ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠲᠠᠢᠯᠤᠮᠵᠢ

2020-02-11 12:54:05

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠠᠰᠠᠭᠤᠯᠳᠠ ᠄ ᠠᠵᠢᠯ᠎ᠳᠠᠭᠠᠨ ᠭᠠᠷᠴᠤ ᠠᠵᠢᠯ᠎ᠡᠴᠠ᠎ᠪᠠᠨ ᠪᠠᠭᠤᠬᠤ᠎ᠳᠠᠭᠠᠨ ᠬᠡᠷᠬᠢᠨ ᠰᠡᠷᠬᠡᠢᠯᠡᠬᠦ ᠪᠤᠢ ︖
ᠬᠠᠷᠢᠭᠤᠯᠳᠠ ᠄ ᠡᠮᠴᠢᠯᠡᠬᠡᠨ᠎ᠳ᠋ᠤ ᠨᠢᠬᠡᠯᠡ ᠤᠳᠠᠭ᠎ᠠ ᠬᠡᠷᠡᠭᠯᠡᠬᠦ ᠠᠮᠠᠪᠴᠢ᠎ᠶᠢ ᠵᠦᠪ ᠵᠡᠬᠦᠬᠦ ᠬᠡᠷᠡᠭᠳᠡᠢ ᠃ ᠨᠠᠢᠳᠡ᠎ᠶᠢᠨ ᠵᠠᠮ ᠬᠠᠷᠢᠯᠴᠠᠭᠠᠨ᠎ᠤ ᠳᠡᠷᠬᠡᠨ᠎ᠳ᠋ᠤ ᠴᠢᠳᠠᠬᠤ᠎ᠶᠢᠨ ᠬᠢᠷᠢ᠎ᠳ᠋ᠤ ᠰᠠᠭᠤᠬᠤ ᠦᠬᠡᠢ ᠂ ᠠᠯᠬᠤᠬᠤ ᠂ ᠳᠤᠭᠤᠢ ᠤᠨᠤᠬᠤ ᠪᠤᠶᠤ ᠬᠤᠪᠢ᠎ᠶᠢᠨ ᠮᠠᠰᠢᠨ ᠂ ᠡᠬᠡᠯᠵᠢ᠎ᠶᠢᠨ ᠮᠠᠰᠢᠨ᠎ᠳ᠋ᠤ ᠰᠠᠭᠤᠵᠤ ᠠᠵᠢᠯ᠎ᠳᠠᠭᠠᠨ ᠭᠠᠷᠬᠤ ᠪᠤᠶᠤ ᠠᠵᠢᠯ᠎ᠡᠴᠠ᠎ᠪᠠᠨ ᠪᠠᠭᠤᠬᠤ᠎ᠶᠢ ᠰᠠᠨᠠᠭᠤᠯᠵᠤ ᠪᠠᠢᠨ᠎ᠠ ᠃ ᠬᠡᠷᠪᠡ ᠨᠡᠢᠳᠡ᠎ᠶᠢᠨ ᠵᠠᠮ ᠬᠠᠷᠢᠯᠴᠠᠭᠠᠨ᠎ᠤ ᠳᠡᠷᠬᠡᠨ᠎ᠳ᠋ᠤ ᠵᠠᠪᠠᠯ ᠰᠠᠭᠤᠬᠤ ᠴᠢᠬᠤᠯᠠ᠎ᠲᠠᠢ ᠪᠤᠯ ᠵᠠᠪᠠᠯ ᠠᠮᠠᠪᠴᠢ ᠵᠡᠬᠦᠬᠦ ᠴᠢᠬᠤᠯᠠ᠎ᠲᠠᠢ ᠃ ᠳᠡᠷᠬᠡᠨ ᠳᠡᠬᠡᠷᠡᠬᠢ ᠪᠤᠳᠠᠰ᠎ᠲᠤ ᠭᠠᠷ᠎ᠢᠶᠡᠨ ᠰᠢᠭᠤᠳ ᠬᠦᠷᠬᠡᠬᠦ᠎ᠡᠴᠠ ᠵᠠᠢᠯᠠᠰᠬᠢ ᠃

ᠠᠰᠠᠭᠤᠯᠳᠠ ᠄ ᠠᠰᠠᠷ᠎ᠲᠤ ᠠᠵᠢᠯᠯᠠᠬᠤ᠎ᠳ᠋ᠤ ᠶᠠᠭᠤ᠎ᠶᠢ ᠠᠩᠬᠠᠷᠬᠤ ᠪᠤᠢ ︖
ᠬᠠᠷᠢᠭᠤᠯᠳᠠ ᠄ ᠠᠯᠪᠠᠯᠠᠬᠤ ᠠᠰᠠᠷ᠎ᠲᠤ ᠤᠷᠤᠬᠤ᠎ᠡᠴᠠ᠎ᠪᠠᠨ ᠡᠮᠦᠨ᠎ᠡ ᠤᠬᠠᠮᠰᠠᠷ᠎ᠡᠴᠠ᠎ᠪᠠᠨ ᠪᠡᠶ᠎ᠠ᠎ᠶᠢᠨ ᠬᠠᠯᠠᠭᠤᠨ᠎ᠢᠶᠡᠨ ᠬᠡᠮᠵᠢᠵᠦ ᠂ ᠪᠡᠶ᠎ᠡ᠎ᠶᠢᠨ ᠬᠠᠯᠠᠭᠤᠨ ᠴᠢᠨᠢ ᠬᠡᠪ᠎ᠤᠨ ᠪᠤᠯ ᠠᠯᠪᠠᠯᠠᠬᠤ ᠠᠰᠠᠷ᠎ᠲᠤ ᠤᠷᠤᠵᠤ ᠂ ᠠᠷᠢᠭᠤᠨ ᠴᠡᠪᠡᠷ᠎ᠤᠨ ᠳᠠᠰᠤᠯᠭ᠎ᠠ᠎ᠳ᠋ᠤ ᠤᠴᠢᠵᠤ ᠭᠠᠷ᠎ᠢᠶᠡᠨ ᠤᠬᠢᠶᠠᠬᠤ ᠬᠡᠷᠡᠭᠳᠡᠢ ᠃ ᠪᠡᠶ᠎ᠠ᠎ᠶᠢᠨ ᠬᠠᠯᠠᠭᠤᠨ ᠴᠢᠨᠢ 37.2℃᠎ᠢ ᠬᠡᠳᠦᠷᠡᠭᠰᠡᠨ ᠪᠤᠯ ᠠᠯᠪᠠᠯᠠᠬᠤ ᠠᠰᠠᠷ᠎ᠲᠤ ᠪᠢᠳᠡᠬᠡᠢ ᠤᠷᠤ ᠂ ᠬᠡᠷ᠎ᠲᠡᠭᠡᠨ ᠬᠠᠷᠢᠵᠤ ᠠᠵᠢᠭᠯᠠᠵᠤ ᠠᠮᠠᠷᠠ ᠂ ᠴᠢᠬᠤᠯᠠ᠎ᠲᠠᠢ ᠦᠶ᠎ᠡ᠎ᠳ᠋ᠤ ᠡᠮᠨᠡᠯᠬᠡ᠎ᠳ᠋ᠤ ᠤᠴᠢᠵᠤ ᠡᠮᠨᠡᠬᠦᠯᠬᠦ ᠬᠡᠷᠡᠭᠳᠡᠢ ᠃

ᠠᠰᠠᠭᠤᠯᠳᠠ ᠄ ᠠᠯᠪᠠᠨ ᠬᠡᠷ᠎ᠲᠡᠭᠡᠨ ᠤᠷᠤᠪᠠᠯ ᠶᠠᠭᠤ᠎ᠶᠢ ᠠᠩᠬᠠᠷᠬᠤ ᠪᠤᠢ ︖
ᠬᠠᠷᠢᠭᠤᠯᠳᠠ ᠄ ᠠᠯᠪᠠᠯᠠᠬᠤ ᠤᠷᠴᠢᠨ᠎ᠤ ᠠᠷᠢᠭᠤᠨ ᠴᠡᠪᠡᠷ᠎ᠢ ᠪᠠᠳᠤᠯᠠᠬᠤ ᠬᠡᠷᠡᠭᠳᠡᠢ ᠂ ᠡᠳᠦᠷ᠎ᠲᠤ 3 ᠤᠳᠠᠭ᠎ᠠ ᠰᠠᠯᠬᠢ ᠨᠡᠪᠳᠡᠷᠡᠬᠦᠯᠵᠦ ᠂ ᠤᠳᠠᠭ᠎ᠠ ᠪᠤᠯᠭᠠᠨ 20  30 ᠮᠢᠨᠦ᠋ᠲ ᠪᠠᠢᠯᠭᠠᠬᠤ ᠬᠡᠷᠡᠭᠳᠡᠢ ᠂ ᠰᠠᠯᠬᠢ ᠨᠡᠪᠳᠡᠷᠡᠬᠦᠯᠬᠦ᠎ᠳ᠋ᠡᠭᠡᠨ ᠵᠢᠩᠬᠢᠨᠡᠬᠦ᠎ᠡᠴᠠ ᠬᠢᠴᠢᠶᠡᠬᠦ ᠬᠡᠷᠡᠭᠳᠡᠢ ᠃ ᠬᠦᠮᠦᠨ ᠬᠦᠮᠦᠨ᠎ᠤ ᠬᠤᠭᠤᠷᠤᠨᠳᠤ᠎ᠪᠠᠨ 1 ᠮᠧᠲᠷ᠎ᠡᠴᠠ ᠢᠯᠡᠬᠦᠦ ᠵᠠᠢᠳᠠᠢ ᠪᠠᠢᠬᠤ᠎ᠶᠢ ᠪᠠᠳᠤᠯᠠᠵᠤ ᠂ ᠤᠯᠠᠨ ᠬᠦᠮᠦᠰ ᠠᠵᠢᠯᠯᠠᠬᠤ ᠦᠶ᠎ᠠ᠎ᠳ᠋ᠤ ᠠᠮᠠᠪᠴᠢ ᠵᠡᠬᠦᠬᠦ ᠬᠡᠷᠡᠭᠳᠡᠢ ᠃ ᠭᠠᠷ᠎ᠢᠶᠡᠨ ᠰᠠᠢᠳᠤᠷ ᠤᠬᠢᠶᠠᠵᠤ ᠂ ᠢᠯᠡᠬᠦᠦ ᠤᠰᠤ ᠤᠤᠭᠤᠵᠤ ᠂ ᠬᠤᠭᠤᠯᠠ ᠡᠢᠳᠡᠬᠦ᠎ᠡᠴᠠ᠎ᠪᠠᠨ ᠡᠮᠦᠨ᠎ᠡ ᠂ ᠵᠤᠷᠯᠤᠩ᠎ᠳ᠋ᠤ ᠤᠷᠤᠭᠰᠠᠨ᠎ᠤ ᠳᠠᠷᠠᠭ᠎ᠠ 7 ᠠᠯᠬᠤᠮ᠎ᠢᠶᠠᠷ ᠭᠠᠷ᠎ᠢᠶᠡᠨ ᠰᠠᠢᠳᠤᠷ ᠤᠬᠢᠶᠠᠬᠤ ᠬᠡᠷᠡᠭᠳᠡᠢ ᠃ ᠭᠠᠳᠠᠨ᠎ᠠ᠎ᠡᠴᠠ ᠢᠷᠡᠬᠦ ᠬᠦᠮᠦᠰ᠎ᠢ ᠬᠦᠯᠢᠶᠡᠨ ᠵᠤᠴᠢᠯᠠᠬᠤ᠎ᠳᠠᠭᠠᠨ ᠪᠦᠷ ᠠᠮᠠᠪᠴᠢ ᠵᠡᠬᠦᠬᠦ ᠬᠡᠷᠡᠭᠳᠡᠢ ᠃

ᠠᠰᠠᠭᠤᠯᠳᠠ ᠄ ᠬᠤᠷᠠᠯ᠎ᠳ᠋ᠤ ᠤᠷᠤᠯᠴᠠᠬᠤ᠎ᠳᠠᠭᠠᠨ ᠶᠠᠭᠤ᠎ᠶᠢ ᠠᠩᠬᠠᠷᠬᠤ ᠪᠤᠢ ︖
ᠬᠠᠷᠢᠭᠤᠯᠳᠠ ᠄ ᠠᠮᠠᠪᠴᠢ ᠵᠡᠬᠦᠵᠦ ᠂ ᠬᠤᠷᠠᠯ᠎ᠤᠨ ᠬᠡᠷ᠎ᠲᠤ ᠤᠷᠤᠬᠤ᠎ᠡᠴᠠ᠎ᠪᠠᠨ ᠡᠮᠦᠨ᠎ᠡ ᠭᠠᠷ᠎ᠢᠶᠡᠨ ᠰᠠᠢᠳᠤᠷ ᠤᠬᠢᠶᠠᠵᠤ ᠠᠷᠢᠭᠤᠳᠬᠠᠬᠤ᠎ᠶᠢ ᠰᠠᠨᠠᠭᠤᠯᠤᠶ᠎ᠠ ᠃ ᠬᠤᠷᠠᠯ᠎ᠳ᠋ᠤ ᠤᠷᠤᠯᠴᠠᠭᠰᠠᠳ ᠬᠤᠭᠤᠷᠤᠨᠳᠤ᠎ᠪᠠᠨ 1 ᠮᠧᠲ᠋ᠷ᠎ᠡᠴᠠ ᠢᠯᠡᠬᠦᠦ ᠵᠠᠢᠳᠠᠢ ᠪᠠᠢᠬᠤ ᠬᠡᠷᠡᠭᠲᠡᠢ ᠃ ᠤᠯᠠᠨ ᠬᠦᠮᠦᠨ ᠲᠦᠪᠯᠡᠷᠡᠭᠰᠡᠨ ᠬᠤᠷᠠᠯ ᠬᠢᠬᠦ᠎ᠶᠢ ᠪᠠᠭᠠᠰᠬᠠᠵᠤ ᠂ ᠬᠤᠷᠠᠯ᠎ᠤᠨ ᠴᠠᠭ᠎ᠢ ᠡᠵᠡᠮᠳᠡᠵᠦ ᠂ ᠬᠤᠷᠠᠯ᠎ᠤᠨ ᠴᠠᠭ ᠬᠡᠳᠦᠷᠬᠡᠢ ᠤᠷᠳᠤ ᠪᠤᠯ ᠴᠤᠩᠬᠤ ᠨᠡᠬᠡᠬᠡᠵᠦ 1 ᠤᠳᠠᠭ᠎ᠠ ᠰᠠᠯᠬᠢ ᠨᠡᠪᠳᠡᠷᠡᠬᠦᠯᠦᠨ᠎ᠡ ᠃ ᠬᠤᠷᠠᠯ ᠳᠠᠭᠤᠰᠤᠭᠰᠠᠨ᠎ᠤ ᠳᠠᠷᠠᠭ᠎ᠠ ᠂ ᠬᠤᠷᠠᠯ᠎ᠤᠨ ᠳᠠᠯᠠᠪᠠᠢ ᠂ ᠬᠤᠷᠠᠯ᠎ᠤᠨ ᠬᠡᠷ᠎ᠤᠨ ᠡᠳ᠋ᠯᠡᠯ ᠬᠡᠷᠡᠭᠰᠡᠯ᠎ᠢ ᠵᠠᠪᠠᠯ ᠠᠷᠢᠭᠤᠳᠬᠠᠬᠤ ᠬᠡᠷᠡᠭᠳᠡᠢ ᠃ ᠴᠠᠢ᠎ᠶᠢᠨ ᠬᠡᠷᠡᠭᠰᠡᠯ᠎ᠢ ᠬᠤᠷᠠᠯ᠎ᠤᠨ ᠳᠠᠷᠠᠭ᠎ᠠ ᠪᠤᠴᠠᠯᠤᠭᠰᠠᠨ ᠤᠰᠤᠨ᠎ᠳ᠋ᠤ ᠳᠡᠪᠳᠦᠬᠡᠵᠦ ᠠᠷᠢᠭᠤᠳᠬᠠᠬᠤ᠎ᠶᠢ ᠰᠠᠨᠠᠭᠤᠯᠤᠶ᠎ᠠ ᠃

ᠠᠰᠠᠭᠤᠯᠳᠠ ᠄ ᠠᠵᠢᠯ᠎ᠡᠴᠠ᠎ᠪᠠᠨ ᠪᠠᠭᠤᠭᠰᠠᠨ᠎ᠤ ᠳᠠᠷᠠᠭ᠎ᠠ ᠶᠠᠭᠤ ᠬᠢᠬᠦ ᠴᠢᠬᠤᠯᠠ᠎ᠲᠠᠢ ᠪᠢᠯᠡ ︖
ᠬᠠᠷᠢᠭᠤᠯᠳᠠ ᠄ ᠭᠠᠷ᠎ᠢᠶᠡᠨ ᠤᠬᠢᠶᠠᠭᠰᠠᠨ᠎ᠤ ᠳᠠᠷᠠᠭ᠎ᠠ ᠂ ᠡᠮᠴᠢᠯᠡᠬᠡᠨ᠎ᠳ᠋ᠤ ᠨᠢᠬᠡᠯᠡ ᠤᠳᠠᠭ᠎ᠠ ᠬᠡᠷᠡᠭᠯᠡᠬᠦ ᠠᠮᠠᠪᠴᠢ᠎ᠪᠠᠨ ᠵᠡᠬᠦᠵᠦ ᠂ ᠬᠡᠷ᠎ᠲᠡᠭᠡᠨ ᠬᠠᠷᠢᠭᠰᠠᠨ᠎ᠤ ᠳᠠᠷᠠᠭ᠎ᠠ ᠠᠮᠠᠪᠴᠢ᠎ᠪᠠᠨ ᠠᠪᠴᠤ ᠤᠷᠢᠳ᠎ᠢᠶᠠᠷ ᠭᠠᠷ᠎ᠢᠶᠡᠨ ᠤᠬᠢᠶᠠᠵᠤ ᠠᠷᠢᠭᠤᠳᠬᠠᠬᠤ ᠬᠡᠷᠡᠭᠳᠡᠢ ᠃ ᠭᠠᠷ ᠤᠳᠠᠰᠤ ᠪᠤᠯᠤᠨ ᠲᠦᠯᠬᠢᠬᠦᠷ᠎ᠢᠶᠡᠨ ᠠᠷᠢᠭᠤᠳᠬᠠᠬᠤ ᠠᠯᠴᠢᠭᠤᠷ ᠪᠤᠶᠤ 75%᠎ᠶᠢᠨ ᠰᠫᠢᠷᠲ᠎ᠢᠶᠠᠷ ᠵᠦᠯᠬᠦᠬᠦ ᠬᠡᠷᠡᠭᠳᠡᠢ ᠃ ᠬᠡᠷ᠎ᠲᠡᠭᠡᠨ ᠰᠠᠯᠬᠢ ᠨᠡᠪᠳᠡᠷᠡᠬᠦᠯᠬᠦ ᠪᠠ ᠠᠷᠢᠭᠤᠨ ᠴᠡᠪᠡᠷ ᠪᠠᠢᠯᠭᠠᠬᠤ᠎ᠶᠢ ᠪᠠᠳᠤᠯᠠᠵᠤ ᠂ ᠤᠯᠠᠨ ᠬᠦᠮᠦᠨ ᠴᠤᠭᠯᠠᠬᠤ᠎ᠡᠴᠠ ᠵᠠᠢᠯᠠᠰᠬᠢᠬᠦ ᠬᠡᠷᠡᠭᠳᠡᠢ ᠃
︵ ᠢᠷᠡᠯᠳᠡ ᠄ ᠡᠷᠡᠬᠦᠯ ᠡᠩᠬᠡ ᠳᠤᠮᠳᠠᠳᠤ ᠤᠯᠤᠰ ︶

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面