2020-02-12 12:31:44
ᠠᠰᠠᠭᠤᠯᠲᠠ ᠄ ᠪᠢᠴᠢᠭ ᠮᠠᠲ᠋ᠧᠷᠢᠶᠠᠯ ᠢ ᠬᠡᠷᠬᠢᠨ ᠳᠠᠮᠵᠢᠭᠤᠯᠤᠨ ᠤᠩᠰᠢᠬᠤ ᠪᠣᠶ ︖
ᠬᠠᠷᠢᠭᠤᠯᠲᠠ ᠄ ᠴᠠᠭᠠᠰᠤᠨ ᠪᠢᠴᠢᠭ ᠮᠠᠲ᠋ᠧᠷᠢᠶᠠᠯ ᠢ ᠳᠠᠮᠵᠢᠭᠤᠯᠬᠤᠡᠴᠠ ᠡᠮᠦᠨ᠎ᠡ ᠬᠣᠢᠨ᠎ᠠ ᠭᠠᠷᠢᠶᠡᠨ ᠤᠬᠢᠶᠠᠵᠤ ᠂ ᠪᠢᠴᠢᠭ ᠮᠠᠲ᠋ᠧᠷᠢᠶᠠᠯ ᠢ ᠳᠠᠮᠵᠢᠭᠤᠯᠤᠨ ᠤᠩᠰᠢᠬᠤᠳᠠᠭᠠᠨ ᠠᠮᠠᠪᠴᠢ ᠵᠡᠭᠦᠨ᠎ᠡ ᠃
ᠠᠰᠠᠭᠤᠯᠲᠠ ᠄ ᠠᠷᠤ ᠲᠠᠯ᠎ᠠᠶᠢᠨ ᠠᠵᠢᠯᠳᠠᠨ ᠠᠵᠢᠯᠴᠢᠨ ᠬᠡᠷᠬᠢᠪᠡᠯ ᠵᠤᠬᠢᠬᠤ ᠪᠣᠶ ︖
ᠬᠠᠷᠢᠭᠤᠯᠲᠠ ᠄ ᠦᠢᠯᠡᠴᠢᠯᠡᠬᠦ ᠠᠵᠢᠯᠴᠢᠨ ᠂ ᠠᠮᠤᠷ ᠢ ᠬᠠᠮᠠᠭᠠᠯᠠᠬᠤ ᠠᠵᠢᠯᠴᠢᠨ ᠂ ᠠᠷᠢᠭᠤᠨ ᠴᠡᠪᠡᠷ ᠤᠨ ᠠᠵᠢᠯᠴᠢᠨ ᠠᠵᠢᠯᠯᠠᠬᠤ ᠳ᠋ᠠᠭᠠᠨ ᠡᠷᠬᠡᠪᠰᠢ ᠠᠮᠠᠪᠴᠢ ᠵᠡᠭᠦᠬᠦ ᠬᠡᠷᠡᠭᠲᠡᠶ ᠪᠥᠭᠡᠳ ᠬᠥᠮᠦᠰ ᠬᠤᠭᠤᠷᠤᠨᠳᠤᠪᠠᠨ ᠠᠮᠤᠷ ᠲᠦᠪᠰᠢᠨ ᠤ ᠵᠠᠶᠶᠢ ᠪᠠᠲᠤᠯᠠᠬᠤ ᠬᠡᠷᠡᠭᠲᠡᠶ ᠃ ᠬᠣᠭᠣᠯᠠᠨ ᠭᠡᠷ ᠤᠨ ᠢᠳᠡᠭᠡᠨ ᠤ ᠮᠠᠲ᠋ᠧᠷᠢᠶᠠᠯ ᠢ ᠬᠤᠳᠠᠯᠳᠤᠨ ᠠᠪᠬᠤ ᠬᠥᠮᠦᠰ ᠪᠤᠶᠤ ᠡᠳ᠋ ᠪᠠᠷᠠᠭ᠎ᠠ ᠬᠠᠩᠭᠠᠬᠤ ᠬᠥᠮᠦᠰ ᠡᠷᠬᠡᠪᠰᠢ ᠠᠮᠠᠪᠴᠢ ᠪᠣᠯᠤᠨ ᠨᠢᠭᠡᠯᠠ ᠤᠳᠠᠭ᠎ᠠ ᠭᠡᠷᠡᠭᠯᠡᠬᠦ ᠭᠣᠮ ᠪᠡᠭᠡᠯᠡᠶ ᠵᠡᠭᠦᠵᠦ ᠂ ᠪᠡᠭᠡᠯᠡᠶᠪᠠᠨ ᠬᠠᠶᠠᠭᠰᠠᠨ ᠤ ᠳᠠᠷᠠᠭ᠎ᠠ ᠴᠠᠭ ᠲᠤᠬᠠᠶᠳ᠋ᠤᠨᠢ ᠭᠠᠷᠢᠶᠡᠨ ᠤᠬᠢᠶᠠᠵᠤ ᠠᠷᠢᠭᠤᠳᠬᠠᠨ᠎ᠠ ᠃ ᠴᠡᠪᠡᠷᠯᠡᠭᠴᠢ ᠠᠵᠢᠯᠯᠠᠬᠤᠲᠠᠭᠠᠨ ᠡᠷᠬᠡᠪᠰᠢ ᠨᠢᠭᠡᠯᠡ ᠤᠳᠠᠭ᠎ᠠ ᠬᠡᠷᠡᠭᠯᠡᠬᠦ ᠭᠣᠮ ᠪᠡᠭᠡᠯᠡᠶ ᠵᠡᠭᠦᠵᠦ ᠂ ᠠᠵᠢᠯᠯᠠᠵᠤ ᠳᠠᠭᠤᠰᠤᠭᠰᠠᠨ ᠤ ᠳᠠᠷᠠᠭ᠎ᠠ ᠭᠠᠷᠢᠶᠡᠨ ᠤᠬᠢᠶᠠᠵᠤ ᠠᠷᠢᠭᠤᠳᠬᠠᠬᠤ ᠬᠡᠷᠡᠭᠲᠡᠶ ᠃ ᠠᠮᠤᠷ ᠢ ᠬᠠᠮᠠᠭᠠᠯᠠᠬᠴᠢᠳ ᠡᠷᠬᠡᠪᠰᠢ ᠠᠮᠠᠪᠴᠢ ᠵᠡᠭᠦᠬᠦ ᠬᠡᠷᠡᠭᠲᠡᠶ ᠪᠥᠭᠡᠳ ᠭᠠᠳᠠᠨ᠎ᠠᠡᠴᠠ ᠢᠷᠡᠭᠰᠡᠨ ᠬᠥᠮᠦᠰ ᠤᠨ ᠪᠠᠢᠳᠠᠯ ᠢ ᠨᠠᠷᠢᠨ ᠬᠢᠨᠠᠮᠠᠭᠠᠶ ᠯᠠᠪᠯᠠᠨ ᠠᠰᠠᠭᠤᠵᠤ ᠳᠡᠮᠳᠡᠭᠯᠡᠨ ᠪᠦᠷᠢᠳᠬᠡᠵᠦ ᠂ ᠬᠡᠪ ᠤᠨ ᠪᠤᠰᠤ ᠪᠠᠢᠳᠠᠯ ᠢ ᠢᠯᠡᠷᠡᠭᠦᠯᠪᠡᠯ ᠴᠠᠭ ᠲᠤᠬᠠᠶᠳ᠋ᠤᠨᠢ ᠮᠡᠳᠡᠭᠦᠯᠬᠦ ᠬᠡᠷᠡᠭᠲᠡᠶ ᠃
ᠠᠰᠠᠭᠤᠯᠲᠠ ᠄ ᠠᠯᠪᠠᠨ ᠤ ᠠᠵᠢᠯᠢᠶᠠᠷ ᠪᠤᠰᠤᠳᠲᠠᠢ ᠬᠠᠷᠢᠴᠠᠪᠠᠯ ᠶᠠᠭᠠᠬᠢᠬᠤ ᠪᠣᠶ ︖
ᠬᠠᠷᠢᠭᠤᠯᠲᠠ ᠄ ᠠᠮᠠᠪᠴᠢ ᠵᠡᠭᠦᠬᠦ ᠬᠡᠷᠡᠭᠲᠡᠢ ᠃ ᠠᠯᠪᠠᠨ ᠠᠰᠠᠷᠲᠤ ᠣᠷᠣᠬᠤᠡᠴᠠ ᠡᠮᠦᠨ᠎ᠡ ᠪᠡᠶ᠎ᠡᠶᠢᠨ ᠳᠤᠯᠠᠭᠠᠨ ᠤ ᠪᠠᠢᠴᠠᠭᠠᠯᠲᠠ ᠬᠢᠬᠦᠶᠢᠨ ᠬᠠᠮᠲᠤ ᠂ ᠬᠤᠪᠧᠶ ᠮᠤᠵᠢᠳ᠋ᠤ ᠣᠷᠣᠰᠢᠨ ᠰᠠᠭᠤᠷᠢᠰᠢᠭᠰᠠᠨ ᠦᠩᠭᠡᠷᠡᠯᠳᠡ ᠪᠠᠢᠬᠤ ᠡᠰᠡᠬᠦ ᠡᠰᠡᠭᠦᠯ᠎ᠡ ᠲᠤᠬᠠᠶᠶᠢᠨ ᠭᠠᠵᠠᠷ ᠤᠨ ᠬᠥᠮᠦᠰᠲᠠᠢ ᠣᠢᠷᠠᠲᠤᠭᠰᠠᠨ ᠡᠰᠡᠬᠦ ᠵᠢᠴᠢ ᠬᠠᠯᠠᠭᠤᠷᠠᠬᠤ ᠂ ᠬᠠᠨᠢᠶᠠᠬᠤ ᠂ ᠠᠮᠢᠰᠬᠤᠯ ᠴᠢᠬᠤᠯᠳᠠᠬᠤ ᠵᠡᠷᠭᠡ ᠪᠠᠢᠳᠠᠯᠲᠠᠢ ᠪᠠᠢᠬᠤ ᠡᠰᠡᠬᠦᠪᠠᠨ ᠲᠠᠨᠢᠯᠴᠠᠭᠤᠯᠤᠨ᠎ᠠ ᠃ ᠳᠡᠭᠡᠷ᠎ᠡ ᠳᠤᠷᠠᠳᠤᠭᠰᠠᠨ ᠪᠠᠢᠳᠠᠯ ᠤᠷᠤᠰᠢᠬᠤ ᠦᠭᠡᠢ ᠮᠥᠷᠲᠡᠭᠡᠨ ᠪᠡᠶ᠎ᠡᠶᠢᠨ ᠳᠤᠯᠠᠭᠠᠨ ᠤ ᠬᠡᠮᠵᠢᠶ᠎ᠡᠨᠢ 37. ℃ ᠤᠨ ᠬᠡᠪ ᠤᠨ ᠨᠥᠬᠥᠴᠡᠯ ᠳᠣᠣᠷ᠎ᠠ ᠰᠠᠶᠢ ᠠᠰᠠᠷᠲᠤ ᠣᠷᠣᠵᠤ ᠠᠯᠪᠠᠯᠠᠵᠤ ᠪᠣᠯᠤᠨ᠎ᠠ ᠃
ᠠᠰᠠᠭᠤᠯᠳᠠ ᠄ ᠬᠣᠭᠣᠯᠠᠨ ᠭᠡᠷᠲᠤ ᠬᠤᠭᠤᠯᠠᠯᠠᠪᠠᠯ ᠶᠠᠭᠠᠬᠢᠵᠦ ᠬᠢᠵᠢᠭ ᠢ ᠰᠡᠷᠭᠡᠢᠯᠡᠬᠦ ᠪᠤᠢ ︖
ᠬᠠᠷᠢᠭᠤᠯᠲᠠ ᠄ ᠡᠭᠡᠯᠵᠢ ᠬᠤᠪᠢᠶᠠᠨ ᠢᠳᠡᠵᠦ ᠂ ᠬᠥᠮᠦᠨ ᠣᠯᠠᠨ ᠴᠤᠭᠯᠠᠷᠠᠬᠤᠡᠴᠠ ᠵᠠᠢᠯᠠᠰᠬᠢᠨ᠎ᠡ ᠃ ᠬᠣᠭᠣᠯᠠᠨ ᠭᠡᠷ ᠢ ᠡᠳᠦᠷ ᠪᠦᠷᠢ ᠨᠢᠭᠡ ᠤᠳᠠᠭ᠎ᠠ ᠠᠷᠢᠭᠤᠳᠬᠠᠵᠤ ᠂ ᠰᠢᠷᠡᠭᠡ ᠰᠠᠨᠳᠠᠯᠢᠶᠢ ᠬᠡᠷᠡᠭᠯᠡᠭᠰᠡᠨ ᠤ ᠳᠠᠷᠠᠭ᠎ᠠ ᠠᠷᠢᠭᠤᠳᠬᠠᠬᠤ ᠬᠡᠷᠡᠭᠳᠠᠢ ᠃ ᠬᠣᠭᠣᠯᠠᠨ ᠤ ᠬᠡᠷᠡᠭᠰᠡᠯ ᠢ ᠡᠷᠬᠡᠪᠰᠢ ᠥᠨᠳᠥᠷ ᠳᠤᠯᠠᠭᠠᠨ ᠢᠶᠠᠷ ᠠᠷᠢᠭᠤᠳᠬᠠᠬᠤ ᠬᠡᠷᠡᠭᠲᠡᠶ ᠃ ᠠᠵᠢᠯᠯᠠᠬᠤ ᠳᠤᠮᠳᠠᠪᠠᠨ ᠴᠡᠪᠡᠷ ᠬᠠᠭᠤᠷᠠᠢ ᠪᠠᠢᠬᠤᠶᠢ ᠪᠠᠲᠤᠯᠠᠨ ᠂ ᠲᠦᠭᠦᠬᠡᠢ ᠢᠳᠡᠭᠡᠨ ᠪᠠ ᠪᠤᠯᠭᠤᠭᠰᠠᠨ ᠢᠳᠡᠭᠡᠨ ᠤ ᠰᠠᠪᠠ ᠭᠡᠷᠡᠭᠰᠡᠯ ᠢ ᠬᠣᠯᠢᠵᠤ ᠬᠡᠷᠡᠭᠯᠡᠬᠦᠶᠢ ᠡᠷᠡᠰ ᠳᠡᠪᠴᠢᠵᠤ ᠂ ᠮᠢᠬᠠᠨ ᠢᠳᠡᠭᠡᠨ ᠢ ᠲᠦᠭᠦᠬᠡᠢᠪᠠᠷ ᠢᠳᠡᠬᠦᠡᠴᠠ ᠵᠠᠢᠯᠠᠰᠬᠢᠨ᠎ᠡ ᠃ ᠰᠢᠮ᠎ᠡ ᠲᠡᠵᠢᠭᠡᠯᠲᠠᠢ ᠬᠣᠭᠣᠯᠠ ᠬᠢᠵᠦ ᠂ ᠪᠤᠷᠤ ᠱᠦᠯᠦ ᠬᠦᠩᠭᠡᠨ ᠬᠤᠭᠤᠯᠠ ᠢᠳᠡᠭᠦᠶᠢ ᠰᠠᠨᠠᠭᠤᠯᠤᠶ᠎ᠠ ᠃
︵ ᠢᠷᠡᠯᠳᠡ ᠄ ᠡᠷᠡᠭᠦᠯ ᠡᠩᠬᠡ ᠳᠤᠮᠳᠠᠳᠤ ᠤᠯᠤᠰ ︶
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃