2020-02-16 16:17:05
2020 ᠤᠨᠤ ᠬᠠᠯᠳᠠᠪᠤᠷᠢᠳᠦ ᠬᠢᠵᠢᠭ ᠡᠭᠦᠰᠦᠭᠰᠡᠨ ᠶᠡᠷᠦ ᠪᠤᠰᠤᠶᠢᠨ ᠴᠠᠭᠠᠨ ᠰᠠᠷ᠎ᠠ ᠵᠢ ᠲᠡᠮᠳᠡᠭᠯᠡᠪᠡ
ᠴᠧᠨ ᠱᠤᠸᠠᠩ ᠯᠦᠩ
ᠬᠤᠤᠷᠳᠤ ᠬᠢᠵᠢᠭ ᠲᠡᠯᠭᠡᠷᠡᠭᠰᠡᠨ ᠴᠠᠭᠠᠨ ᠰᠠᠷ᠎ᠠ
ᠬᠤᠳᠠᠯᠠ ᠲᠦᠮᠡᠨᠢ ᠠᠶᠤᠨ ᠬᠡᠯᠮᠡᠭᠳᠡᠭᠦᠯᠦᠭᠰᠡᠨ ᠴᠠᠭᠠᠨ ᠰᠠᠷ᠎ᠠ
ᠬᠠᠭᠠᠯᠭ᠎ᠠ ᠡᠭᠦᠳᠡᠪᠡᠨ ᠲᠠᠷᠤᠵᠤ ᠰᠠᠭᠤᠭᠰᠠᠨ ᠴᠠᠭᠠᠨ ᠰᠠᠷ᠎ᠠ
ᠬᠤᠳᠠᠯᠳᠤᠭ᠎ᠠ ᠲᠡᠯᠭᠡᠭᠦᠷ ᠡᠭᠦᠳᠡᠪᠡᠨ ᠬᠠᠭᠠᠭᠰᠠᠨ ᠴᠠᠭᠠᠨ ᠰᠠᠷ᠎ᠠ
ᠠᠭᠠᠷ ᠠᠮᠢᠰᠬᠤᠯᠡᠴᠠ ᠡᠮᠢᠶᠡᠨ ᠠᠮᠠᠪᠴᠢ ᠵᠡᠭᠦᠭᠰᠡᠨ ᠴᠠᠭᠠᠨ ᠰᠠᠷ᠎ᠠ
ᠠᠨᠳᠠ ᠨᠦᠬᠦᠳ ᠲᠠᠢᠪᠠᠨ ᠤᠯᠵᠤ ᠨᠠᠢᠷᠠᠯᠳᠤᠬᠤ ᠦᠭᠡᠢ ᠴᠠᠭᠠᠨ ᠰᠠᠷ᠎ᠠ
ᠠᠷᠠᠳ ᠲᠦᠮᠡᠨ ᠡᠩᠬᠡ ᠶᠢᠨ ᠬᠢᠯᠢ ᠵᠢ ᠪᠠᠬᠢᠯᠡᠵᠦ ᠵᠤᠭᠰᠤᠭᠰᠠᠨ ᠴᠠᠭᠠᠨ ᠰᠠᠷ᠎ᠠ
ᠠᠯᠳᠠᠨ ᠲᠡᠯᠡᠬᠡᠢᠳ᠋ᠦ ᠬᠤᠪᠤᠷᠬᠠᠨ ᠲᠤᠬᠢᠶᠠᠯᠳᠤᠳᠠᠭ ᠬᠠᠳᠠᠭᠤᠬᠠᠨ ᠴᠠᠭᠠᠨ ᠰᠠᠷ᠎ᠠ
ᠰᠢᠨᠤᠬᠠᠢ ᠬᠤᠪᠳᠤᠭ ᠨᠢᠭᠦᠯᠳᠡᠳᠦᠨ ᠬᠤᠤᠷᠢ ᠠᠮᠰᠠᠭᠰᠠᠨ ᠴᠠᠭᠠᠨ ᠰᠠᠷ᠎ᠠ
ᠰᠢᠩᠬᠡᠯᠢᠭᠲᠦ ᠬᠤᠷᠢᠭᠳᠠᠭᠰᠠᠨ ᠪᠤᠯᠵᠤᠮᠤᠷ ᠰᠢᠭ᠋ ᠨᠢᠯᠪᠤᠰᠤ ᠬᠤᠷᠠᠭᠰᠠᠨ ᠴᠠᠭᠠᠨ ᠰᠠᠷ᠎ᠠ
ᠬᠠᠨ ᠲᠡᠯᠡᠬᠡᠢᠶᠢ ᠲᠤᠷᠭᠢᠭᠤᠯᠤᠭᠰᠠᠨ ᠦᠢᠮᠡᠭᠡᠨᠳᠦ ᠴᠠᠭᠠᠨ ᠰᠠᠷ᠎ᠠ
ᠬᠠᠷ᠎ᠠ ᠲᠡᠷᠢᠭᠦᠳᠡᠨᠢ ᠬᠠᠮᠤᠭ ᠠᠮᠢᠳᠠᠳᠢᠶᠡᠨ ᠡᠨᠡᠷᠢᠵᠦ ᠪᠠᠢ ᠭᠡᠰᠡᠨ ᠴᠠᠭᠠᠨ ᠰᠠᠷ᠎ᠠ
ᠬᠠᠢᠷ᠎ᠠ ᠬᠤᠮᠰᠠᠳᠠᠭᠰᠠᠨ ᠢᠷᠭᠡᠳᠲᠤ ᠨᠢᠭᠦᠯ ᠪᠤᠶᠠᠨᠢ ᠲᠠᠨᠢᠭᠤᠯᠤᠭᠰᠠᠨ ᠴᠠᠭᠠᠨ ᠰᠠᠷ᠎ᠠ
ᠬᠤᠷᠸᠠᠶᠢᠷᠳᠢᠨᠴᠦ ᠶᠢᠨ ᠬᠦᠮᠦᠰᠲᠦ ᠤᠬᠠᠭ᠎ᠠ ᠨᠡᠮᠡᠭᠰᠡᠨ ᠴᠠᠭᠠᠨ ᠰᠠᠷ᠎ᠠ
ᠤᠳᠤᠭ᠎ᠠ ᠦᠭᠡᠢ ᠲᠡᠢᠨ ᠦᠷᠬᠦᠯᠵᠢᠯᠡᠭᠰᠡᠨ ᠴᠠᠭᠠᠨ ᠰᠠᠷ᠎ᠠ
ᠤᠯᠤᠰ ᠭᠡᠷᠦᠨ ᠬᠦᠭᠵᠢᠯᠳᠡᠳ᠋ᠦ ᠬᠢᠮᠤᠷᠠᠯ ᠪᠤᠯᠤᠭᠰᠠᠨ ᠴᠠᠭᠠᠨ ᠰᠠᠷ᠎ᠠ
ᠤᠳᠠᠴᠢᠶᠢᠨ ᠡᠯᠴᠢ ᠡᠮᠴᠢ ᠨᠠᠷᠤᠨ ᠠᠮᠢᠪᠠᠨ ᠴᠦᠯᠡᠨ ᠲᠡᠮᠡᠴᠡᠭᠰᠡᠨ ᠴᠠᠭᠠᠨ ᠰᠠᠷ᠎ᠠ
ᠤᠷᠰᠢᠭ ᠲᠦᠪᠡᠭ ᠬᠢᠭᠰᠡᠳᠲᠤ ᠵᠠᠯᠬᠠᠭᠠᠯ ᠶᠠᠪᠤᠭᠤᠯᠤᠭᠰᠠᠨ ᠴᠠᠭᠠᠨ ᠰᠠᠷ᠎ᠠ
ᠬᠦᠨᠦᠭᠡᠯᠳᠦ ᠬᠢᠵᠢᠭ ᠲᠡᠢ ᠡᠰᠡᠷᠭᠦᠴᠡᠨ ᠪᠠᠢᠯᠳᠤᠭᠰᠠᠨ ᠴᠠᠭᠠᠨ ᠰᠠᠷ᠎ᠠ
ᠬᠤᠪᠢᠯᠭᠠᠨ ᠡᠮᠴᠢ ᠬᠤᠸᠠ ᠲᠦᠧᠧᠶᠢ ᠰᠠᠨᠠᠭᠳᠠᠭᠤᠯᠤᠭᠰᠠᠨ ᠴᠠᠭᠠᠨ ᠰᠠᠷ᠎ᠠ
ᠬᠦᠷᠬᠦ ᠢᠷᠡᠭᠡᠳᠦᠢᠶᠢᠨ ᠵᠠᠮᠳ᠋ᠤ ᠲᠤᠱᠠ ᠪᠤᠯᠤᠭᠰᠠᠨ ᠴᠠᠭᠠᠨ ᠰᠠᠷ᠎ᠠ
ᠬᠦᠮᠦᠨ ᠪᠦᠬᠦᠨᠦ ᠰᠡᠳᠬᠢᠯᠢ ᠨᠢᠭᠦᠯᠡᠰᠦᠩᠭᠦᠢ ᠪᠤᠯᠭᠠᠬᠤ ᠴᠠᠭᠠᠨ ᠰᠠᠷ᠎ᠠ
ᠴᠠᠭᠠᠨ ᠬᠤᠯᠤᠭᠠᠨ᠎ᠠ ᠵᠢᠯᠠᠶᠤᠯ ᠶᠡᠬᠡᠳᠡᠢ ᠭᠡᠬᠦ ᠬᠤᠳᠠᠯ ᠴᠤᠤᠷᠬᠠᠯ ᠲᠡᠭᠳᠡᠭᠰᠡᠨ ᠴᠠᠭᠠᠨ ᠰᠠᠷ᠎ᠠ
ᠴᠠᠭᠯᠠᠰᠢ ᠦᠭᠡᠢ ᠵᠢᠷᠭᠠᠯᠳ᠋ᠠᠭᠠᠨ ᠰᠤᠨᠤᠷ ᠰᠡᠷᠡᠮᠵᠢ ᠲᠡᠢ ᠶᠠᠪᠤ᠋ ᠭᠡᠰᠡᠨ ᠴᠠᠭᠠᠨ ᠰᠠᠷ᠎ᠠ
ᠴᠠᠭᠠᠨ ᠰᠠᠷ᠎ᠠ ᠪᠤᠯᠭᠠᠨ ᠲᠠᠢ ᠲᠠᠭᠠᠷᠠᠬᠤ ᠦᠭᠡᠢ ᠴᠠᠭᠠᠨ ᠰᠠᠷ᠎ᠠ
ᠴᠠᠭᠠᠨ ᠬᠤᠯᠤᠭᠠᠨ᠎ᠠ ᠵᠢᠯᠦᠨ ᠤᠮᠠᠷᠳᠠᠭᠳᠠᠰᠢ ᠦᠭᠡᠢ ᠴᠠᠭᠠᠨ ᠰᠠᠷ᠎ᠠ ᠡ
ᠵᠤᠬᠢᠶᠠᠭᠴᠢ᠎ᠶᠢᠨ ᠬᠠᠢᠭ ᠄ ᠬᠢᠩᠭᠠᠨ ᠠᠢᠮᠠᠭ ᠤᠨ ᠵᠠᠯᠠᠢᠳ ᠬᠤᠰᠢᠭᠤᠨᠤ
ᠠᠷᠪᠠᠡᠭᠡᠷ ᠭᠤᠤᠯ ᠰᠤᠷᠭᠠᠭᠤᠯᠢ
ᠬᠠᠷᠢᠯᠴᠠᠬᠤ ᠤᠳᠠᠰᠤ ᠄ 13847996563
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠠᠷᠢᠭᠤᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃