠭᠡᠷᠡᠭᠯᠡᠬᠦ᠎ᠶᠢ ᠵᠤᠬᠢᠶᠠᠨ ᠪᠠᠢᠭᠤᠯᠬᠤ ᠂ ᠠᠵᠢᠯ᠎ᠢᠶᠡᠨ ᠰᠡᠷᠬᠦᠭᠡᠬᠦ ᠦᠢᠯᠡᠳᠪᠤᠷᠢᠯᠡᠯ᠎ᠢᠶᠡᠨ ᠰᠡᠷᠬᠦᠭᠡᠬᠦ ᠪᠠ ᠪᠠᠷᠠᠭᠠᠨ ‍ᠤ ᠬᠦᠢᠯᠭᠡᠭᠡ᠎ᠶᠢ ᠰᠢᠯᠤᠭᠤᠳᠬᠠᠬᠤ ᠠᠵᠢᠯ ‍ᠢ ᠭᠤᠤᠯᠳᠠᠯᠭ᠎ᠠ᠎ᠲᠠᠢ ᠰᠠᠢᠳᠤᠷ ᠠᠳᠬᠤᠬᠤ ᠬᠡᠷᠡᠭᠲᠡᠢ ᠭᠡᠵᠦ ᠴᠢᠬᠤᠯᠠᠴᠢᠯᠠᠵᠠᠢ ᠃
ᠬᠤᠳᠠᠯᠳᠤᠭᠠᠨ ‍ᠤ ᠶᠠᠪᠤᠳᠠᠯ ‍ᠤᠨ ᠶᠠᠮᠤᠨ ‍ᠤ ᠳᠡᠳ᠋ ᠰᠠᠢᠳ ᠸᠠᠩ ᠪᠢᠩ ᠨᠠᠨ ᠂ ᠤᠳᠤᠬᠠᠨ᠎ᠳ᠋ᠤ ᠡᠯ᠎ᠠ ᠭᠠᠵᠠᠷ ᠤᠷᠤᠨ ‍ᠢ ᠵᠢᠯᠤᠭᠤᠳᠤᠨ ᠳᠤᠮᠳᠠ ᠪᠠᠭ᠎ᠠ ᠬᠤᠳᠠᠯᠳᠤᠭ᠎ᠠᠠᠷᠠᠯᠵᠢᠶᠠᠨ ‍ᠤ ᠠᠵᠤ ᠠᠬᠤᠢᠯᠠᠯ ‍ᠤᠨ ᠡᠬᠦᠳᠡ᠎ᠪᠠᠨ ᠨᠡᠭᠡᠭᠡᠵᠦ ᠡᠵᠡᠩᠨᠡᠯᠳᠠ᠎ᠪᠠᠨ ᠡᠬᠢᠯᠡᠬᠦᠯᠬᠦ᠎ᠶᠢ ᠪᠦᠬᠦ ᠲᠠᠯ᠎ᠠ᠎ᠪᠠᠷ ᠲᠠᠢᠴᠢᠯᠠᠵᠦ ᠂ ᠡᠵᠡᠩᠨᠡᠯᠳᠠ᠎ᠶᠢᠨ ᠲᠠᠯᠠᠪᠤᠷ ‍ᠤᠨ ᠰᠠᠯᠬᠢ ᠨᠡᠪᠳᠡᠷᠡᠬᠦᠯᠬᠦ ᠂ ᠬᠦᠮᠦᠨ ᠬᠠᠷ᠎ᠠ᠎ᠶᠢ ᠬᠦᠳᠦᠯᠦᠨ ᠵᠢᠯᠤᠭᠤᠳᠬᠤ ᠵᠡᠷᠭᠡ ᠳᠤᠳᠤᠭᠠᠳᠦ᠎ᠶᠢᠨ ᠰᠡᠷᠭᠡᠢᠯᠡᠨ ᠡᠵᠡᠮᠳᠡᠬᠦ ᠠᠷᠭ᠎ᠠ ᠭᠡᠮᠵᠢᠶ᠎ᠠ᠎ᠶᠢ ᠨᠠᠢᠳᠠᠪᠤᠷᠢᠵᠢᠭᠤᠯᠵᠦ ᠂ ᠪᠠᠷᠠᠭ᠎ᠠ ᠬᠤᠳᠠᠯᠳᠤᠨ ᠠᠪᠬᠤ ᠂ ᠢᠳᠡᠭᠡᠨᠤᠮᠳᠠᠭᠠᠨ ᠵᠡᠷᠭᠡ ᠦᠨᠳᠦᠰᠦᠨ ᠠᠮᠢᠳᠤᠷᠠᠯ ‍ᠤᠨ ᠦᠢᠯᠡᠴᠢᠯᠡᠭᠡᠨ ‍ᠤ ᠬᠠᠩᠭᠠᠯᠭ᠎ᠠ᠎ᠶᠢ ᠨᠡᠮᠡᠭᠳᠡᠬᠦᠯᠬᠦ ᠭᠡᠷᠡᠭᠲᠡᠢ ᠭᠡᠪᠡ ᠃

ᠡᠮᠴᠢᠯᠡᠭᠡᠨ ‍ᠤ ᠡᠳ᠋ ᠪᠤᠲᠠᠰ ᠪᠠᠴᠢᠮ ᠲᠤᠲᠠᠭᠲᠠᠵᠤ ᠪᠠᠢᠭ᠎ᠠ ᠠᠰᠠᠭᠤᠲᠠᠯ ‍ᠢ ᠰᠢᠢᠳᠪᠤᠷᠢᠯᠡᠵᠤ ᠲᠡᠢᠯᠦᠨ᠎ᠡ ‍ᠤᠤ ︖

 ᠦᠢᠯᠡᠳᠪᠤᠷᠢᠯᠡᠬᠦ ᠴᠢᠳᠠᠪᠤᠷᠢ᠎ᠶᠢᠨ ᠰᠡᠷᠭᠦᠭᠡᠯᠳᠠ ᠨᠡᠯᠢᠶᠡᠳ ᠲᠦᠷᠭᠡᠨᠪᠠᠢᠵᠦ ᠂ ᠬᠠᠩᠭᠠᠯᠭ᠎ᠠ ᠲᠤᠭᠳᠠᠭᠤᠨ᠎ᠢᠶᠠᠷ ᠳᠡᠭᠡᠭᠰᠢᠯᠡᠵᠦ ᠪᠤᠢ
ᠬᠢᠵᠢᠭ ‍ᠢ ᠰᠡᠷᠭᠡᠢᠯᠡᠬᠦ ᠡᠮᠦᠨ᠎ᠠ ᠹᠷᠤᠨᠲ ‍ᠤᠨ ᠭᠤᠤᠯᠳᠠᠯᠭ᠎ᠠ᠎ᠲᠠᠢ ᠡᠮᠴᠢᠯᠡᠭᠡᠨ ‍ᠤ ᠡᠳ᠋ ᠪᠤᠳᠠᠰ ‍ᠤᠨ ᠬᠠᠩᠭᠠᠯᠭ᠎ᠠ᠎ᠶᠢ ᠭᠡᠷᠬᠢᠨ ᠪᠠᠳᠤᠯᠠᠬᠤ ᠪᠤᠢ ︖ ᠠᠮᠠᠪᠴᠢ ᠲᠤᠲᠠᠭᠲᠠᠭᠠᠳ ᠰᠤᠢᠳᠪᠤᠯᠵᠤ ᠪᠠᠢᠭ᠎ᠠ ᠪᠠᠢᠲᠠᠯ ᠭᠡᠵᠢᠶ᠎ᠠ ᠨᠠᠮᠳᠠᠬᠤ ᠪᠤᠯ ︖ ᠲᠠᠨᠢᠯᠴᠠᠭᠤᠯᠤᠭᠰᠠᠨ᠎ᠢᠶᠠᠷ ᠂ ᠤᠳᠤᠬᠠᠨ ‍ᠤ ᠬᠠᠮᠤᠭ᠎ᠡᠴᠠ ᠲᠤᠳᠠᠭᠳᠠᠵᠦ ᠪᠠᠢᠭ᠎ᠠ ᠡᠮᠴᠢᠯᠡᠭᠡᠨ ‍ᠤ ᠡᠳ᠋ ᠪᠤᠳᠠᠰ ‍ᠢ ᠦᠢᠯᠡᠳᠪᠤᠷᠢᠯᠡᠬᠦ ᠠᠵᠤ ᠠᠬᠤᠢᠯᠠᠯ ‍ᠤᠨ ᠠᠵᠢᠯ᠎ᠢᠶᠡᠨ ᠰᠡᠷᠬᠦᠭᠡᠭᠰᠡᠨ ᠨᠤᠷᠮ᠎ᠠ 60%᠎ᠡᠴᠠ 70᠎ᠶᠢᠨ ᠬᠤᠭᠤᠷᠤᠨᠳᠦ ᠪᠠᠢᠵᠦ ᠂ ᠬᠤᠪᠸᠢ᠎ᠶᠢᠨ ᠬᠢᠵᠢᠭ ‍ᠢ ᠰᠡᠷᠭᠡᠢᠯᠡᠬᠦ ᠡᠳ᠋ ᠪᠤᠳᠠᠰ ᠳᠤᠳᠠᠭᠳᠠᠵᠦ ᠪᠠᠢᠭ᠎ᠠ ᠪᠠᠢᠳᠠᠯ ‍ᠢ ᠨᠡᠯᠢᠶᠡᠳ ᠨᠠᠮᠳᠠᠭᠤᠯᠵᠠᠢ ᠃
ᠠᠵᠥ ᠦᠢᠯᠡᠳᠪᠤᠷᠢ ᠪᠤᠯᠤᠨ ᠮᠡᠳᠡᠬᠡ ᠵᠠᠩᠬᠢᠵᠢᠯᠳᠠ ᠶᠢᠨ ᠶᠠᠮᠤᠨ ‍ᠤ ᠲᠤᠭ᠎ᠠ ᠪᠠᠷᠢᠮᠳᠡ ᠡᠴᠠ ᠦᠵᠡᠪᠡᠯ ᠂ 2 ᠰᠠᠷ᠎ᠠ ᠶᠢᠨ 2 ‍ᠤᠨ ᠡᠳᠤᠷ ‍ᠤᠨ 24 ᠴᠠᠭ ᠪᠤᠯᠳᠠᠯ᠎ᠠ ᠂ ᠬᠤᠪᠸᠢ᠎ᠳ᠋ᠤ ᠡᠮᠴᠢᠯᠡᠬᠡᠨ᠎ᠳ᠋ᠤ ᠬᠡᠷᠡᠭᠯᠡᠬᠦ ᠬᠠᠮᠠᠭᠠᠯᠠᠯᠳᠠ ᠶᠢᠨ ᠬᠤᠪᠴᠠᠰᠤ ᠶᠢ ᠨᠡᠢᠳᠡ 15.45 ᠲᠦᠮᠡᠨ ᠵᠠᠬ᠎ᠠ ᠂ N95 ᠠᠮᠠᠪᠴᠢ 13.36 ᠲᠦᠮᠡᠨ ᠰᠢᠷᠬᠡᠭ ᠂ ᠠᠤᠢᠲ᠋ᠤᠴᠢᠯᠠᠬᠰᠠᠠ ᠤᠯᠠᠭᠠᠨ ‍ᠤ ᠭᠠᠳᠠᠨᠠᠬᠢ ᠬᠢᠨᠡᠨ ᠬᠡᠮᠵᠢᠬᠦ ᠪᠠᠭᠠᠵᠢ ᠶᠢ 82 ᠰᠠᠭᠤᠷᠢ ᠬᠦᠷᠬᠡᠪᠡ ᠃ 2 ᠰᠠᠷ᠎ᠠ ᠶᠢᠨ 1 ‍ᠤ ᠡᠳᠤᠷ ᠪᠤᠯᠬᠤ᠎ᠳ᠋ᠤ ᠂ ᠰᠢᠯᠭᠠᠨ ᠪᠠᠢᠴᠠᠭᠠᠯᠳᠠ᠎ᠳ᠋ᠤ ᠬᠡᠷᠡᠭᠯᠡᠬᠦ ᠪᠦᠬᠡᠮ ᠬᠦᠴᠢᠯ ‍ᠢ ᠰᠢᠯᠭᠠᠨ ᠬᠡᠮᠵᠢᠬᠦ ᠡᠮ ‍ᠤᠨ ᠬᠠᠢᠷᠴᠠᠭ ‍ᠤᠨ ᠡᠳᠤᠷ ‍ᠤᠨ ᠦᠢᠯᠡᠳᠪᠤᠷᠢᠯᠡᠯ ‍ᠤᠨ ᠬᠡᠮᠵᠢᠶ᠎ᠡ 7703 ᠲᠦᠮᠡᠨ ᠬᠤᠪᠢ᠎ᠳ᠋ᠤ ᠬᠦᠷᠦᠭᠰᠡᠡ ᠪᠠᠢᠨ᠎ᠠ ᠃
︽ ᠲᠤᠷᠠᠳᠤᠭᠤᠰᠢᠳᠠᠢ᠎ᠨᠢ ᠂ ᠬᠤᠪᠸᠢ ᠶᠢᠨ ᠲᠤᠰ ᠭᠠᠵᠠᠷ ‍ᠤᠨ ᠦᠢᠯᠡᠳᠪᠤᠷᠢᠯᠡᠯ ‍ᠤᠨ ᠴᠢᠳᠠᠪᠤᠷᠢ ᠲᠦᠷᠭᠡᠨ ᠭᠡᠪ ‍ᠤᠨ ᠪᠠᠢᠳᠠᠯ᠎ᠳ᠋ᠤ ᠤᠷᠤᠪᠠ ᠃ ᠤᠨᠴᠠᠭᠠᠢᠯᠠᠨ ᠡᠮᠴᠢᠯᠡᠬᠡᠨ᠎ᠳ᠋ᠤ ᠬᠡᠷᠡᠭᠯᠡᠬᠦ ᠬᠠᠮᠠᠭᠠᠯᠠᠯᠳᠠ ᠶᠢᠨ ᠬᠤᠪᠴᠠᠰᠤ ᠂ ᠨᠢᠳᠤ ᠬᠠᠮᠠᠭᠠᠯᠠᠬᠤ ᠰᠢᠯ ᠵᠡᠷᠬᠡ ᠶᠢᠨ ᠦᠢᠯᠡᠳᠪᠤᠷᠢᠯᠡᠯ ‍ᠤᠨ ᠴᠢᠳᠠᠪᠤᠷᠢ ᠨᠢᠬᠡᠨᠳᠡ ᠲᠡᠭᠡᠭᠰᠢᠯᠡᠭᠰᠡᠡ ᠪᠠᠢᠨ᠎ᠠ ︾ ᠃ ᠠᠵᠥ ᠦᠢᠯᠡᠳᠪᠤᠷᠢ ᠪᠤᠯᠤᠨ ᠮᠡᠳᠡᠬᠡ ᠵᠠᠩᠬᠢᠵᠢᠯᠳᠠ ᠶᠢᠨ ᠶᠠᠮᠤᠨ ‍ᠤ ᠶᠡᠷᠤᠩᠬᠡᠢ ᠢᠨᠵᠸᠨ᠋ᠸᠷ ᠲᠢᠶᠠᠨ ᠢᠤᠢ ᠯᠥᠩ ᠂ ᠬᠤᠪᠸᠢ ᠪᠤᠯ ᠮᠠᠨ ‍ᠤ ᠤᠯᠤᠰ ‍ᠤᠨ ᠡᠮᠴᠢᠯᠡᠬᠡᠨ᠎ᠳ᠋ᠤ ᠬᠡᠷᠡᠭᠯᠡᠬᠦ ᠡᠳ᠋ ᠪᠤᠳᠠᠰ ‍ᠤᠨ ᠴᠢᠬᠤᠯᠠ ᠦᠢᠯᠡᠳᠪᠤᠷᠢᠯᠡᠯ ‍ᠤᠨ ᠰᠠᠭᠤᠷᠢᠨ ᠪᠤᠯᠤᠨ᠎ᠠ ᠂ ᠲᠤᠰ ᠭᠠᠵᠠᠷ ‍ᠤᠨ ᠦᠢᠯᠡᠳᠪᠤᠷᠢᠯᠡᠯ ‍ᠤᠨ ᠴᠢᠳᠠᠪᠤᠷᠢ ᠶᠢᠨ ᠰᠡᠷᠬᠦᠯᠳᠡ᠎ᠨᠢ ᠡᠮᠤᠨ᠎ᠡ ᠹᠷᠤᠨᠲ ‍ᠤᠨ ᠡᠮᠴᠢᠯᠡᠬᠡᠨ᠎ᠳ᠋ᠤ ᠬᠡᠷᠡᠭᠯᠡᠬᠦ ᠡᠳ᠋ ᠪᠤᠳᠠᠰ ᠬᠤᠮᠰᠠ ᠪᠠᠢᠬᠤ ᠠᠰᠠᠭᠤᠳᠠᠯ ‍ᠢ ᠨᠡᠯᠢᠶᠡᠳ ᠶᠡᠬᠡ᠎ᠪᠠᠷ ᠨᠠᠮᠳᠠᠭᠤᠯᠤᠭᠰᠠᠠ ᠪᠠᠢᠨ᠎ᠠ ᠬᠡᠵᠥ ᠬᠡᠯᠡᠪᠡ ᠃
ᠤᠯᠠᠨ ‍ᠤ ᠠᠩᠬᠠᠷᠴᠦ ᠪᠠᠢᠭ᠎ᠠ ᠠᠮᠠᠪᠴᠢ ᠶᠢᠨ ᠬᠠᠩᠭᠠᠯᠭ᠎ᠠ᠎ᠳ᠋ᠤ ᠴᠢᠭᠯᠡᠬᠦᠯᠥᠨ ᠂ ᠠᠵᠥ ᠦᠢᠯᠡᠳᠪᠤᠷᠢ ᠪᠤᠯᠤᠨ ᠮᠡᠳᠡᠬᠡ ᠵᠠᠩᠬᠢᠵᠢᠯᠳᠠ ᠶᠢᠨ ᠶᠠᠮᠤᠨ ᠂ ᠤᠳᠤᠬᠠᠨ᠎ᠳ᠋ᠤ ᠤᠯᠤᠰ ‍ᠤᠨ ᠲᠤᠳᠤᠭᠠᠳᠤ ᠶᠢᠨ ᠠᠮᠠᠪᠴᠢ ᠶᠢᠨ ᠦᠢᠯᠡᠳᠪᠤᠷᠢᠯᠡᠯ ‍ᠤᠨ ᠴᠢᠳᠠᠪᠤᠷᠢ᠎ᠶᠢᠨ ᠰᠡᠷᠬᠦᠯᠳᠡ᠎ᠶᠢᠨ ᠨᠤᠷᠮ᠎ᠡ 60% ᠰᠢᠬᠠᠮ ᠳ᠋ᠤ ᠬᠦᠷᠴᠠᠢ ᠃ ᠡᠮᠴᠢᠯᠡᠬᠡᠨ᠎ᠳ᠋ᠤ ᠬᠡᠷᠡᠭᠯᠡᠬᠦ N95 ᠠᠮᠠᠪᠴᠢ ᠮᠥᠨ ᠬᠤᠮᠰᠠ ᠪᠠᠢᠭ᠎ᠠ ᠪᠤᠯᠪᠠᠴᠦ ᠤᠯᠤᠰ ‍ᠤᠨ ᠲᠤᠳᠤᠭᠠᠳᠤ᠎ᠶᠢᠨ ᠦᠢᠯᠡᠳᠪᠤᠷᠢᠯᠡᠯ ‍ᠢ ᠦᠷᠬᠡᠳᠬᠡᠬᠦ ᠂ ᠭᠠᠳᠠᠭᠠᠳᠦ᠎ᠡᠴᠠ ᠲᠦᠷᠬᠡᠨ ᠬᠤᠳᠠᠯᠳᠤᠨ ᠠᠪᠬᠤ ᠵᠡᠷᠬᠡ ᠠᠷᠭ᠎ᠠ ᠠᠪᠬᠤ ᠪᠠᠷ ᠲᠠᠮᠵᠢᠭᠤᠯᠤᠨ ᠂ ᠬᠠᠩᠭᠠᠯᠭ᠎ᠠ ᠶᠢᠨ ᠲᠤᠭ᠎ᠠ ᠲᠠᠰᠤᠷᠠᠯᠳᠡ ᠦᠬᠡᠢ ᠨᠡᠮᠡᠭᠳᠡᠬᠦ ᠪᠤᠯᠤᠨ᠎ᠠ ᠬᠡᠵᠥ ᠢᠯᠡᠳᠬᠡᠪᠡ ᠃
ᠬᠢᠵᠢᠭ ‍ᠢ ᠰᠡᠷᠬᠡᠢᠯᠡᠬᠦ ᠡᠳ᠋ ᠪᠤᠳᠠᠰ ᠬᠤᠳᠠᠯᠳᠤᠨ ᠠᠪᠬᠤ ᠵᠠᠷᠤᠳᠠᠯ ‍ᠢ ᠬᠡᠷᠬᠢᠨ ᠪᠠᠳᠤᠯᠠᠬᠤ ᠪᠤᠢ ︖ ᠤᠯᠤᠰ ‍ᠤᠨ ᠡᠷᠡᠬᠦᠯ ᠬᠠᠮᠠᠭᠠᠯᠠᠯ ᠡᠷᠡᠬᠦᠯ ᠮᠡᠨᠳᠤ ᠶᠢᠨ ᠵᠦᠪᠯᠡᠯ ‍ᠤᠨ ᠲᠡᠳ᠋ ᠡᠷᠬᠢᠯᠡᠭᠴᠢ ᠯᠢ ᠪᠢᠨ ᠂ ᠬᠠᠮᠢᠶ᠎ᠠ ᠪᠦᠬᠦᠢ ᠰᠠᠯᠠᠭ᠎ᠠ ᠮᠦᠴᠢᠷ ᠨᠢᠬᠡᠨᠳᠡ ᠲᠦᠷᠦ ᠶᠢᠨ ᠪᠤᠳᠤᠯᠭ᠎ᠠ ᠲᠤᠭᠳᠠᠭᠠᠵᠥ ᠂ ᠡᠮ ᠡᠮᠨᠡᠯᠬᠡ ᠡᠷᠡᠬᠦᠯ ᠬᠠᠮᠠᠭᠠᠯᠠᠯ ‍ᠤᠨ ᠪᠠᠢᠭᠤᠯᠤᠮᠵᠢ ᠬᠢᠵᠢᠭ ‍ᠤᠨ ᠪᠠᠢᠳᠠᠯ ‍ᠢ ᠰᠡᠷᠬᠡᠢᠯᠡᠨ ᠡᠵᠡᠮᠳᠡᠬᠦ ᠠᠵᠢᠯ᠎ᠳ᠋ᠤ ᠬᠡᠷᠡᠭᠰᠡᠬᠦ ᠬᠠᠮᠠᠭᠠᠯᠠᠯᠳᠠ ᠂ ᠤᠨᠤᠰᠢᠯᠠᠯᠳᠠ ᠂ ᠡᠮᠴᠢᠯᠡᠬᠡ᠎ᠳ᠋ᠤ ᠲᠤᠰᠬᠠᠢ ᠬᠡᠷᠡᠭᠯᠡᠬᠦ ᠲᠦᠬᠦᠬᠡᠷᠤᠮᠵᠢ ᠵᠢᠴᠢ ᠲᠦᠷᠬᠡᠨ ᠤᠨᠤᠰᠢᠯᠠᠬᠤ ᠲᠤᠷᠰᠢᠯᠳᠠ ᠶᠢᠨ ᠡᠮ ‍ᠢ ᠬᠤᠳᠠᠯᠳᠤᠨ ᠠᠪᠬᠤ᠎ᠳ᠋ᠤ ᠬᠡᠷᠡᠭᠰᠡᠬᠦ ᠵᠠᠷᠤᠳᠠᠯ ‍ᠢ ᠤᠷᠤᠨ ᠨᠤᠳᠤᠭ ‍ᠤᠨ ᠡᠳ᠋ ‍ᠤᠨ ᠵᠠᠰᠠᠭ᠎ᠡᠴᠠ ᠲᠤᠬᠢᠷᠠᠭᠤᠯᠵᠥ ᠂ ᠲᠦᠪ ‍ᠤᠨ ᠡᠳ᠋ ‍ᠤᠨ ᠵᠠᠰᠠᠭ᠎ᠡᠴᠠ ᠪᠠᠢᠳᠠᠯ ‍ᠢ᠎ᠨᠢ ᠦᠵᠡᠵᠥ ᠪᠠᠢᠭᠠᠳ ᠪᠠᠳᠤᠯᠠᠭ᠎ᠠ ᠬᠠᠩᠭᠠᠨ᠎ᠠ ᠬᠡᠵᠥ ᠲᠠᠨᠢᠯᠴᠠᠭᠤᠯᠪᠠ ᠃

ᠦᠨ᠎ᠠ ᠬᠠᠩᠰᠢ ᠶᠢ ᠦᠷᠢᠰᠦᠯᠳᠦᠨ ᠦᠰᠬᠡᠬᠦ ᠂ ᠬᠤᠳᠠᠯ ᠬᠠᠭᠤᠷᠮᠠᠭ ᠶᠠᠭᠤᠮ᠎ᠠ᠎ᠪᠠᠷ ᠬᠠᠰᠢ ᠶᠠᠰᠢ ᠦᠢᠯᠡᠳᠬᠦ ᠂ ᠪᠠᠷᠠᠭ᠎ᠠ᠎ᠪᠠᠨ ᠲᠠᠷᠤᠵᠥ ᠬᠤᠳᠠᠯᠳᠤᠬᠤ᠎ᠡᠴᠠ᠎ᠪᠠᠨ ᠬᠠᠷᠠᠮᠨᠠᠬᠤ᠎ᠶᠢ ᠬᠡᠷᠬᠢᠨ ᠵᠠᠰᠠᠬᠤ ᠪᠤᠢ ︖

 ᠢᠯᠡᠷᠡᠭᠦᠯᠵᠦ ᠮᠡᠳᠡᠪᠡᠯ ᠂ ᠡᠷᠡᠰ ᠴᠤᠬᠢᠯᠳᠠ ᠦᠭᠬᠦᠨ᠎ᠡ
ᠪᠡᠬᠡᠵᠢᠩ ᠬᠤᠳᠠ ᠶᠢᠨ ᠹᠸᠩᠲ᠋ᠠᠢ ᠲᠤᠭᠤᠷᠢᠭ ‍ᠤᠨ ᠨᠢᠬᠡᠨ ᠡᠮ ‍ᠤᠨ ᠲᠡᠯᠬᠡᠬᠦᠷ ᠨᠢᠬᠡ ᠬᠠᠢᠷᠴᠠᠭ᠎ᠨᠢ 200 ᠲᠦᠬᠦᠷᠢᠭ ‍ᠤᠨ ᠠᠮᠠᠪᠴᠢ᠎ᠶᠢᠨ ᠦᠨ᠎ᠡ ᠶᠢ ᠶᠡᠬᠡ᠎ᠪᠠᠷ ᠦᠰᠬᠡᠬᠡᠳ ᠨᠢᠬᠡ ᠬᠠᠢᠷᠴᠠᠭ ‍ᠢ᠎ᠨᠢ 850 ᠲᠦᠬᠦᠷᠢᠭ᠎ᠢᠶᠠᠷ ᠬᠤᠳᠠᠯᠳᠤᠪᠠ ︔ ᠬᠤᠨᠠᠨ ᠮᠤᠵᠢ ᠶᠢᠨ ᠢᠶᠠᠩ ᠬᠤᠳᠠ ᠡᠮ ‍ᠤᠨ ᠲᠡᠯᠬᠡᠬᠦᠷ᠎ᠲᠤ ᠬᠤᠳᠠᠯᠳᠤᠵᠥ ᠦᠭᠬᠦ᠎ᠪᠠᠷ ᠪᠡᠯᠡᠳᠬᠡᠵᠥ ᠪᠠᠢᠬᠰᠠᠠ ᠨᠢᠬᠡ ᠪᠦᠯᠥᠭ ︽ ᠲᠠᠸᠠᠷ ‍ᠤᠨ ᠲᠡᠮᠳᠡᠭ ᠦᠬᠡᠢ ᠂ ᠦᠢᠯᠡᠳᠪᠤᠷᠢ ᠶᠢᠨ ᠨᠡᠷ᠎ᠡ ᠦᠬᠡᠢ ᠂ ᠦᠢᠯᠡᠳᠪᠤᠷᠢ ᠶᠢᠨ ᠬᠠᠢᠭ ᠦᠬᠡᠢ ︾ ᠨᠡᠬᠡᠮᠡᠯ ᠪᠤᠰᠤ ᠪᠦᠰ ‍ᠤᠨ ᠠᠮᠠᠪᠴᠢ ᠶᠢ ᠪᠠᠢᠴᠠᠭᠠᠨ ᠬᠤᠷᠢᠶᠠᠮᠵᠢᠯᠠᠪᠠ ᠁ ᠬᠢᠵᠢᠭ ᠰᠡᠷᠬᠡᠢᠯᠡᠬᠦ ᠡᠳ᠋ ᠪᠤᠳᠠᠰ ᠬᠤᠮᠰᠠ ᠪᠠᠢᠬᠤ᠎ᠳ᠋ᠤ ᠂ ᠵᠠᠷᠢᠮ ᠦᠢᠯᠡᠳᠪᠤᠷᠢᠯᠡᠵᠦ ᠡᠵᠡᠩᠨᠡᠭᠴᠢᠳ ᠵᠠᠪᠰᠢᠶᠠᠨ ‍ᠢ ᠲᠠᠯᠢᠮᠳᠠᠭᠤᠯᠤᠨ ᠦᠨ᠎ᠡ ᠬᠠᠩᠰᠢ᠎ᠪᠠᠨ ᠦᠰᠬᠡᠵᠥ ᠂ ᠪᠠᠷᠠᠭ᠎ᠠ᠎ᠪᠠᠨ ᠲᠠᠷᠤᠵᠥ ᠬᠤᠳᠠᠯᠳᠤᠬᠤ᠎ᠡᠴᠠ᠎ᠪᠠᠨ ᠬᠠᠷᠠᠮᠨᠠᠵᠥ ᠴᠢᠨᠠᠬᠰᠢᠯᠠᠪᠠᠯ ᠬᠤᠳᠠᠯ ᠬᠠᠭᠤᠷᠮᠠᠭ ᠶᠠᠭᠤᠮ᠎ᠠ᠎ᠪᠠᠷ ᠬᠠᠰᠢ ᠶᠠᠰᠢ ᠦᠢᠯᠡᠳᠴᠦ ᠂ ᠤᠯᠠᠨ ᠲᠦᠮᠡᠨ ‍ᠤ ᠬᠤᠷᠤᠰᠤᠯ ‍ᠢ ᠲᠡᠭᠳᠡᠭᠡᠵᠦ ᠪᠠᠢᠨ᠎ᠠ ᠃
︽ ᠦᠨ᠎ᠡ ᠬᠠᠩᠰᠢ ᠶᠢ ᠦᠰᠬᠡᠵᠥ ︿ ᠬᠢᠵᠢᠭ ‍ᠤᠨ ᠪᠠᠢᠳᠠᠯ᠎ᠡᠴᠠ ᠵᠤᠭᠤᠰ ﹀ ᠬᠤᠨᠵᠢᠬᠤ ᠶᠠᠪᠤᠳᠠᠯ ‍ᠢ ᠢᠯᠡᠷᠡᠭᠦᠯᠵᠦ ᠮᠡᠳᠡᠪᠡᠯ ᠂ ᠡᠷᠡᠰ ᠴᠤᠬᠢᠯᠳᠠ ᠦᠭᠬᠦᠨ᠎ᠡ ︾ ᠃ ᠤᠯᠤᠰ ‍ᠤᠨ ᠵᠠᠬ᠎ᠡ ᠲᠡᠯᠬᠡᠬᠦᠷ ‍ᠤᠨ ᠬᠢᠨᠠᠯᠳᠠ ᠬᠠᠮᠢᠶᠠᠷᠤᠯᠳᠠ ᠶᠢᠨ ᠶᠡᠷᠦᠩᠬᠡᠢ ᠲᠤᠪᠴᠢᠶᠠᠨ ‍ᠤ ᠲᠡᠳ᠋ ᠲᠠᠷᠤᠭ᠎ᠠ ᠭᠠᠨ ᠯᠢᠨ ᠂ ᠠᠮᠠᠪᠴᠢ ᠵᠡᠷᠬᠡ ᠬᠠᠮᠠᠭᠠᠯᠠᠯᠳᠠ ᠶᠢᠨ ᠦᠢᠯᠡᠳᠬᠦᠨ ᠪᠤᠯᠤᠨ ᠪᠤᠳᠠᠭ᠎ᠠ ᠭᠤᠯᠢᠷ ᠲᠤᠰᠤ ᠨᠤᠭᠤᠭ᠎ᠠ ᠵᠢᠮᠢᠰ ᠵᠡᠷᠬᠡ ᠭᠤᠤᠯᠳᠠᠯᠭ᠎ᠠ᠎ᠲᠠᠢ ᠬᠦᠷᠢᠶᠡᠨ᠎ᠳ᠋ᠤ ᠂ ᠬᠠᠮᠤᠭ ‍ᠤᠨ ᠦᠨᠳᠤᠷ ᠪᠠᠷᠢᠮᠵᠢᠶ᠎ᠡ ᠂ ᠬᠠᠮᠤᠭ ‍ᠤᠨ ᠴᠢᠩᠭ᠎ᠠ ᠠᠷᠭ᠎ᠠ ᠬᠡᠮᠵᠢᠶ᠎ᠡ ᠂ ᠬᠠᠮᠤᠭ ‍ᠤᠨ ᠶᠡᠬᠡ ᠤᠷᠤᠭᠤᠯᠤᠯᠳᠠ᠎ᠪᠠᠷ ᠦᠨ᠎ᠡ ᠬᠠᠩᠰᠢ ᠶᠢᠨ ᠡᠮᠬᠢ ᠲᠢᠭᠯᠢᠮ ᠪᠤᠯᠤᠨ ᠶᠠᠰᠤ ᠴᠢᠨᠠᠷ ‍ᠤᠨ ᠠᠮᠤᠷ ᠲᠦᠪᠰᠢᠨ ‍ᠤ ᠬᠢᠨᠠᠯᠳᠠ ᠬᠠᠮᠢᠶᠠᠷᠤᠯᠳᠠ ᠶᠢ ᠴᠢᠩᠭᠠᠳᠬᠠᠵᠥ ᠂ ᠬᠢᠨᠠᠨ ᠬᠡᠮᠵᠢᠬᠦ ᠂ ᠬᠠᠤᠯᠢ ᠬᠡᠷᠡᠭᠵᠢᠬᠦᠯᠬᠦ ᠪᠤᠯᠤᠨ ᠢᠯᠡᠴᠢᠯᠡᠬᠦ ᠡᠷᠴᠢᠮ ᠎ᠢᠶᠡᠨ ᠴᠢᠩᠭᠠᠷᠠᠭᠤᠯᠬᠤ ᠪᠦᠬᠡᠳ ᠬᠠᠮᠢᠶ᠎ᠠ ᠪᠦᠬᠦᠢ ᠰᠠᠯᠠᠭ᠎ᠠ ᠮᠦᠴᠢᠷ᠎ᠲᠠᠢ ᠬᠠᠮᠳᠤᠷᠠᠵᠥ ᠪᠠᠢᠭᠠᠳ ᠬᠠᠮᠳᠤᠷᠠᠨ ᠬᠠᠤᠯᠢ ᠬᠡᠷᠡᠭᠵᠢᠬᠦᠯᠬᠦ ᠲᠤᠰᠬᠠᠢ ᠠᠵᠢᠯᠯᠠᠭ᠎ᠠ ᠦᠷᠨᠢᠬᠦᠯᠵᠥ ᠂ ᠬᠠᠤᠯᠢ ᠪᠤᠰᠤ᠎ᠪᠠᠷ ᠠᠮᠠᠪᠴᠢ ᠵᠡᠷᠬᠡ ᠬᠠᠮᠠᠭᠠᠯᠠᠯᠳᠠ ᠶᠢᠨ ᠪᠤᠳᠠᠰ ‍ᠢ ᠦᠢᠯᠡᠳᠪᠤᠷᠢᠯᠡᠨ ᠪᠤᠷᠤᠯᠠᠭᠤᠯᠬᠤ᠎ᠳ᠋ᠤ ᠴᠢᠩᠭ᠎ᠠ ᠴᠤᠬᠢᠯᠳᠠ ᠦᠭᠬᠦᠨ᠎ᠡ ᠬᠡᠵᠥ ᠬᠡᠯᠡᠪᠡ ᠃ 2 ᠰᠠᠷ᠎ᠠ ᠶᠢᠨ 1 ‍ᠤ ᠡᠳᠤᠷ ᠪᠤᠯᠳᠠᠯ᠎ᠠ ᠂ ᠪᠦᠬᠦ ᠰᠢᠰᠲ᠋ᠸᠮ᠎ᠢᠶᠠᠷ᠎ᠢᠶᠡᠨ ᠦᠨ᠎ᠠ ᠬᠠᠩᠰᠢ ᠶᠢᠨ ᠬᠠᠤᠯᠢ ᠭᠡᠷᠡᠭᠵᠢᠬᠦᠯᠦᠭᠴᠢ ᠶᠢ ᠨᠡᠢᠳᠠ 39 ᠲᠦᠮᠡᠨ ᠬᠦᠮᠤᠨ ᠤᠳᠠᠭ᠎ᠠ ᠭᠠᠷᠭᠠᠵᠤ ᠂ ᠦᠨ᠎ᠠ ᠬᠠᠩᠰᠢ ᠶᠢᠨ ᠬᠠᠤᠯᠢ᠎ᠡᠴᠠ ᠵᠦᠷᠢᠴᠡᠭᠰᠡᠨ 1413 ᠭᠡᠷᠡᠭ ‍ᠢ ᠭᠡᠷᠡᠭ ᠪᠤᠯᠭᠠᠨ ᠲᠠᠩᠰᠠᠯᠠᠵᠤ ᠰᠢᠢᠳᠪᠤᠷᠢᠯᠡᠭᠰᠡᠨ ᠪᠠᠢᠨ᠎ᠠ ᠃

ᠠᠵᠢᠯ᠎ᠢᠶᠡᠨ ᠰᠡᠷᠬᠦᠬᠡᠵᠤ ᠤᠢᠯᠡᠳᠪᠤᠷᠢᠯᠠᠯ᠎ᠢᠶᠡᠨ ᠰᠡᠷᠬᠦᠬᠡᠬᠦ ᠶᠢ ᠬᠡᠷᠬᠢᠨ ᠡᠮᠬᠢ ᠲᠢᠭᠯᠢᠮ᠎ᠲᠠᠢ ᠠᠬᠢᠭᠤᠯᠬᠤ ᠪᠤᠢ ︖

 ᠪᠠᠢᠳᠠᠯ ‍ᠢ ᠵᠠᠳᠠᠯᠤᠨ ᠰᠢᠨᠵᠢᠯᠡᠵᠤ ᠲᠦᠷᠤ ᠶᠢᠨ ᠪᠤᠳᠤᠯᠭ᠎ᠠ ᠠᠷᠭ᠎ᠠ ᠬᠡᠮᠵᠢᠶ᠎ᠠ ᠲᠤᠭᠳᠠᠭᠠᠨ᠎ᠠ
ᠭᠤᠤᠯᠳᠠᠯᠭ᠎ᠠ᠎ᠲᠠᠢ ᠡᠳ᠋ ᠪᠤᠳᠠᠰ ‍ᠤᠨ ᠬᠠᠩᠭᠠᠯᠭ᠎ᠠ ᠶᠢ ᠪᠠᠳᠤᠯᠠᠵᠤ ᠂ ᠭᠤᠤᠯᠳᠠᠯᠭ᠎ᠠ᠎ᠲᠠᠢ ᠠᠵᠢᠯ ᠲᠦᠷᠤᠯ ᠠᠵᠤ ᠠᠬᠤᠢᠯᠠᠯ ‍ᠤᠨ ᠠᠵᠢᠯ᠎ᠢᠶᠡᠨ ᠰᠡᠷᠬᠦᠬᠡᠬᠦ ᠶᠢ ᠡᠮᠬᠢ ᠲᠢᠭᠯᠢᠮ᠎ᠲᠠᠢ ᠠᠬᠢᠭᠤᠯᠬᠤ ᠪᠤᠯ ᠲᠤᠢᠯ ‍ᠤᠨ ᠴᠢᠬᠤᠯᠠ ᠶᠤᠮ ᠃
︽ ᠬᠢᠵᠢᠭ ‍ᠤᠨ ᠪᠠᠢᠳᠠᠯ ‍ᠢ ᠰᠡᠷᠬᠡᠢᠯᠡᠨ ᠡᠵᠡᠮᠳᠡᠬᠦ ᠠᠷᠭ᠎ᠠ ᠶᠢ ᠴᠢᠩᠭ᠎ᠠ ᠨᠠᠢᠳᠠᠪᠤᠷᠢᠵᠢᠭᠤᠯᠤᠬᠰᠠᠨ ᠤᠷᠢᠳᠠᠯ ᠲᠤᠤᠷ᠎ᠠ ᠂ ᠬᠢᠵᠢᠭ ‍ᠤᠨ ᠪᠠᠢᠳᠠᠯ ‍ᠢ ᠰᠡᠷᠬᠡᠢᠯᠡᠨ ᠡᠵᠡᠮᠳᠡᠬᠦ ᠂ ᠡᠬᠢ ᠪᠠᠶᠠᠯᠢᠬ ‍ᠤᠨ ᠬᠠᠩᠭᠠᠯᠭ᠎ᠠ ᠂ ᠵᠠᠮ ᠬᠠᠷᠢᠯᠴᠠᠭ᠎ᠠ ᠡᠳ᠋ ᠪᠠᠷᠠᠭᠠᠨ ‍ᠤ ᠬᠦᠢᠯᠬᠡᠬᠡ ᠂ ᠡᠮᠴᠢᠯᠡᠬᠡᠨ ‍ᠤ ᠡᠳ᠋ ᠪᠤᠳᠠᠰ ᠪᠤᠯᠤᠨ ᠠᠮᠢᠳᠤᠷᠠᠯ ‍ᠤᠨ ᠴᠢᠬᠤᠯᠠ ᠭᠡᠷᠡᠭᠯᠡᠬᠡᠨ ‍ᠤ ᠵᠤᠢᠯ ‍ᠢ ᠪᠠᠳᠤᠯᠠᠬᠤ ᠪᠠ ᠤᠯᠤᠰ ‍ᠤᠨ ᠡᠳ᠋ ‍ᠤᠨ ᠵᠠᠰᠠᠬ ᠠᠷᠠᠳ ‍ᠤᠨ ᠠᠮᠢᠳᠤᠷᠠᠯ ᠳ᠋ᠤ ᠬᠤᠯᠪᠤᠬᠳᠠᠬᠤ ᠠᠵᠤ ᠠᠬᠤᠢᠯᠠᠯ ‍ᠤᠨ ᠠᠵᠢᠯ᠎ᠢᠶᠡᠨ ᠰᠡᠷᠬᠦᠬᠡᠵᠤ ᠤᠢᠯᠡᠳᠪᠤᠷᠢᠯᠠᠯ᠎ᠢᠶᠡᠨ ᠰᠡᠷᠬᠦᠬᠡᠬᠦ ᠶᠢ ᠠᠬᠢᠭᠤᠯᠵᠤ ᠂ ᠴᠢᠬᠤᠯᠠ ᠶᠡᠬᠡ ᠲᠦᠷᠤᠯ ᠵᠤᠢᠯ ᠂ ᠴᠢᠬᠤᠯᠠ ᠶᠡᠬᠡ ᠢᠨᠵᠸᠨ᠋ᠸᠷᠢᠩ ᠪᠤᠯᠤᠨ ᠨᠦᠬᠦᠴᠡᠯ ᠪᠦᠷᠢᠯᠳᠦᠭᠰᠡᠨ ᠠᠵᠢᠯ ᠲᠦᠷᠤᠯ ᠠᠵᠤ ᠠᠬᠤᠢᠯᠠᠯ ᠲᠦᠷᠬᠡᠨ ᠠᠵᠢᠯ ᠢᠢᠨᠨ ᠰᠡᠷᠬᠦᠬᠡᠵᠤ ᠤᠢᠯᠡᠳᠪᠤᠷᠢᠯᠠᠯ᠎ᠢᠶᠡᠨ ᠰᠡᠷᠬᠦᠬᠡᠬᠦ ᠶᠢ ᠠᠬᠢᠭᠤᠯᠬᠤ ᠭᠡᠷᠡᠭᠳᠠᠢ ︾ ᠬᠡᠵᠤ ᠯᠢᠶᠠᠨ ᠸᠸᠢ ᠯᠢᠶᠠᠩ ᠬᠡᠯᠡᠪᠡ ᠃
ᠲᠡᠷᠡ ᠂ ᠠᠵᠢᠯ᠎ᠢᠶᠡᠨ ᠰᠡᠷᠬᠦᠬᠡᠵᠤ ᠤᠢᠯᠡᠳᠪᠤᠷᠢᠯᠡᠯ᠎ᠢᠶᠡᠨ ᠰᠡᠷᠬᠦᠬᠡᠭᠰᠡᠨ ᠠᠵᠤ ᠠᠬᠤᠢᠯᠠᠯ ‍ᠤᠨ ᠠᠵᠢᠯᠳᠠᠨ ᠭᠡᠷᠡᠭᠯᠡᠬᠦ ᠂ ᠡᠨ᠋ᠸᠷᠬᠢ ᠬᠠᠩᠭᠠᠬᠤ ᠂ ᠪᠡᠯᠡ ᠮᠦᠩᠬᠦ ᠬᠤᠷᠠᠮᠳᠤᠭᠤᠯᠬᠤ ᠂ ᠠᠵᠤ ᠦᠢᠯᠡᠰ ‍ᠤᠨ ᠬᠡᠯᠬᠢᠶ᠎ᠡ ᠶᠢ ᠢᠵᠢ ᠪᠦᠷᠢᠳᠤᠭᠦᠯᠬᠦ ᠵᠡᠷᠬᠡ ᠲᠠᠯ᠎ᠠ᠎ᠪᠠᠷ᠎ᠬᠢ ᠬᠦᠴᠢᠷ ᠠᠰᠠᠭᠤᠳᠠᠯ ‍ᠢ ᠬᠠᠪᠰᠤᠷᠤᠨ ᠵᠤᠬᠢᠴᠠᠭᠤᠯᠤᠨ ᠰᠢᠢᠳᠪᠤᠷᠢᠯᠡᠵᠤ ᠦᠭᠬᠦ ᠭᠡᠷᠡᠭᠳᠠᠢ ᠃ ᠡᠬᠦᠨ ‍ᠤ ᠬᠠᠮᠳᠤ ᠬᠤᠪᠸᠢ ᠮᠤᠵᠢ ᠶᠢᠨ ᠨᠡᠬᠦᠷᠡᠰᠤ ᠴᠠᠬᠢᠯᠭᠠᠨ ᠴᠢᠯᠠᠭᠤᠨ ᠲᠤᠰᠤ ᠪᠠᠢᠭᠠᠯᠢ ᠶᠢᠨ ᠰᠢᠳᠠᠮᠠᠬᠠᠢ ᠬᠡᠢ ᠶᠢᠨ ᠲᠡᠭᠡᠭᠡᠪᠤᠷᠢ ᠶᠢᠨ ᠲᠤᠬᠢᠷᠠᠭᠤᠯᠤᠯᠳᠠ ᠶᠢ ᠴᠢᠩᠭᠠᠳᠬᠠᠵᠤ ᠂ ᠠᠮᠤᠷ ᠲᠦᠪᠰᠢᠨ ᠲᠤᠭᠳᠠᠭᠤᠨ ᠬᠠᠩᠭᠠᠯᠭ᠎ᠠ ᠶᠢ ᠪᠠᠳᠤᠯᠠᠬᠤ ᠭᠡᠷᠡᠭᠳᠠᠢ ᠬᠡᠵᠤ ᠴᠢᠬᠤᠯᠠᠴᠢᠯᠠᠪᠠ ᠃
︽ ᠠᠵᠤ ᠠᠬᠤᠢ ᠳ᠋ᠤ ᠦᠵᠡᠭᠦᠯᠬᠦ ᠬᠢᠵᠢᠭ ‍ᠤᠨ ᠪᠠᠢᠳᠠᠯ ‍ᠤᠨ ᠨᠦᠯᠤᠬᠡ᠎ᠨᠢ ᠬᠢᠵᠢᠭ ‍ᠤᠨ ᠪᠠᠢᠳᠠᠯ ‍ᠢ ᠰᠡᠷᠬᠡᠢᠯᠠᠨ ᠡᠵᠡᠮᠳᠡᠬᠦ ᠠᠬᠢᠴᠠ ᠪᠤᠯᠤᠨ ᠦᠷ᠎ᠠ ᠠᠰᠢᠬ᠎ᠢᠶᠠᠷ ᠰᠢᠢᠳᠪᠤᠷᠢᠯᠡᠭᠳᠡᠨ᠎ᠠ ︾ ᠃ ᠯᠢᠶᠠᠨ ᠸᠸᠢ ᠯᠢᠶᠠᠩ ᠂ ᠬᠢᠵᠢᠭ ‍ᠤᠨ ᠪᠠᠢᠳᠠᠯ᠎ᠡᠴᠠ ᠤᠳᠤᠬᠠᠨ ‍ᠤ ᠠᠵᠤ ᠠᠬᠤᠢ ᠳ᠋ᠤ ᠦᠵᠡᠭᠦᠯᠵᠦ ᠪᠠᠢᠬᠤ ᠢᠯᠠᠩᠭᠤᠶ᠎ᠠ ᠭᠡᠷᠡᠭᠯᠡᠬᠡᠨ ᠳ᠋ᠤ ᠦᠵᠡᠭᠦᠯᠵᠦ ᠪᠠᠢᠬᠤ ᠨᠦᠯᠤᠬᠡ ᠶᠡᠬᠡᠰᠴᠤ ᠪᠠᠢᠬᠤ ᠶᠢ ᠦᠬᠡᠢᠰᠬᠡᠵᠦ ᠪᠤᠯᠬᠤ ᠦᠬᠡᠢ ᠂ ᠬᠡᠪᠡᠴᠤ ᠂ ᠰᠦᠯᠵᠢᠶᠡᠨ᠎ᠡᠴᠠ ᠶᠠᠭᠤᠮ᠎ᠠ ᠬᠤᠳᠠᠯᠳᠤᠨ ᠠᠪᠬᠤ ᠂ ᠰᠦᠯᠵᠢᠶᠡᠨ᠎ᠡᠴᠠ ᠬᠤᠭᠤᠯᠠ ᠵᠠᠬᠢᠶᠠᠯᠠᠬᠤ ᠵᠡᠷᠬᠡ ᠲᠤᠭᠠᠴᠢᠯᠠᠬᠰᠠᠨ ᠠᠵᠤ ᠠᠬᠤᠢᠯᠠᠯ ‍ᠤᠨ ᠡᠵᠡᠩᠨᠠᠯᠳᠠ ᠶᠢᠨ ᠬᠡᠯᠪᠡᠷᠢ ᠮᠠᠰᠢ ᠬᠦᠭᠵᠢᠶᠠᠨᠳᠠᠢ ᠪᠠᠢᠨ᠎ᠠ ᠃ ᠴᠢᠬᠤᠯᠠᠴᠢᠯᠠᠭᠤᠰᠢᠳᠠᠢ᠎ᠨᠢ ᠂ ᠡᠢᠮᠤᠷᠬᠦᠤ ᠨᠦᠯᠤᠬᠡ᠎ᠨᠢ ᠱᠠᠳᠤᠴᠢ ᠴᠢᠨᠠᠷᠳᠠᠢ ᠂ ᠲᠦᠷ ᠴᠠᠬ ‍ᠤᠨ ᠨᠦᠯᠦᠭᠡ ᠪᠤᠯᠬᠤ ᠶᠤᠮ ᠂ ᠳᠤᠮᠳᠠᠳᠤ ᠤᠯᠤᠰ ᠦᠨ ᠠᠵᠤ ᠠᠬᠤᠢ ᠶᠢᠨ ᠤᠷᠳᠤ ᠬᠤᠭᠤᠴᠠᠭᠠᠨ ‍ᠤ ᠬᠦᠭᠵᠢᠯᠳᠡ ᠶᠢᠨ ᠰᠠᠢᠨ ᠬᠠᠨᠳᠤᠰᠢ ᠶᠢ ᠬᠤᠪᠢᠷᠠᠭᠤᠯᠵᠤ ᠲᠡᠢᠯᠬᠦ ᠦᠬᠡᠢ ᠶᠤᠮ ᠬᠡᠵᠤ ᠬᠡᠯᠡᠪᠡ ᠃
ᠯᠢᠶᠠᠨ ᠸᠸᠢ ᠯᠢᠶᠠᠩ ᠂ ᠤᠳᠤᠬᠢ ᠱᠠᠳᠤᠨ ᠳ᠋ᠤ ᠳᠤᠮᠳᠠᠳᠤ ᠤᠯᠤᠰ ‍ᠤᠨ ᠠᠵᠤ ᠠᠬᠤᠢ ᠶᠢᠨ ᠪᠤᠳᠠᠳᠤ ᠬᠦᠴᠤᠨ ᠂ ᠪᠤᠳᠠᠰ ‍ᠤᠨ ᠰᠠᠭᠤᠷᠢ ᠪᠤᠯᠤᠨ ᠪᠠᠴᠢᠮ ᠪᠠᠢᠳᠠᠯ ‍ᠢ ᠠᠷᠭᠠᠴᠠᠭᠠᠬᠤ ᠴᠢᠳᠠᠪᠤᠷᠢ ᠢᠯᠡᠳᠳᠡ ᠨᠡᠮᠡᠭᠳᠡᠵᠤ ᠂ ᠬᠢᠵᠢᠭ ‍ᠤᠨ ᠪᠠᠢᠳᠠᠯ ‍ᠢ ᠰᠡᠷᠬᠡᠢᠯᠡᠨ ᠡᠵᠡᠮᠳᠡᠵᠤ ᠬᠤᠷᠢᠬᠯᠠᠨ ᠠᠷᠢᠯᠭᠠᠬᠤ ᠲᠠᠢᠯᠠᠯᠳᠤᠭᠠᠨ ‍ᠤ ᠢᠯᠠᠯᠳᠠ ᠶᠢ ᠤᠯᠬᠤ ᠴᠢᠳᠠᠪᠤᠷᠢ ᠪᠤᠯᠤᠨ ᠢᠳᠡᠬᠡᠯ ᠵᠤᠷᠢᠬ ᠪᠦᠷᠢᠨ ᠪᠠᠢᠭ᠎ᠠ ᠶᠤᠮ ᠂ ᠠᠵᠤ ᠠᠬᠤᠢ ᠳ᠋ᠤ ᠦᠵᠡᠭᠦᠯᠬᠦ ᠬᠢᠵᠢᠭ ‍ᠤᠨ ᠪᠠᠢᠳᠠᠯ ‍ᠤᠨ ᠨᠦᠯᠤᠬᠡ᠎ᠶᠢ ᠬᠠᠮᠤᠬ ‍ᠤᠨ ᠲᠤᠤᠷ᠎ᠠ ᠬᠡᠮᠵᠢᠶᠡᠨ ᠳ᠋ᠤ ᠬᠢᠵᠠᠭᠠᠷᠯᠠᠬᠤ ᠴᠢᠳᠠᠪᠤᠷᠢ ᠪᠤᠯᠤᠨ ᠢᠳᠡᠬᠡᠯ ᠵᠤᠷᠢᠬ ᠪᠦᠷᠢᠨ ᠪᠠᠢᠭ᠎ᠠ ᠶᠤᠮ ᠬᠡᠵᠤ ᠬᠡᠯᠡᠪᠡ ᠃
︽ ᠲᠠᠷᠠᠭᠠᠴᠢ ᠶᠢᠨ ᠠᠯᠬᠤᠮ ᠳ᠋ᠤ ᠪᠠᠢᠳᠠᠯ ‍ᠢ ᠵᠠᠳᠠᠯᠤᠨ ᠰᠢᠨᠵᠢᠯᠠᠵᠤ ᠂ ᠲᠦᠷᠤ ᠶᠢᠨ ᠪᠤᠳᠤᠯᠭ᠎ᠠ ᠠᠷᠭ᠎ᠠ ᠬᠡᠮᠵᠢᠶ᠎ᠠ ᠲᠤᠭᠳᠠᠭᠠᠵᠤ ᠂ ᠢᠯᠠᠩᠭᠤᠶ᠎ᠠ ᠬᠢᠵᠢᠭ ‍ᠤᠨ ᠪᠠᠢᠳᠠᠯ ᠳ᠋ᠤ ᠶᠡᠬᠡ ᠨᠦᠯᠤᠬᠡᠯᠡᠭᠳᠡᠭᠰᠡᠨ ᠠᠵᠢᠯ ᠲᠦᠷᠤᠯ ᠠᠵᠤ ᠠᠬᠤᠢᠯᠠᠯ ‍ᠢ ᠴᠢᠳᠠᠯ ‍ᠤᠨ ᠬᠢᠷᠢ᠎ᠪᠠᠷ᠎ᠢᠶᠡᠨ ᠬᠠᠪᠰᠤᠷᠤᠨ ᠲᠤᠰᠠᠯᠠᠬᠤ ᠭᠡᠷᠡᠭᠳᠠᠢ ᠃ ᠬᠢᠵᠢᠭ ‍ᠤᠨ ᠪᠠᠢᠳᠠᠯ ‍ᠢ ᠰᠡᠷᠬᠡᠢᠯᠡᠨ ᠡᠵᠡᠮᠳᠡᠬᠦ ᠠᠵᠢᠯ ᠳ᠋ᠤ ᠢᠯᠡᠷᠡᠭᠰᠡᠨ ᠠᠰᠠᠭᠤᠳᠠᠯ ᠤᠨᠴᠠᠭᠠᠢᠯᠠᠨ ᠲᠤᠳᠠᠭᠤᠳᠠᠯ ᠳ᠋ᠤ ᠴᠢᠭᠯᠡᠬᠦᠯᠤᠨ ᠂ ᠨᠡᠩ ᠶᠡᠬᠡ ᠡᠷᠴᠢᠮ ᠂ ᠨᠡᠩ ᠤᠨᠤᠪᠴᠢᠳᠠᠢ᠎ᠪᠠᠷ ᠲᠤᠳᠠᠭᠤᠳᠠᠯ ‍ᠢ ᠨᠦᠬᠦᠪᠤᠷᠢᠯᠠᠵᠤ ᠂ ᠪᠠᠭᠤᠷᠠᠢ ᠲᠠᠯ᠎ᠠ ᠶᠢ ᠬᠦᠴᠦᠷᠭᠡᠭᠵᠢᠬᠦᠯᠵᠤ ᠂ ᠠᠵᠤ ᠠᠬᠤᠢ ᠶᠢᠨ ᠰᠢᠨ᠎ᠠ ᠨᠡᠮᠡᠭᠳᠡᠯ ‍ᠤᠨ ᠴᠡᠭ ‍ᠢ ᠪᠤᠢ ᠪᠤᠯᠭᠠᠬᠤ ᠭᠡᠷᠡᠭᠳᠠᠢ ︾ ᠬᠡᠵᠤ ᠯᠢᠶᠠᠨ ᠸᠸᠢ ᠯᠢᠶᠠᠩ ᠬᠡᠯᠡᠪᠡ ᠃
︵ ᠰᠢᠨᠬᠤᠸᠠ ᠬᠤᠷᠢᠶᠠᠨ ‍ᠤ ᠪᠡᠬᠡᠵᠢᠩ ‍ᠤᠨ ᠴᠠᠬᠢᠯᠭᠠᠨ ᠮᠡᠳᠡᠬᠡ᠎ᠡᠴᠠ ︶

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面