ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠲᠠᠢᠯᠤᠮᠵᠢ

2020-02-13 13:07:07

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠡᠬᠦᠷᠬᠡᠯᠡᠪᠡᠰᠤ ᠵᠤᠬᠢᠬᠤ ᠬᠠᠷᠢᠭᠤᠴᠠᠯᠭ᠎ᠠ᠎ᠪᠠᠨ ᠡᠷᠬᠡᠪᠰᠢ ᠡᠬᠦᠷᠬᠡᠯᠡᠬᠦ ᠬᠡᠷᠡᠭᠳᠠᠢ

ᠡᠬᠦᠷᠬᠡᠯᠡᠪᠡᠰᠤ ᠵᠤᠬᠢᠬᠤ ᠬᠠᠷᠢᠭᠤᠴᠠᠯᠭ᠎ᠠ᠎ᠪᠠᠨ ᠡᠷᠬᠡᠪᠰᠢ ᠡᠬᠦᠷᠬᠡᠯᠡᠬᠦ ᠬᠡᠷᠡᠭᠳᠠᠢ  ᠬᠢᠵᠢᠭ ‍ᠤᠨ ᠪᠠᠢᠳᠠᠯ ‍ᠢ ᠰᠡᠷᠬᠡᠢᠯᠡᠨ ᠡᠵᠡᠮᠳᠡᠵᠦ ᠬᠤᠷᠢᠭᠯᠠᠨ ᠠᠷᠢᠯᠭᠠᠬᠤ ᠳᠠᠢᠯᠠᠯᠳᠤᠭᠠᠨ ‍ᠤ ᠢᠯᠠᠯᠳᠠ᠎ᠶᠢ ᠤᠯᠬᠤ ᠳᠤᠬᠠᠢ ᠭᠤᠷᠪᠠᠨᠳᠠ ᠦᠬᠦᠯᠡᠬᠦ᠎ᠨᠢ
ᠦᠪᠦᠷ ᠮᠤᠩᠭᠤᠯ ᠶᠢᠨ ᠡᠳᠦᠷ ‍ᠤᠨ ᠰᠤᠨᠢᠨ ‍ᠤ ᠰᠢᠬᠦᠮᠵᠢᠯᠡᠭᠴᠢ

ᠬᠢᠵᠢᠭ ᠶᠢ ᠰᠡᠷᠭᠡᠢᠯᠡᠨ ᠡᠵᠡᠮᠳᠡᠬᠦ ᠠᠵᠢᠯ ᠳᠤᠮᠳᠠ ᠲᠤᠰᠢᠶᠠᠯ ᠳ᠋ᠠᠭᠠᠨ ᠤᠰᠤᠯᠳᠤᠨ ᠬᠠᠷᠢᠭᠤᠴᠯᠠᠭ᠎ᠠ ᠠᠯᠳᠠᠵᠤ ᠂ ᠡᠬᠦᠷᠬᠡ ᠳᠤᠰᠢᠶᠠᠯ᠎ᠢᠶᠡᠨ ᠬᠦᠢᠴᠡᠳᠬᠡᠭᠰᠡᠨ ᠦᠬᠡᠢ᠎ᠡᠴᠠ ᠪᠤᠯᠵᠤ ᠬᠦᠬᠡᠬᠤᠳᠠ᠎ᠶᠢᠨ 11 ᠪᠠᠢᠭᠤᠯᠭ᠎ᠠ ᠨᠢᠬᠡᠴᠢ᠎ᠶᠢᠨ 26 ᠬᠦᠮᠦᠨ ‍ᠢ ᠨᠡᠷ᠎ᠡ ᠳᠤᠷᠠᠳᠤᠨ ᠵᠠᠷᠯᠠᠨ ᠰᠢᠢᠳᠬᠡᠵᠠᠢ ᠃ ᠠᠰᠠᠭᠤᠳᠠᠯ ‍ᠢ ᠰᠢᠢᠳᠪᠦᠷᠢᠯᠡᠬᠦ ᠡᠷᠡᠰ ᠴᠢᠩᠭ᠎ᠠ ᠤᠪᠤᠷ ᠂ ᠡᠷᠡᠰ ᠰᠢᠭᠤᠷᠬᠠᠢ ᠰᠢᠢᠳᠪᠦᠷᠢᠯᠡᠬᠦ ᠠᠷᠭ᠎ᠠ ᠬᠡᠮᠵᠢᠶ᠎ᠠ᠎ᠨᠢ ᠬᠦᠮᠦᠰ᠎ᠲᠤ ᠢᠯᠡ ᠳᠤᠳᠤ ᠳᠤᠬᠢᠶ᠎ᠠ᠎ᠶᠢ ᠳᠠᠮᠵᠢᠭᠤᠯᠪᠠ ᠄ ᠬᠢᠵᠢᠭ ‍ᠤᠨ ᠪᠠᠢᠳᠠᠯ ‍ᠢ ᠰᠡᠷᠬᠡᠢᠯᠡᠨ ᠡᠵᠡᠮᠳᠡᠵᠦ ᠬᠤᠷᠢᠭᠯᠠᠨ ᠠᠷᠢᠯᠭᠠᠬᠤ ᠳᠠᠢᠯᠠᠯᠳᠤᠭᠠᠨ ‍ᠤ ᠢᠯᠠᠯᠳᠠ᠎ᠶᠢ ᠡᠷᠡᠰ ᠤᠯᠬᠤ᠎ᠳ᠋ᠤ ᠨᠠᠮ ‍ᠤᠨ ᠬᠡᠰᠢᠬᠦᠨ ᠺᠠᠳ᠋ᠷᠴᠤᠳ ᠡᠬᠦᠷᠬᠡᠯᠡᠪᠡᠰᠤ ᠵᠤᠬᠢᠬᠤ ᠬᠠᠷᠢᠭᠤᠴᠠᠯᠭ᠎ᠠ᠎ᠪᠠᠨ ᠡᠷᠬᠡᠪᠰᠢ ᠡᠬᠦᠷᠬᠡᠯᠡᠵᠤ ᠂ ᠬᠠᠷᠢᠭᠤᠴᠠᠯᠭ᠎ᠠ ᠡᠬᠦᠷᠬᠡᠯᠡᠬᠦ ᠦᠬᠡᠢ ᠪᠤᠯ ᠬᠠᠷᠢᠭᠤᠴᠠᠯᠭ᠎ᠠ ᠲᠤᠯᠭᠠᠬᠤ ᠪᠤᠯᠤᠨ᠎ᠠ ᠃
ᠬᠢᠵᠢᠭ ‍ᠤᠨ ᠪᠠᠢᠳᠠᠯ ‍ᠢ ᠰᠡᠷᠬᠡᠢᠯᠡᠨ ᠡᠵᠡᠮᠳᠡᠬᠦ ᠠᠵᠢᠯ ‍ᠢ ᠰᠠᠢᠳᠤᠷ ᠬᠢᠬᠦ ᠪᠤᠯ ᠠᠷᠠᠳ ᠲᠦᠮᠡᠨ ‍ᠤ ᠠᠮᠢ ᠨᠠᠰᠤᠨ ‍ᠤ ᠠᠮᠤᠷ ᠲᠦᠪᠰᠢᠨ ᠪᠠ ᠪᠡᠶ᠎ᠠ ᠮᠠᠬᠠᠪᠤᠳ ‍ᠤᠨ ᠡᠷᠡᠬᠦᠯ ᠴᠢᠬᠢᠷᠠᠭ᠎ᠲᠠᠢ ᠰᠢᠭᠤᠳ ᠬᠤᠯᠪᠤᠭᠳᠠᠵᠤ ᠂ ᠠᠵᠤ ᠠᠬᠤᠢ ᠨᠡᠢᠬᠡᠮ ‍ᠤᠨ ᠶᠡᠬᠡ ᠪᠠᠢᠳᠠᠯ᠎ᠲᠠᠢ ᠰᠢᠭᠤᠳ ᠬᠤᠯᠪᠤᠭᠳᠠᠵᠤ ᠪᠠᠢᠳᠠᠭ ᠪᠤᠯᠬᠤᠷ ᠡᠬᠦᠷᠬᠡ ᠬᠠᠷᠢᠭᠤᠴᠠᠯᠭ᠎ᠠ᠎ᠨᠢ ᠲᠠᠢᠱᠠᠨ ᠠᠭᠤᠯᠠ ᠮᠡᠳᠤ ᠬᠦᠨᠳᠤ ᠠᠵᠢ ᠃ ᠤᠳᠤᠬᠠᠨ᠎ᠠ ᠴᠠᠭᠠᠨ ᠰᠠᠷ᠎ᠠ᠎ᠶᠢᠨ ᠵᠦᠬᠡᠬᠡᠪᠦᠷᠢ᠎ᠶᠢᠨ ᠬᠤᠳᠠ᠎ᠳ᠋ᠤ ᠪᠤᠴᠠᠬᠤ ᠬᠦᠮᠦᠰ ᠤᠷᠬᠢᠯ ‍ᠤᠨ ᠬᠤᠭᠤᠴᠠᠭ᠎ᠠ᠎ᠳ᠋ᠤ ᠤᠷᠤᠵᠤ ᠂ ᠡᠯ᠎ᠠ ᠭᠠᠵᠠᠷ ‍ᠤᠨ ᠬᠢᠨ ᠵᠠᠯᠭᠠᠭ᠎ᠠ᠎ᠪᠠᠷ ᠠᠵᠢᠯ᠎ᠢᠶᠡᠨ ᠰᠡᠷᠬᠦᠬᠡᠨ ᠦᠢᠯᠡᠳᠪᠤᠷᠢᠯᠡᠯ᠎ᠢᠶᠡᠨ ᠰᠡᠷᠬᠦᠬᠡᠵᠤ ᠪᠤᠢ ᠂ ᠬᠦᠮᠦᠰ ‍ᠤᠨ ᠨᠠᠭᠠᠰᠢ ᠴᠠᠭᠠᠰᠢ ᠶᠠᠪᠤᠬᠤ᠎ᠶᠢ ᠳᠠᠭᠠᠯᠳᠤᠨ ᠬᠢᠵᠢᠭ ‍ᠤᠨ ᠪᠠᠢᠳᠠᠯ ᠤᠷᠤᠨ ᠪᠦᠰᠡ᠎ᠶᠢᠨ ᠬᠢᠵᠠᠭᠠᠷᠯᠠᠯ ‍ᠢ ᠳᠠᠪᠠᠨ ᠦᠷᠪᠢᠰᠤᠨ ᠳᠡᠯᠬᠡᠷᠡᠬᠦ ᠠᠶᠤᠯ ᠲᠦᠭᠰᠢᠬᠦᠷᠢ ᠡᠬᠦᠰᠴᠤ ᠮᠡᠳᠡᠨ᠎ᠡ ᠃ ᠬᠢᠵᠢᠭ ‍ᠤᠨ ᠪᠠᠢᠳᠠᠯ ‍ᠢ ᠰᠡᠷᠬᠡᠢᠯᠡᠨ ᠡᠵᠡᠮᠳᠡᠬᠦ ᠡᠨᠡ ᠬᠦ ᠵᠠᠩᠬᠢᠯᠠᠭ᠎ᠠ᠎ᠶᠢᠨ ᠴᠠᠭ ᠦᠶ᠎ᠠ᠎ᠳ᠋ᠤ ᠵᠦᠪᠬᠡᠨ ᠠᠮᠠᠨ ᠳᠡᠬᠡᠷ᠎ᠡ᠎ᠪᠠᠨ ᠴᠢᠬᠤᠯᠠᠴᠢᠯᠠᠭᠠᠳ ᠠᠵᠢᠯ ᠲᠠᠬᠡᠷ᠎ᠠ᠎ᠪᠠᠨ ᠬᠠᠰᠢ ᠶᠠᠰᠢ ᠪᠠᠢᠵᠤ ᠪᠤᠯᠬᠤ ᠦᠬᠡᠢ ᠃ ᠬᠠᠷᠢᠭᠤᠴᠠᠯᠭ᠎ᠠ ᠲᠤᠯᠭᠠᠬᠤ ᠪᠤᠯ ᠰᠡᠷᠡᠮᠵᠢ᠎ᠶᠢᠨ ᠬᠤᠩᠬᠤ ᠂ ᠪᠠᠰᠠ ᠴᠤ ᠴᠢᠩᠭ᠎ᠠ ᠱᠠᠭᠠᠷᠳᠠᠯᠭ᠎ᠠ ᠮᠦᠨ ᠃ ᠪᠦᠬᠦ ᠤᠷᠤᠨ ‍ᠤ ᠡᠯ᠎ᠠ ᠱᠠᠳᠤᠨ ‍ᠤ ᠨᠡᠮ ‍ᠤᠨ ᠤᠳᠤᠷᠢᠳᠬᠤ ᠳᠤᠭᠤᠢᠯᠠᠩ ᠪᠤᠯᠤᠨ ᠦᠷᠬᠡᠨ ᠤᠯᠠᠨ ᠨᠠᠮ ‍ᠤᠨ ᠬᠡᠰᠢᠬᠦᠨ ᠺᠠᠳ᠋ᠷ ᠂ ᠤᠨᠴᠠᠭᠠᠢᠯᠠᠨ ᠤᠳᠤᠷᠢᠳᠬᠤ ᠺᠠᠳ᠋ᠷᠴᠤᠳ ᠡᠬᠦᠨ᠎ᠢᠶᠠᠷ ᠳᠤᠯᠢ ᠪᠤᠯᠭᠠᠨ ᠰᠤᠷᠭᠠᠮᠵᠢ ᠠᠪᠴᠤ ᠂ ᠤᠯᠤᠰ ᠲᠦᠷᠦ᠎ᠶᠢᠨ ᠰᠠᠬᠢᠯᠭ᠎ᠠ ᠪᠠᠳᠤ ᠪᠠ ᠠᠵᠢᠯ ‍ᠤᠨ ᠰᠠᠬᠢᠯᠭ᠎ᠠ ᠪᠠᠳᠤ᠎ᠶᠢ ᠴᠢᠩᠳᠠᠯᠠᠨ ᠬᠠᠷᠢᠭᠤᠴᠠᠯᠭ᠎ᠠ ᠡᠬᠦᠷᠬᠡᠯᠡᠯ ‍ᠢ ᠴᠢᠩᠭᠠᠳᠬᠠᠵᠤ ᠂ ᠠᠵᠢᠯ ‍ᠤᠨ ᠰᠤᠷᠳᠠᠯ᠎ᠢᠶᠡᠨ ᠰᠠᠢᠵᠢᠷᠠᠭᠤᠯᠤᠨ ᠂ ᠠᠵᠢᠯ ‍ᠤᠨ ᠬᠠᠷᠢᠭᠤᠴᠠᠯᠭ᠎ᠠ᠎ᠪᠠᠨ ᠪᠠᠷᠢᠮᠳᠠᠯᠠᠬᠤ ᠂ ᠠᠵᠢᠯ ‍ᠤᠨ ᠬᠠᠷᠢᠭᠤᠴᠠᠯᠭ᠎ᠠ᠎ᠪᠠᠨ ᠡᠬᠦᠷᠬᠡᠯᠡᠬᠦ ᠂ ᠠᠵᠢᠯ ‍ᠤᠨ ᠬᠠᠷᠢᠭᠤᠴᠠᠯᠭ᠎ᠠ᠎ᠪᠠᠨ ᠭᠦᠢᠴᠡᠳᠭᠡᠬᠦ᠎ᠶᠢ ᠦᠨᠡᠨ ᠬᠦ ᠪᠠᠶᠡᠯᠡᠬᠦᠯᠵᠤ ᠂ ᠬᠢᠵᠢᠭ ‍ᠤᠨ ᠪᠠᠢᠳᠠᠯ ‍ᠤᠨ ᠰᠡᠷᠬᠡᠢᠯᠡᠯᠳᠡ᠎ᠶᠢᠨ ᠱᠤᠭᠤᠮ ‍ᠢ ᠪᠠᠳᠤ ᠴᠤᠭᠴᠠᠯᠠᠬᠤ ᠬᠡᠷᠡᠭᠳᠡᠢ ᠃
ᠬᠢᠵᠢᠭ ‍ᠤᠨ ᠪᠠᠢᠳᠠᠯ ‍ᠢ ᠰᠡᠷᠬᠡᠢᠯᠡᠨ ᠡᠵᠡᠮᠳᠡᠬᠦ ᠪᠤᠯ ᠬᠠᠳᠠᠭᠤ ᠳᠠᠢᠯᠠᠯᠳᠤᠭᠠᠨ ᠮᠦᠨ ᠂ ᠬᠤᠭᠤᠰᠤᠨ ᠤᠷᠢᠶ᠎ᠠ ᠬᠠᠰᠬᠢᠷᠤᠭᠠᠳ ᠬᠢᠵᠢᠭ ‍ᠢ ᠰᠡᠷᠬᠡᠢᠯᠡᠨ ᠡᠵᠡᠮᠳᠡᠬᠦ ᠳᠤᠬᠢᠶᠠᠯ ‍ᠢ ᠡᠵᠡᠮᠳᠡᠵᠦ ᠳᠡᠢᠯᠬᠦ ᠦᠬᠡᠢ ᠶᠤᠮ ᠃ ᠠᠵᠢᠯ᠎ᠢᠶᠡᠨ ᠲᠦᠬᠦᠮᠬᠡᠨ ᠬᠢᠵᠦ ᠪᠤᠳᠠᠳᠠᠢ ᠠᠰᠠᠭᠤᠳᠠᠯ ‍ᠢ ᠰᠢᠢᠳᠪᠦᠷᠢᠯᠡᠬᠦ ᠦᠬᠡᠢ ᠶᠤᠮ ᠪᠤᠯ ᠰᠡᠷᠬᠡᠢᠯᠡᠨ ᠡᠵᠡᠮᠳᠡᠬᠦ ᠠᠵᠢᠯ᠎ᠳ᠋ᠤ ᠬᠡᠷᠬᠢᠨ ᠪᠤᠳᠠᠳᠤ ᠦᠷ᠎ᠠ ᠠᠰᠢᠭ ᠤᠯᠵᠤ ᠴᠢᠳᠠᠬᠤ ᠪᠤᠢ ⁈ ᠰᠤᠬᠤᠷ ᠪᠠᠯᠠᠢ᠎ᠪᠠᠷ ᠪᠠᠶᠠᠰᠤᠩᠭᠤᠢ ᠬᠠᠨᠳᠤᠵᠤ ᠂ ᠡᠬᠦᠷᠬᠡ ᠬᠠᠷᠢᠭᠤᠯᠭ᠎ᠠ᠎ᠪᠠᠨ ᠲᠦᠯᠬᠢᠨ ᠂ ᠬᠡᠷᠡᠭ ᠦᠬᠡᠢ ᠶᠠᠪᠤᠳᠠᠯ᠎ᠳ᠋ᠤ ᠮᠠᠷᠭᠤᠯᠳᠤᠬᠤ ᠶᠤᠮ ᠪᠤᠯ ᠬᠢᠵᠢᠭ ‍ᠤᠨ ᠪᠠᠢᠳᠠᠯ ᠦᠷᠬᠦᠯᠵᠢᠯᠡᠬᠦ᠎ᠶᠢ ᠬᠡᠷᠬᠢᠨ ᠬᠤᠷᠢᠭᠯᠠᠵᠤ ᠴᠢᠳᠠᠬᠤ ᠪᠤᠢ ⁈ ᠠᠵᠢᠯ ‍ᠤᠨ ᠬᠠᠷᠢᠭᠤᠴᠠᠯᠭ᠎ᠠ᠎ᠪᠠᠨ ᠪᠠᠷᠢᠮᠳᠠᠯᠠᠬᠤ ᠂ ᠠᠵᠢᠯ ‍ᠤᠨ ᠬᠠᠷᠢᠭᠤᠴᠠᠯᠭ᠎ᠠ᠎ᠪᠠᠨ ᠡᠬᠦᠷᠬᠡᠯᠡᠬᠦ ᠂ ᠠᠵᠢᠯ ‍ᠤᠨ ᠬᠠᠷᠢᠭᠤᠴᠠᠯᠭ᠎ᠠ᠎ᠪᠠᠨ ᠭᠦᠢᠴᠡᠳᠭᠡᠬᠦ᠎ᠳ᠋ᠤ ᠦᠨᠡᠨ ᠬᠦ ᠠᠳᠬᠤᠵᠤ ᠪᠤᠳᠠᠳᠠᠢ ᠠᠵᠢᠯᠯᠠᠬᠤ ᠴᠢᠬᠤᠯᠠᠳᠠᠢ ᠃ ᠡᠯ᠎ᠡ ᠱᠠᠲᠤᠨ ‍ᠤ ᠨᠠᠮ ‍ᠤᠨ ᠭᠡᠰᠢᠭᠦᠨ ᠺᠠᠳ᠋ᠷᠴᠤᠳ ᠡᠷᠬᠡᠪᠰᠢ ᠡᠷᠴᠢ ᠵᠤᠷᠢᠬ᠎ᠢᠶᠡᠨ ᠬᠦᠪᠴᠢᠯᠡᠨ ᠴᠠᠭ ᠢᠮᠠᠭᠲᠠ ᠲᠠᠢᠯᠠᠯᠳᠤᠭᠠᠨ᠎ᠳ᠋ᠤ ᠭᠠᠷᠬᠤ᠎ᠪᠠᠷ ᠪᠡᠯᠡᠬᠡᠨ ᠪᠠᠶᠢᠵᠤ ᠂ ᠪᠣᠳᠠᠲᠠᠶ᠎ᠡᠴᠠ ᠭᠠᠷᠳᠠᠨ ᠨᠠᠷᠢᠨ ᠵᠦᠢᠯᠡᠰ᠎ᠲᠤ ᠬᠦᠴᠦ ᠣᠷᠣᠭᠤᠯᠵᠤ ᠂ ᠪᠣᠳᠠᠲᠠᠶ ᠠᠷᠭ᠎ᠠ ᠶᠢ ᠰᠤᠳᠤᠯᠤᠨ ᠪᠣᠳᠠᠲᠠᠶ ᠬᠠᠷᠢᠭᠤᠴᠠᠯᠭ᠎ᠠ ᠶᠢ ᠲᠣᠳᠣᠷᠬᠠᠶᠢᠯᠠᠵᠤ ᠂ ᠨᠢᠭᠡ ᠱᠠᠳᠤ᠎ᠨᠢ ᠨᠢᠭᠡ ᠱᠠᠳᠤ᠎ᠪᠠᠨ ᠳᠠᠭᠠᠭᠤᠯᠤᠨ ᠨᠢᠭᠡ ᠨᠢᠭᠡ ᠭᠣᠭᠴᠣᠭ᠎ᠠ᠎ᠪᠠᠷ ᠠᠳᠬᠤᠵᠤ ᠂ ᠡᠯ᠎ᠡ ᠵᠦᠢᠯ ‍ᠤᠨ ᠰᠡᠷᠭᠡᠶᠢᠯᠡᠨ ᠡᠵᠡᠮᠳᠡᠬᠦ ᠠᠵᠢᠯ ‍ᠢ ᠦᠨᠡᠨ ᠬᠦ ᠪᠣᠳᠠᠲᠠᠶ᠎ᠳ᠋ᠤ ᠨᠠᠶᠢᠳᠠᠪᠤᠷᠢᠵᠢᠭᠤᠯᠬᠤ ᠬᠡᠷᠡᠭᠲᠡᠶ ᠃ ᠡᠨᠡ ᠪᠤᠯ ᠨᠠᠮ ‍ᠤᠨ ᠭᠡᠰᠢᠭᠦᠨ ᠺᠠᠳ᠋ᠷᠴᠤᠳ ‍ᠤᠨ ᠡᠭᠦᠷᠭᠡ ᠬᠠᠷᠢᠭᠤᠴᠠᠯᠭ᠎ᠠ ᠪᠣᠯᠬᠤ ᠮᠥᠷᠲᠡᠭᠡᠨ ᠪᠠᠰᠠ ᠴᠤ ᠬᠢᠵᠢᠭ ‍ᠤᠨ ᠪᠠᠶᠢᠳᠠᠯ ‍ᠢ ᠰᠡᠷᠭᠡᠶᠢᠯᠡᠨ ᠡᠵᠡᠮᠳᠡᠵᠤ ᠬᠣᠷᠢᠭᠯᠠᠨ ᠠᠷᠢᠯᠭᠠᠬᠤ ᠲᠠᠢᠯᠠᠯᠳᠤᠭᠠᠨ ‍ᠤ ᠢᠯᠠᠯᠲᠠ᠎ᠶᠢ ᠤᠯᠬᠤ ᠶᠢᠨ ᠵᠠᠶᠢᠯᠠᠰᠢ ᠦᠭᠡᠢ ᠱᠠᠭᠠᠷᠳᠠᠯᠭ᠎ᠠ ᠶᠤᠮᠰᠠᠨ ᠃
ᠨᠢᠭᠡ ᠬᠦᠮᠦᠨ᠎ᠳ᠋ᠤ ᠬᠠᠷᠢᠭᠤᠴᠠᠯᠭ᠎ᠠ ᠲᠤᠯᠭᠠᠵᠤ ᠨᠢᠭᠡ ᠪᠦᠯᠦᠭ ᠬᠦᠮᠤᠨ᠎ᠳ᠋ᠤ ᠰᠡᠷᠡᠮᠵᠢ᠎ᠶᠢᠨ ᠲᠤᠬᠢᠶ᠎ᠠ ᠬᠠᠩᠬᠢᠨᠠᠭᠤᠯᠤᠨ᠎ᠠ ᠃ ᠬᠠᠳᠠᠭᠤ ᠴᠢᠩᠭ᠎ᠠ᠎ᠪᠠᠷ ᠬᠠᠷᠢᠭᠤᠴᠠᠯᠭ᠎ᠠ ᠲᠤᠯᠭᠠᠬᠤ ᠪᠣᠯ ᠬᠠᠷᠢᠭᠤᠴᠠᠯᠭ᠎ᠠ᠎ᠪᠠᠨ ᠭᠦᠢᠴᠡᠳᠬᠡᠬᠦ ᠶᠢᠨ ᠲᠥᠯᠥᠭᠡ ᠶᠤᠮ ᠃ ᠲᠠᠢᠯᠠᠯᠳᠤᠭᠠᠨ ‍ᠤ ᠴᠢᠬᠤᠯᠠ ᠴᠠᠭ ᠮᠥᠴᠡ ᠪᠣᠯᠬᠤ ᠲᠤᠳᠤᠮ ᠰᠡᠷᠭᠡᠶᠢᠯᠡᠨ ᠡᠵᠡᠮᠳᠡᠵᠦ ᠬᠢᠨᠠᠯᠲᠠ ᠲᠠᠯᠪᠢᠬᠤ ᠠᠵᠢᠯ ‍ᠢ ᠤᠯᠠᠮ ᠡᠷᠡᠰ ᠪᠠᠲᠤ ᠴᠢᠩᠭ᠎ᠠ ᠬᠦᠴᠦᠲᠡᠢ ᠰᠠᠶᠢᠲᠤᠷ ᠬᠢᠬᠦ ᠬᠡᠷᠡᠭᠲᠡᠢ ᠃ ᠡᠯ᠎ᠡ ᠱᠠᠲᠤᠨ ‍ᠤ ᠰᠠᠬᠢᠯᠭ᠎ᠠ ᠪᠠᠲᠤ ᠪᠠᠶᠢᠴᠠᠭᠠᠬᠤ ᠬᠢᠨᠠᠨ ᠪᠠᠶᠢᠴᠠᠭᠠᠬᠤ ᠪᠠᠶᠢᠭᠤᠯᠭ᠎ᠠ᠎ᠶᠢᠨ᠎ᠬᠢᠨ ᠨᠢᠭᠡᠳᠦᠭᠡᠷ ᠹᠷᠣᠨᠲ᠎ᠲᠤ ᠭᠦᠨᠵᠡᠭᠡᠶᠢᠷᠡᠨ ᠬᠢᠨᠠᠯᠲᠠ ᠲᠠᠯᠪᠢᠵᠤ ᠂ ᠬᠢᠵᠢᠭ ‍ᠤᠨ ᠪᠠᠶᠢᠳᠠᠯ ‍ᠢ ᠡᠰᠡᠷᠭᠦᠴᠡᠬᠦ ᠠᠵᠢᠯ ᠬᠠᠮᠢᠭ᠎ᠠ ᠪᠠᠢᠪᠠᠯ ᠬᠢᠨᠠᠯᠲᠠ ᠲᠠᠯᠪᠢᠬᠤ ᠪᠠᠲᠤᠯᠠᠭ᠎ᠠ ᠶᠢ ᠲᠡᠨᠳᠡ ᠬᠦᠷᠬᠡᠵᠤ ᠂ ᠬᠣᠭᠣᠰᠣᠨ ᠤᠷᠢᠶ᠎ᠠ ᠬᠠᠰᠬᠢᠷᠤᠭᠰᠠᠳ ᠂ ᠨᠠᠵᠠᠭᠠᠶ᠎ᠪᠠᠷ ᠠᠷᠭᠠᠴᠠᠭᠠᠬᠰᠠᠳ᠎ᠲᠤ ᠴᠥᠮ ᠬᠠᠷᠢᠭᠤᠴᠠᠯᠭ᠎ᠠ ᠲᠤᠯᠭᠠᠵᠤ ᠂ ᠠᠵᠢᠯ᠎ᠢᠶᠡᠨ ᠦᠯᠦ ᠬᠢᠭᠰᠡᠳ ᠂ ᠠᠯᠮᠠᠢᠷᠠᠨ ᠬᠤᠢᠷᠭᠤᠰᠢᠬᠰᠠᠳ ᠂ ᠲᠤᠷ᠎ᠠ᠎ᠪᠠᠷ᠎ᠢᠶᠡᠨ ᠦᠢᠯᠡᠳᠦᠭᠰᠡᠳ ᠂ ᠬᠠᠭᠤᠷᠮᠠᠭᠯᠠᠨ ᠬᠢᠭᠰᠡᠳ᠎ᠲᠤ ᠴᠥᠮ ᠴᠢᠩᠭ᠎ᠠ ᠬᠠᠷᠢᠭᠤᠴᠠᠯᠭ᠎ᠠ ᠲᠤᠯᠭᠠᠵᠤ ᠂ ᠬᠠᠷᠢᠭᠤᠴᠠᠯᠭ᠎ᠠ᠎ᠪᠠᠨ ᠠᠯᠳᠠᠵᠤ ᠲᠤᠰᠢᠶᠠᠯ ᠢᠶᠠᠨ ᠭᠤᠲᠤᠭᠠᠭᠰᠠᠳ ‍ᠢ ᠴᠥᠮ ᠡᠷᠡᠰ ᠪᠠᠶᠢᠴᠠᠭᠠᠨ ᠰᠢᠶᠳᠪᠦᠷᠢᠯᠡᠬᠦ ᠬᠡᠷᠡᠭᠲᠡᠶ ᠃ ᠬᠠᠮᠤᠭ ‍ᠤᠨ ᠴᠢᠩᠭ᠎ᠠ ᠠᠷᠭ᠎ᠠ ᠬᠡᠮᠵᠢᠶ᠎ᠡ᠎ᠪᠠᠷ ᠬᠠᠷᠢᠭᠤᠴᠠᠯᠭ᠎ᠠ ᠶᠢ ᠴᠢᠩᠳᠠᠯᠠᠵᠤ ᠂ ᠬᠠᠮᠤᠭ ‍ᠤᠨ ᠴᠢᠩᠭ᠎ᠠ ᠰᠤᠷᠲᠠᠯ᠎ᠢᠶᠠᠷ ᠬᠢᠨᠠᠯᠲᠠ ᠶᠢ ᠴᠢᠩᠭᠠᠳᠬᠠᠨ ᠂ ᠬᠠᠮᠤᠭ ‍ᠤᠨ ᠴᠢᠩᠭ᠎ᠠ ᠰᠠᠬᠢᠯᠭ᠎ᠠ ᠪᠠᠲᠤ᠎ᠪᠠᠷ ᠬᠠᠷᠢᠭᠤᠴᠠᠯᠭ᠎ᠠ ᠲᠤᠯᠭᠠᠵᠤ ᠂ ᠡᠯ᠎ᠡ ᠵᠦᠢᠯ ‍ᠤᠨ ᠬᠡᠯᠪᠡᠷᠢᠴᠢ ᠦᠵᠡᠯ ᠂ ᠨᠣᠶᠠᠨᠴᠢ ᠰᠤᠷᠲᠠᠯ ‍ᠢ ᠡᠷᠡᠰ ᠬᠤᠷᠢᠬᠯᠠᠪᠠᠯ ᠰᠠᠶᠢ ᠬᠢᠵᠢᠭ ‍ᠢ ᠰᠡᠷᠭᠡᠶᠢᠯᠡᠵᠦ ᠬᠢᠵᠢᠭ ‍ᠢ ᠡᠰᠡᠷᠭᠦᠴᠡᠬᠦ ᠪᠤᠯᠤᠳ ᠬᠡᠷᠡᠮ ‍ᠢ ᠪᠠᠲᠤ ᠴᠣᠭᠴᠠᠯᠠᠨ ᠂ ᠠᠷᠠᠳ ᠲᠦᠮᠡᠨ ‍ᠤ ᠡᠷᠡᠭᠦᠯ ᠮᠡᠨᠳᠦ ᠶᠢ ᠦᠨᠡᠨ ᠬᠦ ᠰᠠᠶᠢᠲᠤᠷ ᠬᠠᠮᠠᠭᠠᠯᠠᠵᠤ ᠴᠢᠳᠠᠨ᠎ᠠ ᠃
ᠸᠢᠷᠦ᠋ᠰ ᠠᠶᠤᠮᠰᠢᠭᠲᠠᠢ ᠪᠢᠰᠢ ᠂ ᠬᠠᠷᠢᠭᠤᠴᠠᠯᠭ᠎ᠠ᠎ᠪᠠᠨ ᠠᠯᠳᠠᠪᠠᠯ ᠠᠶᠤᠮᠰᠢᠭᠳᠠᠢ ︔ ᠬᠢᠵᠢᠭ ‍ᠤᠨ ᠪᠠᠶᠢᠳᠠᠯ ᠠᠶᠤᠮᠰᠢᠬᠲᠠᠢ ᠪᠢᠰᠢ ᠂ ᠲᠡᠮᠡᠴᠡᠯ ‍ᠤᠨ ᠵᠣᠷᠢᠭ᠎ᠢᠶᠡᠨ ᠠᠯᠳᠠᠪᠠᠯ ᠠᠶᠤᠮᠰᠢᠬᠲᠠᠢ ᠃ ᠠᠭᠤᠤ ᠢᠯᠠᠯᠲᠠ᠎ᠶᠢ ᠲᠡᠮᠡᠴᠡᠨ ᠤᠯᠬᠤᠦᠭᠡᠢ ᠪᠤᠯ ᠠᠯᠲᠠᠨ ᠬᠤᠶᠠᠭ᠎ᠢᠶᠡᠨ ᠴᠤᠭᠤᠷᠠᠳᠠᠯ᠎ᠠ ᠪᠠᠢᠯᠳᠤᠬᠤ᠎ᠡᠴᠠ ᠦᠯᠦ ᠪᠤᠴᠠᠮᠤᠢ ᠃ ᠡᠭᠦᠷᠭᠡᠯᠡᠪᠡᠰᠤ ᠵᠤᠬᠢᠬᠤ ᠬᠠᠷᠢᠭᠤᠴᠠᠯᠭ᠎ᠠ᠎ᠪᠠᠨ ᠦᠨᠡᠨ ᠬᠦ ᠡᠭᠦᠷᠭᠡᠯᠡᠵᠦ ᠂ ᠪᠣᠳᠠᠲᠠᠶ᠎ᠡᠴᠠ ᠪᠤᠳᠠᠳᠠᠢ ᠠᠵᠢᠯ ‍ᠤᠨ ᠰᠤᠷᠳᠠᠯ ᠂ ᠨᠠᠷᠢᠯᠢᠬ᠎ᠡᠴᠠ ᠨᠠᠷᠢᠯᠢᠬ ᠠᠵᠢᠯ ‍ᠤᠨ ᠬᠡᠮᠵᠢᠶ᠎ᠡ᠎ᠪᠠᠷ ᠡᠯ᠎ᠡ ᠵᠦᠶᠯ ‍ᠤᠨ ᠰᠡᠷᠭᠡᠶᠢᠯᠡᠨ ᠡᠵᠡᠮᠳᠡᠬᠦ ᠠᠵᠢᠯ ‍ᠢ ᠦᠨᠡᠨ ᠬᠦ ᠰᠠᠶᠢᠲᠤᠷ ᠬᠢᠴᠢᠬᠡᠪᠠᠯ ᠬᠢᠵᠢᠭ ‍ᠤᠨ ᠪᠠᠢᠳᠠᠯ ‍ᠢ ᠰᠡᠷᠬᠡᠢᠯᠡᠨ ᠡᠵᠡᠮᠳᠡᠬᠦ ᠠᠷᠠᠳ ‍ᠤᠨ ᠲᠠᠢᠨ ᠂ ᠶᠡᠷᠤᠩᠬᠡᠢ ᠲᠠᠢᠯᠠᠯᠲᠤᠭᠠᠨ ᠂ ᠬᠤᠷᠢᠬᠯᠠᠨ ᠠᠷᠢᠯᠭᠠᠬᠤ ᠲᠠᠢᠯᠠᠯᠳᠤᠭᠠᠨ ‍ᠤ ᠢᠯᠡᠯᠳᠡ ᠶᠢ ᠤᠯᠬᠤ᠎ᠨᠢ ᠯᠠᠪᠳᠠᠢ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面