2020-02-16 16:16:29
᠊᠊᠊᠊᠊᠊᠊᠊ ᠦᠬᠠᠨ ᠳ᠋ᠤ ᠡᠭᠦᠰᠦᠭᠰᠡᠨ ᠲᠢᠳᠢᠮᠯᠢᠭ ᠸᠢᠷᠦᠢᠰ ᠤᠨ ᠬᠢᠵᠢᠭ ᠢ ᠡᠰᠡᠷᠭᠦᠴᠡᠬᠦ ᠪᠠᠷ ᠲᠡᠮᠡᠴᠡᠵᠦ ᠪᠠᠢᠭ᠎ᠠ ᠪᠦᠬᠦ ᠡᠮᠴᠢ ᠰᠤᠪᠢᠯᠠᠭᠴᠢ ᠳ᠋ᠠᠭᠠᠨ ᠵᠤᠷᠢᠭᠤᠯᠪᠡ
ᠴᠧᠨ ᠱᠤᠸᠠᠩ ᠯᠦᠩ
ᠡᠮᠴᠢ ᠬᠦᠮᠦᠨ ᠊᠊᠊᠊
ᠡᠵᠡᠨ ᠲᠦᠷᠦ ᠶᠢᠨ ᠰᠢᠳᠦᠷᠭᠤ ᠡᠯᠴᠢ
ᠡᠩᠬᠡ ᠲᠠᠢᠪᠤᠩ ᠤᠨ ᠴᠠᠭᠠᠨ ᠲᠠᠭᠳᠠᠭ᠎ᠠ
ᠡᠪᠡᠳᠴᠢᠨ ᠬᠢᠵᠢᠭ ᠤᠨ ᠲᠠᠷᠤᠯᠠᠭᠴᠢ
ᠡᠨᠡᠬᠡᠨ ᠬᠤᠷᠸ᠎ᠠ ᠶᠢᠨ ᠵᠢᠷᠭᠠᠯ ᠤᠨ ᠢᠯᠴᠢ
ᠡᠮᠴᠢ ᠬᠦᠮᠦᠨ ᠊᠊᠊᠊
ᠪᠤᠳᠤᠯ ᠰᠡᠳᠬᠢᠯ ᠢ ᠲᠤᠯᠢᠳᠠᠭᠴᠢ
ᠪᠤᠬᠢᠨᠢᠳᠤᠯ ᠵᠤᠪᠠᠨᠢᠯ ᠢ ᠠᠷᠢᠯᠭᠠᠭᠴᠢ
ᠪᠤᠶᠠᠨ ᠤ ᠦᠢᠯᠡ ᠲᠠᠷᠢᠭᠴᠢ
ᠪᠤᠷᠬᠠᠨ ᠤ ᠤᠷᠤᠨ ᠡᠴᠠ ᠢᠪᠡᠭᠡᠵᠤ ᠬᠠᠢᠷᠠᠯᠠᠭᠰᠠᠨ ᠪᠦᠷᠢᠯᠪᠡ ᠪᠢᠯᠡ
ᠡᠮᠴᠢ ᠬᠦᠮᠦᠨ ᠊᠊᠊
ᠬᠢᠵᠢᠭ ᠤᠨ ᠬᠠᠷᠠᠩᠭᠤᠢ ᠵᠦᠭ ᠴᠠᠬᠢᠯᠤᠨ ᠲᠤᠰᠤᠭᠰᠠᠨ ᠭᠡᠷᠡᠯ
ᠬᠢᠯᠢᠩᠳᠦ ᠸᠢᠷᠦᠢᠰ ᠲᠡᠰᠢ ᠰᠤᠮᠤᠳᠠᠵᠤ ᠭᠢᠯᠠᠰᠤᠭᠰᠠᠨ ᠭᠢᠯᠪᠡᠭᠡᠨ
ᠬᠦᠮᠦᠨ ᠤ ᠶᠢᠷᠳᠢᠨᠴᠦ ᠳ᠋ᠤ ᠢᠯᠡᠭᠡᠭᠰᠡᠨ ᠤᠳᠠᠴᠢ ᠶᠢᠨ ᠡᠯᠴᠢ
ᠬᠦᠷᠦᠰᠦᠳᠦ ᠲᠡᠯᠡᠬᠡᠢ ᠳ᠋ᠤ ᠰᠠᠴᠤᠷᠠᠭᠰᠠᠨ ᠬᠠᠢᠷ᠎ᠠ ᠶᠢᠨ ᠢᠯᠴᠢ
ᠡᠮᠴᠢ ᠬᠦᠮᠦᠨ ᠊᠊᠊᠊᠊
ᠨᠢᠳᠦ ᠦᠭᠡᠢ ᠰᠢᠮᠨᠦᠰ ᠲᠢᠳᠢᠮᠯᠢᠭ ᠸᠢᠷᠦᠢᠰ ᠢ ᠴᠦ
ᠨᠢᠩᠵᠢᠨ ᠰᠡᠳᠭᠢᠯ ᠤᠨ ᠤᠪᠢᠳᠠᠰ ᠡᠷᠳᠡᠮ ᠢᠶ᠋ᠡᠷᠢᠶᠡᠨ
ᠨᠢᠰᠬᠦᠲᠠᠯᠠᠪᠴᠢ ᠶᠢ ᠨᠢ ᠬᠤᠭᠤᠯᠳᠠᠭ ᠤᠮᠤᠭᠳᠤ ᠪᠦᠷᠭᠦᠳ
ᠡᠮᠴᠢ ᠬᠦᠮᠦᠨ ᠊᠊᠊᠊᠊
ᠬᠤᠷᠴᠠ ᠪᠢᠯᠢᠭᠳᠦ ᠠᠨᠠᠭᠠᠬᠤ ᠤᠬᠠᠭᠠᠨ ᠢᠶ᠋ᠡᠷ
ᠬᠤᠷᠸ᠎ᠠ ᠵᠢ ᠲᠤᠩᠭᠠᠯᠠᠭᠰᠢᠭᠤᠯᠳᠠᠭ ᠭᠡᠷᠡᠯᠳᠦ ᠤᠳᠤᠨ
ᠬᠤᠯᠠ ᠤᠢᠷ᠎ᠠ ᠳ᠋ᠠᠭᠠᠨ ᠠᠯᠳᠠᠷ ᠲᠠᠢ ᠠᠮᠢᠨ ᠰᠠᠬᠢᠭᠤᠰᠤ
ᠡᠮᠴᠢ ᠬᠦᠮᠦᠨ ᠊᠊᠊᠊᠊
ᠵᠢᠳᠭᠦᠯ ᠢᠶ᠋ᠡᠷ ᠠᠯᠳᠠᠷᠰᠢᠳᠠᠭ ᠵᠢᠷᠭᠠᠯ ᠤᠨ ᠡᠯᠴᠢ
ᠢᠯᠴᠢ ᠪᠡᠷ ᠰᠠᠴᠤᠷᠠᠳᠠᠭ ᠵᠠᠶᠠᠭᠠᠨ ᠤ ᠤᠯᠠᠭᠠᠨ ᠨᠠᠷᠠ
ᠴᠢᠩ ᠵᠤᠷᠢᠭᠳᠦ ᠡᠷᠳᠡᠮᠳᠡᠨ ᠤ ᠮᠠᠩᠯᠠᠢ
ᠴᠡᠪᠡᠷᠬᠡᠨ ᠰᠡᠳᠬᠢᠯᠳᠤ ᠠᠷᠰᠢ ᠶᠢᠨ ᠪᠦᠷᠢᠯᠸ᠎ᠠ
ᠡᠮᠴᠢ ᠬᠦᠮᠦᠨ ᠊᠊᠊᠊
ᠨᠠᠢᠮᠠᠨ ᠵᠠᠭᠤᠨ ᠤ ᠲᠡᠷᠳᠡᠭᠡ ᠡᠴᠠ
ᠨᠢᠶᠡᠨ ᠬᠢᠵᠢᠭ ᠢ ᠲᠠᠷᠤᠭᠰᠠᠨ ᠠᠭᠤᠤ ᠲᠡᠦᠬᠡ ᠲᠠᠢ
ᠨᠡᠢᠳᠡ ᠲᠠᠶᠠᠭᠠᠷ ᠲᠤ ᠪᠢᠰᠢᠷᠡᠭᠦᠰᠢᠳᠡᠢ
ᠨᠢᠩᠵᠢᠨ ᠰᠡᠳᠬᠢᠯᠳᠦ ᠲᠠᠷᠬᠠᠨ ᠪᠠᠭᠠᠳᠤᠷ ᠡ
ᠡᠮᠴᠢ ᠬᠦᠮᠦᠨ ᠊᠊᠊᠊᠊
ᠤᠳᠤᠭ᠎ᠠ ᠦᠭᠡᠢ ᠲᠠᠢᠨ ᠵᠦᠭ
ᠠᠮᠢ ᠴᠦᠯᠡᠨ ᠤᠷᠤᠭᠰᠢ ᠲᠦᠷᠢᠵᠦ ᠨᠤᠴᠤᠯᠳᠤᠳᠠᠭ
ᠦᠷᠯᠦᠭ ᠨᠠᠮ ᠤᠨ ᠰᠤᠳᠤᠨ ᠦᠷᠠᠰ
ᠠᠭᠤᠤ ᠲᠤᠮᠳᠠᠳᠤ ᠶᠢᠨ ᠭᠠᠪᠢᠶᠠᠳᠤ ︽ ᠪᠠᠢᠯᠳᠤᠭᠴᠢ ︾ ᠡ
ᠬᠠᠢᠭ ᠄ ᠬᠢᠩᠭᠠᠨ ᠠᠢᠮᠠᠭ ᠤᠨ ᠵᠠᠯᠠᠢᠳ ᠬᠤᠰᠢᠭᠤᠨ ᠤ ᠠᠷᠪᠡᠠᠭᠡᠷ ᠭᠤᠤᠯ
ᠰᠤᠷᠭᠠᠭᠤᠯᠢ
ᠬᠠᠷᠢᠯᠴᠠᠬᠤ ᠤᠳᠠᠰᠤ ᠄ 13847996563
ᠵᠤᠬᠢᠶᠠᠭᠴᠢ ᠶᠢᠨ ᠲᠤᠪᠴᠢ ᠲᠠᠨᠢᠯᠴᠠᠭᠤᠯᠭ᠎ᠠ ᠄
ᠴᠧᠨ ᠱᠤᠸᠨᠩ ᠯᠦᠩ ︵ ᠪᠢᠷ ᠤᠨ ᠨᠡᠷ᠎ᠡ ᠄ ᠬᠤᠤᠰᠯᠤᠤ ︶ ᠊᠊᠊᠊ ᠬᠢᠩᠭᠠᠨ ᠠᠢᠮᠠᠭᠤᠨ ᠵᠠᠯᠠᠢᠳ ᠬᠤᠰᠢᠭᠤᠨ ᠤ ᠠᠷᠪᠠᠠᠭᠡᠷ ᠪᠠᠯᠭᠠᠰᠤᠨ ᠳ᠋ᠦ ᠨᠤᠳᠤᠭ ᠲᠠᠢ ᠃1993 ᠤᠨ ᠳ᠋ᠦ ᠬᠢᠩᠭᠠᠨ ᠠᠢᠮᠠᠭ ᠤᠨ ᠪᠠᠭᠰᠢ ᠶᠢᠨ ᠰᠤᠷᠭᠠᠭᠤᠯᠢ ᠡᠴᠡ ᠰᠢᠯᠢᠳᠡᠭ ᠬᠢᠷᠢ ᠪᠦᠳᠦᠮᠵᠢ ᠪᠡᠷ ᠲᠡᠭᠦᠰᠴᠡᠢ ᠃ ᠲᠤᠮᠳᠠᠳᠤ ᠰᠤᠷᠭᠠᠭᠤᠯᠢ ᠶᠢᠨ ᠲᠡᠭᠡᠳᠦ ᠲᠡᠰ ᠤᠨ ᠪᠠᠭᠰᠢ ᠂ ᠬᠤᠰᠢᠭᠤᠨ ᠲᠡᠰ ᠤᠨ ᠵᠢᠭᠠᠨ ᠰᠤᠷᠭᠠᠬᠤ ᠴᠢᠳᠠᠪᠤᠷᠢᠳᠠᠨ ᠂ ᠠᠢᠮᠠᠭ ᠤᠨ ᠲᠡᠰ ᠤᠨ ᠭᠤᠤᠯᠯᠠᠭᠴᠢ ᠪᠠᠭᠰᠢ ᠃ ︽ ᠬᠢᠩᠭᠠᠨ ᠠᠢᠮᠠᠭ ᠤᠨ ᠵᠤᠬᠢᠶᠠᠯᠴᠢᠳ ᠤᠨ ᠨᠡᠢᠭᠡᠮᠯᠢᠭ ᠤᠨ ᠭᠡᠰᠢᠬᠦᠨ ︾ ᠂ ᠵᠠᠯᠠᠢᠳ ᠬᠤᠰᠢᠭᠤᠨ ᠤ ᠵᠤᠬᠢᠶᠠᠯᠴᠢᠳ ᠤᠨ ᠨᠡᠢᠭᠡᠮᠯᠢᠭ ᠤᠨ ᠬᠡᠷᠡᠭ ᠡᠷᠬᠢᠯᠡᠭᠴᠢ ᠵᠡᠷᠭᠡ ᠨᠡᠢᠭᠡᠮ ᠤᠨ ᠡᠭᠦᠷᠭᠡ ᠲᠤᠰᠢᠶᠠᠯ ᠲᠠᠢ ᠶᠠᠪᠤᠭ᠎ᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠠᠷᠢᠭᠤᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃