2020-02-16 16:21:36
ᠠᠰᠠᠭᠤᠯᠳᠠ ᠄ ᠠᠵᠢᠯ᠎ᠤᠨ ᠵᠠᠪᠰᠠᠷᠯᠠᠭ᠎ᠠ᠎ᠶᠢᠨ ᠬᠥᠳᠡᠯᠭᠡᠭᠡᠨ᠎ᠢ ᠶᠠᠭᠠᠬᠢᠵᠤ ᠬᠢᠪᠠᠯ ᠲᠤᠬᠢᠳᠠᠢ ᠪᠠᠢᠬᠤ ︖
ᠬᠠᠷᠢᠭᠤᠯᠲᠠ ᠄ ᠪᠡᠶ᠎ᠠ᠎ᠶᠢᠨ ᠪᠠᠢᠳᠠᠯ᠎ᠢᠶᠡᠨ ᠦᠨᠳᠤᠰᠤᠯᠠᠵᠤ ᠵᠤᠬᠢᠰᠳᠠᠢ ᠬᠦᠳᠡᠯᠭᠡᠭᠡᠨ ᠬᠢᠵᠤ ᠂ ᠪᠡᠶ᠎ᠡ ᠮᠠᠬᠠᠪᠣᠳ᠎ᠤᠨ᠎ᠢᠶᠡᠨ ᠡᠷᠡᠬᠦᠯ ᠰᠠᠷᠠᠭᠤᠯ ᠪᠠᠢᠬᠤ᠎ᠶᠢ ᠪᠠᠳᠤᠯᠠᠪᠠᠯ ᠵᠤᠬᠢᠨ᠎ᠠ ᠃ ᠬᠡᠲᠦᠷᠡᠳᠠᠯᠠ ᠬᠥᠳᠡᠯᠭᠡᠭᠡᠨ ᠬᠢᠵᠦ ᠂ ᠪᠡᠶ᠎ᠡ᠎ᠶᠢᠨ ᠦᠯᠦ ᠬᠠᠯᠳᠠᠭᠠᠬᠤ ᠴᠢᠳᠠᠪᠤᠷᠢ᠎ᠪᠠᠨ ᠳᠤᠷᠤᠭᠰᠢᠯᠠᠭᠤᠯᠬᠤ᠎ᠡᠴᠠ ᠬᠢᠴᠢᠶᠡᠬᠦ ᠴᠢᠬᠤᠯᠠᠳᠠᠢ ᠃
ᠠᠰᠠᠭᠤᠯᠲᠠ ᠄ ᠣᠯᠠᠨ ᠨᠡᠶᠢᠲᠡ᠎ᠶᠢᠨ ᠭᠠᠵᠠᠷ᠎ᠢ ᠶᠠᠭᠠᠬᠢᠵᠤ ᠠᠷᠢᠭᠤᠳᠬᠠᠠᠪᠠᠯ ᠵᠤᠬᠢᠬᠤ ᠪᠤᠢ ︖
ᠬᠠᠷᠢᠭᠤᠯᠲᠠ ᠄ ᠠᠰᠠᠷ᠎ᠤᠨ ᠬᠤᠡᠭᠬᠢᠯ ᠂ ᠬᠤᠷᠠᠯ᠎ᠤᠨ ᠭᠡᠷ ᠂ ᠴᠠᠬᠢᠯᠭᠠᠨ ᠱᠠᠲᠤ ᠂ ᠠᠰᠠᠷ᠎ᠤᠨ ᠱᠠᠲᠤ ᠂ ᠵᠤᠷᠯᠤᠡᠭ ᠵᠡᠷᠭᠡ ᠣᠯᠠᠨ ᠨᠡᠶᠢᠲᠡ᠎ᠶᠢᠨ ᠭᠠᠵᠠᠷ᠎ᠢ ᠡᠳᠤᠷ ᠪᠦᠷᠢ ᠠᠷᠢᠭᠤᠳᠬᠠᠵᠤ ᠂ ᠲᠠᠷᠠᠴᠢᠯᠠᠠ ᠠᠯᠢ ᠴᠢᠳᠠᠬᠤ᠎ᠪᠠᠷ ᠰᠦᠷᠴᠢᠨ ᠠᠷᠢᠭᠤᠳᠬᠠᠨ᠎ᠠ ᠃ ᠭᠠᠵᠠᠷ ᠪᠤᠯᠭᠠᠨ᠎ᠳ᠋ᠤ ᠬᠡᠷᠡᠭᠯᠡᠬᠦ ᠴᠡᠪᠡᠷᠯᠡᠬᠦ ᠬᠡᠷᠡᠭᠰᠡᠯ᠎ᠢ ᠰᠠᠯᠭᠠᠵᠤ ᠂ ᠬᠤᠯᠢᠵᠤ ᠬᠡᠷᠡᠭᠯᠡᠬᠦ᠎ᠡᠴᠠ ᠵᠠᠶᠢᠯᠠᠰᠬᠢᠬᠦ ᠬᠡᠷᠡᠭᠲᠡᠶ ᠃
ᠠᠰᠠᠭᠤᠯᠲᠠ ᠄ ᠠᠯᠪᠠᠨ ᠠᠵᠢᠯ᠎ᠢᠶᠠᠷ ᠭᠠᠳᠠᠭᠰᠢ ᠭᠠᠷᠪᠠᠯ ᠶᠠᠮᠠᠷ ᠰᠢᠤ ᠠᠷᠭ᠎ᠠ ᠭᠡᠮᠵᠢᠶ᠎ᠠ ᠠᠪᠤᠪᠠᠯ ᠵᠤᠬᠢᠨ᠎ᠠ ︖
ᠬᠠᠷᠢᠭᠤᠯᠲᠠ ᠄ ᠲᠤᠰᠬᠠᠢ ᠲᠡᠷᠭᠡ ᠵᠢᠴᠢ ᠡᠭᠦᠳᠡᠨ ᠪᠠᠷᠢᠭᠤᠯ᠎ᠢ ᠡᠳᠦᠷ ᠪᠦᠷᠢ 75%᠎ᠶᠢᠨ ᠰᠫᠢᠷᠲ᠎ᠢᠶᠠᠷ ᠨᠢᠭᠡ ᠤᠳᠠᠭ᠎ᠠ ᠠᠷᠴᠢᠨ᠎ᠠ ᠃ ᠡᠭᠡᠯᠵᠢ᠎ᠶᠢᠨ ᠲᠡᠷᠭᠡᠨ᠎ᠳ᠋ᠤ ᠰᠠᠭᠤᠪᠠᠯ ᠠᠮᠠᠪᠴᠢ ᠵᠡᠭᠦᠬᠦ ᠬᠡᠷᠡᠭᠲᠡᠶ ᠂ ᠡᠭᠡᠯᠵᠢ᠎ᠶᠢᠨ ᠲᠡᠷᠭᠡ᠎ᠶᠢ ᠬᠡᠷᠡᠭᠯᠡᠪᠡᠯ ᠂ 75%᠎ᠶᠢᠨ ᠰᠫᠢᠷᠲ᠎ᠢᠶᠠᠷ ᠲᠡᠷᠭᠡᠨ ᠳᠣᠲᠣᠷ᠎ᠠ ᠪᠠ ᠡᠭᠦᠳᠡᠨ ᠪᠠᠷᠢᠭᠤᠯ᠎ᠢ ᠠᠷᠴᠢᠵᠤ ᠠᠷᠢᠭᠤᠳᠬᠠᠪᠠᠯ ᠵᠤᠬᠢᠨ᠎ᠠ ᠭᠡᠵᠤ ᠰᠠᠨᠠᠭᠤᠯᠵᠤ ᠪᠠᠢᠨ᠎ᠠ ᠃
ᠠᠰᠠᠭᠤᠯᠲᠠ ᠄ ᠳ᠋ᠢᠶᠠᠡᠭᠬᠤᠸᠠᠶᠢ ᠬᠡᠷᠬᠢᠨ ᠠᠷᠢᠭᠤᠳᠬᠠᠬᠤ ᠪᠤᠢ ︖
ᠬᠠᠷᠢᠭᠤᠯᠲᠠ ᠄ ᠳ᠋ᠢᠶᠠᠩᠬᠤᠸᠠ᠎ᠶᠢ 75%᠎ᠶᠢᠨ ᠰᠫᠢᠷᠲ᠎ᠢᠶᠠᠷ ᠡᠳᠦᠷ ᠪᠦᠷᠢ ᠬᠣᠶᠠᠷ ᠤᠳᠠᠭ᠎ᠠ ᠠᠷᠴᠢᠪᠠᠯ ᠵᠤᠬᠢᠨ᠎ᠠ ᠂ ᠬᠡᠷᠪᠡ ᠣᠯᠠᠨᠲᠠ ᠬᠡᠷᠡᠭᠯᠡᠭᠰᠡᠨ ᠪᠠᠢᠪᠠᠯ ᠲᠦᠷᠪᠡ ᠤᠳᠠᠭ᠎ᠠ ᠡᠠᠷᠴᠢᠪᠠᠯ ᠰᠠᠢᠨ ᠃
ᠠᠰᠠᠭᠤᠯᠳᠠ ᠄ ᠠᠭᠠᠷ ᠲᠣᠬᠢᠷᠠᠭᠤᠯᠤᠭᠴᠢ᠎ᠶᠢ ᠬᠡᠷᠬᠢᠨ ᠠᠷᠢᠭᠤᠳᠬᠠᠬᠤ ᠪᠣᠶ ︖
ᠬᠠᠷᠢᠭᠤᠯᠲᠠ ᠄ ᠠᠭᠠᠷ ᠲᠣᠬᠢᠷᠠᠭᠤᠯᠤᠭᠴᠢ᠎ᠶᠢᠨ ᠰᠢᠰᠲ᠋ᠧᠮ᠎ᠤᠨ ᠰᠠᠯᠬᠢᠨ ᠮᠠᠰᠢᠨ᠎ᠤ ᠲᠠᠪᠠᠭ ᠭᠤᠤᠷᠰᠤ᠎ᠶᠢ ᠬᠡᠪ᠎ᠤᠨ ᠶᠣᠰᠣᠭᠠᠷ ᠬᠡᠷᠡᠭᠯᠡᠬᠦ ᠦᠶᠡᠰ ᠂ ᠰᠠᠯᠬᠢ ᠬᠦᠷᠭᠡᠬᠦ ᠠᠮᠠᠰᠠᠷ ᠂ ᠰᠠᠯᠬᠢ ᠣᠷᠣᠭᠤᠯᠬᠤ ᠠᠮᠠᠰᠠᠷ᠎ᠢ ᠲᠣᠭᠲᠠᠮᠠᠯ ᠬᠤᠭᠤᠴᠠᠭ᠎ᠠ᠎ᠲᠠᠢ᠎ᠪᠠᠷ ᠠᠷᠢᠭᠤᠳᠬᠠᠬᠤ ᠬᠡᠷᠡᠭᠲᠡᠶ ᠃ ᠰᠠᠯᠬᠢ ᠤᠷᠤᠭᠤᠯᠬᠤ ᠪᠦᠬᠦ ᠠᠭᠠᠷ᠎ᠤᠨ ᠰᠢᠰᠲ᠋ᠧᠮ᠎ᠤᠨ ᠰᠠᠯᠬᠢ ᠤᠷᠤᠭᠤᠯᠬᠤ᠎ᠶᠢ ᠪᠦᠷᠢᠮᠦᠰᠦᠨ ᠪᠢᠲᠡᠭᠦᠮᠵᠢᠯᠡᠵᠦ ᠂ ᠰᠢᠰᠲ᠋ᠧᠮ᠎ᠤᠨ ᠰᠢᠨ᠎ᠡ ᠠᠭᠠᠷ᠎ᠤᠨ ᠡᠷᠭᠢᠯᠲᠡ᠎ᠶᠢ ᠪᠠᠲᠤᠯᠠᠬᠤ ᠬᠡᠷᠡᠭᠲᠡᠢ ᠃
ᠠᠰᠠᠭᠤᠯᠲᠠ ᠄ ᠬᠠᠶᠠᠭᠳᠠᠮᠠᠯ ᠠᠮᠠᠪᠴᠢ᠎ᠶᠢ ᠬᠡᠷᠬᠢᠨ ᠰᠢᠢᠳᠪᠦᠷᠢᠯᠡᠬᠦ ᠪᠤᠢ ︖
ᠬᠠᠷᠢᠭᠤᠯᠲᠠ ᠄ ᠬᠢᠵᠢᠭ᠎ᠢ ᠰᠡᠷᠭᠡᠶᠢᠯᠡᠬᠦ ᠬᠤᠭᠤᠴᠠᠭᠠᠨ᠎ᠳ᠋ᠤ ᠂ ᠠᠮᠠᠪᠴᠢ᠎ᠪᠠᠨ ᠠᠪᠬᠤ᠎ᠡᠴᠠ ᠡᠮᠦᠨ᠎ᠡ ᠭᠠᠷᠤᠨ ᠠᠷᠢᠭᠤᠨ ᠴᠡᠪᠡᠷ᠎ᠢ ᠠᠩᠬᠠᠷᠴᠤ ᠂ ᠬᠠᠶᠠᠭᠳᠠᠮᠠᠯ ᠠᠮᠠᠪᠴᠢ᠎ᠶᠢ ᠬᠣᠭ᠎ᠤᠨ ᠰᠠᠪᠠᠨ᠎ᠳ᠋ᠤ ᠬᠠᠶᠠᠵᠤ ᠂ ᠡᠳᠦᠷ ᠪᠦᠷᠢ ᠬᠣᠶᠠᠷ ᠤᠳᠠᠭ᠎ᠠ 75%᠎ᠶᠢᠨ ᠰᠫᠢᠷᠲ ᠪᠤᠶᠤ ᠾᠯᠣᠷᠲᠤ ᠠᠷᠢᠭᠤᠳᠬᠠᠭᠴᠢ ᠡᠳ᠋ᠢᠶᠠᠷ ᠬᠣᠭ᠎ᠤᠨ ᠰᠠᠪᠠ᠎ᠶᠢ ᠠᠷᠢᠭᠤᠳᠬᠠᠪᠠᠯ ᠵᠤᠬᠢᠨ᠎ᠠ ᠃
︵ ᠢᠷᠡᠯᠳᠡ ᠄ ᠡᠷᠡᠭᠦᠯ ᠡᠩᠬᠡ ᠳᠤᠮᠳᠠᠳᠤ ᠤᠯᠤᠰ︶
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠠᠷᠢᠭᠤᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃