ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠲᠠᠢᠯᠤᠮᠵᠢ

2020-02-09 11:20:52

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠠᠰᠠᠭᠤᠯᠲᠠ ᠄ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠳ᠋ᠤ ᠬᠠᠨᠳᠤᠭᠤᠯᠤᠨ ᠂ ᠲᠤᠰᠬᠠᠶ ᠮᠡᠷᠭᠡᠵᠢᠯᠲᠡᠨ᠎ᠡᠴᠠ 75%᠎ᠶᠢᠨ ᠰᠫᠢᠷᠲ ︵ ᠡᠲ᠋ᠢᠯ ᠠᠯᠺᠣᠣᠯ ︶᠎ᠨᠢ ᠸᠢᠷᠦ᠋ᠰ᠎ᠢ ᠪᠦᠲᠦᠮᠵᠢᠲᠡᠶ ᠤᠰᠠᠳᠬᠠᠵᠤ ᠴᠢᠳᠠᠨ᠎ᠠ ᠭᠡᠵᠦ ᠵᠢᠭᠠᠵᠤ ᠭᠠᠷᠭᠠᠪᠠ ᠂ ᠲᠡᠭᠡᠪᠡᠯ ᠰᠫᠢᠷᠲ᠎ᠢ ᠬᠡᠷᠬᠢᠨ ᠵᠥᠪ ᠣᠨᠣᠪᠴᠢᠲᠠᠶ ᠬᠡᠷᠡᠭᠯᠡᠵᠦ ᠠᠷᠢᠭᠤᠳᠬᠠᠬᠤ ᠪᠣᠶ ︖
ᠬᠠᠷᠢᠭᠤᠯᠲᠠ ᠄ 1. ᠰᠫᠢᠷᠲ᠎ᠢ ᠶᠡᠬᠡ ᠬᠡᠪᠴᠢᠶ᠎ᠡ᠎ᠪᠠᠷ ᠰᠦᠷᠴᠢᠨ ᠰᠠᠴᠤᠬᠤ ᠂ ᠣᠷᠴᠢᠨ ᠲᠣᠭᠣᠷᠢᠨ᠎ᠤ ᠪᠣᠳᠠᠰ᠎ᠤᠨ ᠭᠠᠳᠠᠷᠭᠤ᠎ᠶᠢ ᠠᠷᠢᠭᠤᠳᠬᠠᠬᠤ᠎ᠳ᠋ᠤ ᠬᠡᠷᠡᠭᠯᠡᠵᠦ ᠪᠣᠯᠬᠤ ᠦᠭᠡᠢ ᠂ ᠵᠢᠱᠢᠶᠡᠯᠡᠪᠡᠯ ᠠᠰᠠᠷ᠎ᠤᠨ ᠬᠤᠩᠬᠢᠯ ᠂ ᠬᠤᠷᠠᠯ᠎ᠤᠨ ᠭᠡᠷ ᠂ ᠠᠯᠪᠠᠨ ᠭᠡᠷ ᠵᠡᠷᠭᠡ᠎ᠶᠢ ᠰᠫᠢᠷᠲ᠎ᠢᠶᠠᠷ ᠰᠦᠷᠴᠢᠨ ᠠᠷᠢᠭᠤᠳᠬᠠᠵᠤ ᠪᠣᠯᠬᠤ ᠦᠭᠡᠢ ᠃
2. ᠰᠫᠢᠷᠲ᠎ᠢᠶᠠᠷ ᠬᠤᠪᠴᠠᠰᠤ ᠬᠤᠨᠠᠷ᠎ᠢ ᠰᠦᠷᠴᠢᠨ ᠠᠷᠢᠭᠤᠳᠬᠠᠬᠤ᠎ᠶᠢ ᠰᠠᠨᠠᠭᠠᠴᠢᠯᠠᠬᠤ ᠦᠭᠡᠢ ᠂ ᠢᠯᠡ ᠭᠠᠯ ᠪᠤᠶᠤ ᠲᠠᠶᠢᠪᠤᠩ ᠴᠠᠬᠢᠯᠭᠠᠨ ᠬᠠᠷᠭᠤᠪᠠᠯ ᠨᠤᠴᠤᠵᠦ ᠮᠡᠳᠡᠨ᠎ᠡ ᠃
3. ᠰᠫᠢᠷᠲ᠎ᠢ ᠪᠣᠯᠭᠣᠮᠵᠢᠲᠠᠶ ᠬᠠᠳᠠᠭᠠᠯᠠᠵᠤ ᠂ ᠭᠠᠯ᠎ᠤᠨ ᠰᠤᠷᠪᠤᠯᠵᠢ᠎ᠡᠴᠠ ᠵᠠᠶᠢᠳᠠᠭᠤᠯᠬᠤ ᠬᠡᠷᠡᠭᠲᠡᠶ ᠂ ᠬᠡᠦᠬᠡᠳ ᠠᠮᠠᠷᠬᠠᠨ ᠬᠦᠷᠦᠯᠴᠡᠬᠦ ᠭᠠᠵᠠᠷ᠎ᠲᠤ ᠲᠠᠯᠪᠢᠵᠤ ᠪᠣᠯᠬᠤ ᠦᠭᠡᠢ ᠃
4. ᠰᠫᠢᠷᠲ᠎ᠢᠶᠠᠷ ᠠᠷᠢᠭᠤᠳᠬᠠᠬᠤ᠎ᠳᠠᠭᠠᠨ ᠰᠠᠯᠬᠢ ᠨᠡᠪᠲᠡᠷᠡᠭᠦᠯᠬᠦ᠎ᠶᠢ ᠪᠠᠲᠤᠯᠠᠬᠤ ᠬᠡᠷᠡᠭᠲᠡᠢ ᠪᠥᠭᠡᠳ ᠥᠨᠳᠥᠷ ᠳᠤᠯᠠᠭᠠᠨ᠎ᠲᠠᠢ ᠪᠣᠳᠠᠰ᠎ᠡᠴᠠ ᠵᠠᠶᠢᠳᠠᠭᠤᠯᠬᠤ ᠬᠡᠷᠡᠭᠲᠡᠢ ᠃ ᠵᠢᠱᠢᠶᠡᠯᠡᠪᠡᠯ ᠥᠨᠳᠥᠷ ᠥᠳᠬᠡᠴᠡ᠎ᠲᠠᠢ ᠰᠫᠢᠷᠲ ᠰᠦᠷᠴᠢᠭᠰᠡᠨ᠎ᠤ ᠳᠠᠷᠠᠭ᠎ᠠ ᠬᠣᠭᠣᠯᠠ ᠬᠢᠬᠦ ᠂ ᠤᠲᠠᠰᠤᠳᠠᠬᠤ ᠂ ᠲᠠᠮᠠᠬᠢ ᠲᠠᠲᠠᠬᠤ ᠂ ᠴᠠᠬᠢᠯᠭᠠᠨ ᠰᠢᠮᠠᠭᠤᠯ ᠠᠯᠠᠬᠤ ᠪᠠᠭᠠᠵᠢ ᠬᠡᠷᠡᠭᠯᠡᠬᠦ ᠵᠡᠷᠭᠡ ᠠᠵᠢᠯᠯᠠᠭ᠎ᠠ ᠬᠢᠵᠦ ᠪᠣᠯᠬᠤ ᠦᠭᠡᠢ ᠃
5. ᠰᠫᠢᠷᠲ ᠬᠡᠷᠡᠭᠯᠡᠬᠦ᠎ᠡᠴᠠ ᠡᠮᠦᠨ᠎ᠡ ᠡᠷᠬᠢᠨ ᠲᠣᠭᠣᠷᠢᠨ᠎ᠤ ᠠᠮᠠᠷᠬᠠᠨ ᠰᠢᠲᠠᠬᠤ ᠰᠢᠲᠠᠮᠠᠬᠠᠶ ᠪᠣᠳᠠᠰ᠎ᠢ ᠴᠡᠪᠡᠷᠯᠡᠵᠦ ᠂ ᠠᠭᠠᠷ ᠳᠣᠲᠣᠷ᠎ᠠ ᠰᠢᠭᠤᠳ ᠰᠦᠷᠴᠢᠨ ᠬᠡᠷᠡᠭᠯᠡᠵᠦ ᠪᠣᠯᠬᠤ ᠦᠭᠡᠢ ᠃ ᠴᠠᠬᠢᠯᠭᠠᠨ ᠬᠡᠷᠡᠭᠰᠡᠯ᠎ᠤᠨ ᠭᠠᠳᠠᠷᠭᠤ ᠪᠣᠯᠤᠨ ᠵᠤᠤᠬᠠᠨ᠎ᠤ ᠲᠠᠢᠰᠠ᠎ᠶᠢ ᠠᠷᠢᠭᠤᠳᠬᠠᠬᠤ᠎ᠳ᠋ᠤ ᠤᠷᠢᠳ᠎ᠢᠶᠠᠷ ᠴᠠᠬᠢᠯᠭᠠᠨ ᠡᠭᠦᠰᠭᠡᠭᠴᠢ ᠪᠣᠯᠤᠨ ᠭᠠᠯ᠎ᠤᠨ ᠰᠤᠷᠪᠤᠯᠵᠢ᠎ᠶᠢ ᠬᠠᠭᠠᠵᠤ ᠂ ᠴᠠᠬᠢᠯᠭᠠᠨ ᠬᠡᠷᠡᠭᠰᠡᠯ ᠪᠣᠯᠤᠨ ᠵᠤᠤᠬᠠᠨ᠎ᠤ ᠲᠠᠢᠰᠠ ᠬᠦᠷᠦᠭᠰᠡᠨ᠎ᠤ ᠳᠠᠷᠠᠭ᠎ᠠ ᠰᠠᠶᠢ ᠰᠫᠢᠷᠲ᠎ᠢᠶᠠᠷ ᠵᠦᠯᠭᠦᠵᠦ ᠂ ᠰᠫᠢᠷᠲ ᠳᠡᠭᠳᠡᠵᠦ ᠳᠡᠯᠪᠡᠷᠡᠬᠦ᠎ᠡᠴᠠ ᠰᠡᠷᠭᠡᠶᠢᠯᠡᠨ᠎ᠡ ᠃
6. ᠰᠫᠢᠷᠲ᠎ᠢᠶᠠᠷ ᠠᠷᠢᠭᠤᠳᠬᠠᠬᠤ ᠦᠶ᠎ᠡ᠎ᠳ᠋ᠤ ᠲᠠᠮᠠᠬᠢ ᠲᠠᠲᠠᠬᠤ᠎ᠶᠢ ᠴᠢᠩᠭ᠎ᠠ ᠴᠠᠭᠠᠵᠠᠯᠠᠨ᠎ᠠ ᠃
【 ᠮᠡᠳᠡᠯᠭᠡ 】
ᠰᠫᠢᠷᠲ᠎ᠤᠨ ᠭᠤᠤᠯ ᠪᠦᠷᠢᠯᠳᠦᠬᠦᠨ ᠪᠣᠯ ᠡᠲ᠋ᠢᠯ ᠠᠯᠺᠤᠤᠯ ᠪᠣᠯᠤᠨ᠎ᠠ ᠃ ᠬᠥᠬᠡ ᠲᠥᠷᠥᠯ᠎ᠤᠨ ᠭᠠᠯ᠎ᠤᠨ ᠠᠶᠤᠯ᠎ᠤᠨ ᠠᠶᠤᠯᠲᠤ ᠪᠣᠳᠠᠰ᠎ᠲᠤ ᠬᠠᠷᠢᠶᠠᠯᠠᠭᠳᠠᠵᠤ ᠂ ᠠᠭᠠᠷ ᠳᠣᠲᠣᠷᠠᠬᠢ ᠡᠲ᠋ᠢᠯ ᠠᠯᠺᠤᠤᠯ᠎ᠤᠨ ᠥᠳᠬᠡᠴᠡ 3%᠎ᠡᠴᠠ ᠬᠡᠲᠦᠷᠡᠪᠡᠯ ᠳᠠᠷᠤᠶ ᠭᠠᠯ᠎ᠤᠨ ᠠᠶᠤᠯ ᠭᠠᠷᠬᠤ ᠪᠣᠯᠤᠨ᠎ᠠ ᠃ ᠰᠫᠢᠷᠲ᠎ᠢ ᠶᠡᠬᠡ ᠬᠡᠮᠵᠢᠶ᠎ᠡ᠎ᠪᠠᠷ ᠬᠡᠷᠡᠭᠯᠡᠬᠦ ᠦᠶ᠎ᠡ᠎ᠳ᠋ᠤ ᠂ ᠰᠫᠢᠷᠲ ᠳᠡᠭᠳᠡᠵᠦ ᠬᠡᠷ ᠳᠣᠲᠣᠷᠠᠬᠢ ᠠᠭᠠᠷ᠎ᠤᠨ ᠡᠲ᠋ᠢᠯ ᠠᠯᠺᠣᠣᠯ᠎ᠤᠨ ᠥᠳᠬᠡᠴᠡ᠎ᠶᠢ ᠨᠡᠮᠡᠭᠳᠡᠭᠦᠯᠵᠦ ᠂ ᠰᠫᠢᠷᠲ᠎ᠢ ᠰᠢᠭᠤᠳ ᠠᠰᠠᠭᠠᠬᠤ᠎ᠡᠴᠠ ᠨᠡᠩ ᠠᠶᠤᠯ᠎ᠲᠠᠢ ᠃
ᠢᠷᠡᠯᠲᠡ ᠄ ᠳᠤᠮᠳᠠᠳᠤ ᠤᠯᠤᠰ᠎ᠤᠨ ᠬᠢᠵᠢᠭ᠎ᠢ ᠰᠡᠷᠭᠡᠶᠢᠯᠡᠨ ᠡᠵᠡᠮᠳᠡᠬᠦ ᠲᠥᠪ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面