ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠲᠠᠢᠯᠤᠮᠵᠢ

2020-02-14 12:56:44

ᠵᠣᠬᠢᠶᠠᠭ᠍ᠴᠢ᠄ ᠳᠤᠰ ᠰᠤᠨᠢᠨ᠎ᠤ ᠰᠢᠬᠦᠮᠵᠢᠯᠡᠭᠴᠢ ᠣᠩᠱᠢᠭ᠍ᠰᠠᠨ ᠣᠳᠠᠭ᠎ᠠ᠄ 3

 ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠵᠦ ᠬᠤᠷᠢᠡᠡᠯᠠᠨ ᠠᠷᠢᠯᠭᠠᠬᠤ ᠳᠠᠢᠯᠠᠯᠳᠤᠭᠠᠨ᠎ᠤ ᠢᠯᠡᠯᠳᠡ᠎ᠶᠢ ᠤᠯᠬᠤ ᠳᠤᠬᠠᠢ ᠳᠦᠷᠪᠡᠨᠳᠡ ᠦᠬᠦᠯᠡᠬᠦ᠎ᠨᠢ

ᠤᠨᠴᠠᠭᠠᠢ ᠦᠶ᠎ᠡ᠎ᠳ᠋ᠤ ᠤᠨᠴᠠᠭᠠᠢ ᠪᠠᠢᠳᠠᠯ᠎ᠢ ᠠᠷᠭᠠᠴᠠᠭᠠᠵᠦ ᠂ ᠳᠠᠢᠯᠠᠯᠳᠤᠭᠠᠨ᠎ᠤ ᠦᠶ᠎ᠠ᠎ᠳ᠋ᠤ ᠳᠠᠢᠰᠦᠨ᠎ᠢ ᠳᠤᠰᠤᠨ ᠪᠠᠢᠯᠳᠤᠨ᠎ᠠ ᠃ ᠠᠵᠢᠯ᠎ᠤᠨ ᠦᠷ᠎ᠠ ᠪᠦᠳᠤᠮᠵᠢ᠎ᠨᠢ ᠬᠤᠪᠢ ᠪᠡᠶ᠎ᠠ᠎ᠶᠢᠨ ᠴᠤᠭ ᠵᠢᠪᠬᠤᠭ᠎ᠠ᠎ᠡᠴᠠ ᠰᠢᠯᠳᠠᠭᠠᠯᠠᠳᠠᠭ ᠃ ᠮᠠᠨ᠎ᠤ ᠤᠷᠤᠨ᠎ᠤ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠠᠵᠢᠯ᠎ᠢ ᠨᠡᠩ ᠰᠠᠢᠳᠦᠷ ᠬᠢᠵᠦ ᠂ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠠᠷᠡᠳ᠎ᠤᠨ ᠳᠠᠢᠨ ᠂ ᠶᠡᠷᠦᠩᠬᠡᠢ ᠳᠠᠢᠯᠠᠯᠳᠤᠭᠠᠨ ᠂ ᠬᠤᠷᠢᠡᠡᠯᠠᠨ ᠠᠷᠢᠯᠭᠠᠬᠤ ᠳᠠᠢᠯᠠᠯᠳᠤᠭᠠᠨ᠎ᠤ ᠢᠯᠠᠯᠳᠡ᠎ᠶᠢ ᠡᠷᠡᠰ ᠤᠯᠬᠤ᠎ᠳ᠋ᠤ ᠪᠢᠳᠡ ᠢᠮᠠᠭᠳᠠ ᠳᠠᠢᠴᠢᠨ ᠵᠤᠷᠢᠭ᠎ᠢᠶᠡᠨ ᠪᠠᠳᠤᠳᠬᠠᠵᠦ ᠂ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠠᠵᠤ ᠂ ᠳᠦᠢᠳᠬᠡᠷ ᠬᠢᠵᠢᠭ᠎ᠲᠠᠢ ᠪᠦᠬᠦ ᠬᠦᠴᠦᠨ᠎ᠢᠶᠠᠷ᠎ᠢᠶᠡᠨ ᠳᠡᠮᠡᠴᠡᠬᠦ ᠭᠡᠷᠡᠭᠳᠡᠢ ᠃
ᠬᠢᠵᠢᠭ᠎ᠤᠨ ᠪᠠᠢᠳᠠᠯ ᠪᠠᠴᠢᠮ ᠳᠤᠯᠭᠠᠮ ᠂ ᠠᠮᠢ ᠨᠠᠰᠦ ᠡᠷᠬᠢᠮ ᠳᠡᠬᠡᠳᠦ ᠂ ᠬᠤᠷᠤᠮ ᠴᠤ ᠠᠯᠭᠠᠰᠠᠵᠤ ᠪᠤᠯᠬᠤ ᠦᠬᠡᠢ ᠃ ᠤᠳᠤᠬᠠᠨ᠎ᠳ᠋ᠤ ᠂ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠠᠵᠢᠯ ᠶᠠᠭ ᠠᠰ ᠲᠤᠯᠤᠨ ᠠᠪᠤᠨ ᠬᠠᠷᠢᠭᠤᠴᠠᠬᠤ ᠪᠠᠢᠳᠠᠯ᠎ᠳ᠋ᠤ ᠤᠷᠤᠰᠢᠵᠦ ᠂ ᠮᠠᠨ᠎ᠤ ᠤᠷᠤᠨ᠎ᠤ ᠵᠠᠷᠢᠮ ᠭᠠᠵᠠᠷ ᠤᠷᠤᠨ ᠪᠠ ᠤᠨᠴᠠᠭᠠᠢ ᠺᠠᠳ᠋ᠷ ᠬᠠᠷᠢᠨ ᠲᠠᠢᠯᠠᠯᠳᠤᠭᠠᠨ᠎ᠤ ᠪᠡᠯᠡᠳᠬᠡᠯ᠎ᠤᠨ ᠲᠠᠯ᠎ᠠ᠎ᠪᠠᠷ ᠳᠤᠳᠠᠮᠠᠭ ᠪᠠᠢᠨ᠎ᠠ ᠃ ᠵᠠᠷᠢᠮ᠎ᠨᠢ ᠰᠡᠷᠬᠡᠢᠯᠡᠨ ᠡᠵᠡᠮᠳᠡᠬᠦ ᠠᠵᠢᠯ ᠳᠤᠮᠳᠠ ᠨᠢᠳᠦᠨ ᠡᠮᠦᠨᠡᠬᠢ᠎ᠪᠠᠨ ᠴᠢᠬᠤᠯᠠᠴᠢᠯᠠᠨ ᠂ ᠠᠯᠤᠰ ᠭᠡᠳᠤ᠎ᠶᠢᠨ ᠳᠠᠢᠯᠠᠯᠳᠤᠭᠠᠨ᠎ᠳ᠋ᠤ ᠬᠦᠢᠴᠡᠳ ᠬᠠᠷᠢᠭᠤᠴᠠᠬᠤ ᠠᠷᠭ᠎ᠠ ᠬᠡᠮᠵᠢᠶ᠎ᠠ ᠳᠤᠳᠠᠭᠳᠠᠵᠦ ᠂ ᠵᠠᠷᠢᠮ ᠨᠢᠬᠡᠨ᠎ᠤ᠎ᠬᠢᠨ ᠦᠵᠡᠯ ᠰᠠᠨᠠᠭ᠎ᠠ᠎ᠨᠢ ᠮᠢᠨᠴᠦᠬᠦᠷᠡᠨ ᠂ ᠠᠵᠠ᠎ᠪᠠᠷ ᠪᠤᠯᠤᠨ᠎ᠠ ᠬᠡᠮᠡᠨ ᠰᠡᠳᠬᠢᠵᠦ ᠂ ᠪᠤᠰᠢᠭᠤ ᠳᠦᠷᠬᠡᠨ᠎ᠢᠶᠠᠷ ᠢᠯᠠᠯᠳᠠ ᠤᠯᠬᠤ᠎ᠶᠢ ᠬᠡᠢ ᠬᠦᠰᠡᠮᠵᠢᠯᠡᠵᠤ ᠂ ᠵᠠᠷᠢᠮ᠎ᠨᠢ ᠪᠦᠷ ᠴᠤ ︽ ᠠᠮᠠᠷᠡᠯᠳᠡ᠎ᠶᠢᠨ ᠬᠡᠪ᠎ᠲᠡᠭᠡᠨ ︾ ᠯᠡ ᠬᠤᠷᠭᠤᠳᠡᠵᠦ ᠂ ᠡᠩ᠎ᠤᠨ ᠦᠶ᠎ᠠ᠎ᠶᠢᠨ ᠪᠠᠢᠳᠠᠯ᠎ᠢᠶᠠᠷ ᠠᠯᠭᠤᠷ ᠶᠠᠭᠠᠷᠡᠯ ᠦᠬᠡᠢ ᠬᠠᠨᠳᠤᠭᠰᠠᠨ᠎ᠡᠴᠠ ᠰᠡᠷᠬᠡᠢᠯᠡᠨ ᠡᠵᠡᠮᠳᠡᠬᠦ ᠠᠵᠢᠯ ᠠᠯᠭᠤᠷᠯᠠᠨ ᠬᠤᠢᠰᠢᠯᠠᠭᠰᠠᠭᠠᠷ ᠁ ᠡᠨᠡ ᠮᠠᠢᠭ᠎ᠢᠶᠠᠷ ᠨᠦᠮᠦᠷᠢᠨ ᠢᠷᠡᠵᠦ ᠪᠤᠢ ᠬᠢᠵᠢᠭ᠎ᠤᠨ ᠪᠠᠢᠳᠠᠯ᠎ᠢ ᠠᠷᠭᠠᠴᠠᠭᠠᠬᠤ᠎ᠳ᠋ᠤ ᠬᠦᠷᠪᠡᠯ ᠦᠷ᠎ᠠ ᠳ᠋ᠦ᠋ᠢᠩ᠎ᠢ ᠬᠡᠯᠡᠬᠦ᠎ᠶᠢᠨ ᠠᠷᠭ᠎ᠠ ᠦᠬᠡᠢ ᠃ ︽ ᠬᠢᠵᠢᠭ ︾᠎ᠲᠠᠢ ᠳᠡᠮᠡᠴᠡᠨ᠎ᠠ ᠬᠡᠳᠡᠭ ᠳᠠᠢᠨ᠎ᠤ ᠳᠠᠯᠠᠪᠤᠷ ᠬᠡᠰᠡᠨ ᠦᠬᠡ ᠂ ᠳᠠᠢᠨ᠎ᠤ ᠦᠶ᠎ᠠ᠎ᠳ᠋ᠤ ᠳᠠᠢᠯᠡᠯᠳᠤᠭᠠᠨ᠎ᠤ ᠪᠡᠯᠡᠳᠬᠡᠯ᠎ᠲᠠᠢ ᠪᠠᠢᠬᠤ ᠬᠡᠷᠡᠭᠳᠡᠢ ᠃ ᠶᠠᠮᠠᠷᠪᠡ ᠨᠢᠬᠡᠨ ᠠᠵᠢᠯ᠎ᠤᠨ ᠪᠠᠢᠷᠢ᠎ᠶᠢᠨ ᠨᠠᠵᠠᠭᠠᠢᠷᠡᠵᠦ ᠰᠤᠯᠳᠠᠢᠬᠤ ᠂ ᠶᠠᠮᠠᠷᠪᠡ ᠨᠢᠬᠡᠨ ᠨᠠᠮ᠎ᠤᠨ ᠬᠡᠰᠢᠬᠦᠨ ᠺᠠᠳ᠋ᠷ᠎ᠤᠨ ᠠᠯᠵᠠᠭᠤᠷᠡᠨ ᠵᠠᠯᠬᠠᠭᠤᠷᠡᠬᠤ ᠂ ᠶᠠᠮᠠᠷᠪᠡ ᠨᠢᠬᠡᠨ ᠠᠵᠢᠯ᠎ᠤᠨ ᠪᠦᠳᠦᠬᠦᠯᠢᠭ ᠬᠠᠰᠢ ᠶᠠᠰᠢ ᠪᠠᠢᠬᠤ᠎ᠶᠢ ᠡᠷᠡᠰ ᠳᠡᠪᠴᠢᠬᠦ ᠭᠡᠷᠡᠭᠳᠡᠢ ᠃
ᠬᠢᠵᠢᠭ᠎ᠤᠨ ᠪᠠᠢᠳᠡᠯ᠎ᠢ ᠡᠰᠡᠷᠬᠦᠴᠡᠬᠦ᠎ᠳ᠋ᠤ ᠭᠠᠵᠠᠷ ᠪᠤᠯᠭᠠᠨ ᠳᠠᠢᠨ᠎ᠤ ᠳᠠᠯᠠᠪᠤᠷ ᠂ ᠭᠠᠵᠠᠷ ᠪᠦᠬᠦᠨ᠎ᠳ᠋ᠤ ᠳᠠᠢᠯᠠᠯᠳᠤᠬᠤ᠎ᠪᠠᠷ ᠪᠡᠯᠡᠳᠬᠡᠬᠦ ᠬᠡᠷᠡᠭᠳᠡᠢ ᠃ ᠪᠦᠬᠦ ᠤᠷᠤᠨ᠎ᠤ ᠡᠯ᠎ᠠ ᠭᠠᠵᠠᠷ ᠡᠯ᠎ᠠ ᠰᠠᠯᠠᠭ᠎ᠠ ᠮᠦᠴᠢᠷ ᠬᠢᠵᠢᠭ᠎ᠤᠨ ᠪᠠᠢᠳᠡᠯ᠎ᠢ ᠰᠡᠷᠬᠡᠢᠯᠡᠨ ᠡᠵᠡᠮᠳᠡᠬᠦ ᠬᠦᠨᠳᠦ ᠴᠢᠬᠤᠯᠡ ᠤᠯᠤᠰ ᠳᠦᠷᠦ᠎ᠶᠢᠨ ᠡᠬᠦᠷᠬᠡ᠎ᠶᠢ ᠡᠬᠦᠷᠬᠡᠯᠡᠵᠦ ᠂ ᠦᠵᠡᠯ ᠰᠠᠨᠠᠭ᠎ᠠ ᠂ ᠦᠢᠯᠡ ᠠᠵᠢᠯᠯᠠᠭ᠎ᠠ᠎ᠪᠠᠨ ᠵᠠᠪᠠᠯ ᠳᠠᠢᠨ᠎ᠤ ᠦᠶ᠎ᠠ᠎ᠶᠢᠨ ᠪᠠᠢᠳᠠᠯ᠎ᠳ᠋ᠤ ᠤᠷᠤᠭᠤᠯᠵᠦ ᠂ ᠶᠡᠷᠦᠩᠬᠡᠢ ᠱᠦᠵᠢ ᠰᠢ᠎ᠶᠢᠨ ᠫᠢᠩ᠎ᠤᠨ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠠᠵᠢᠯ᠎ᠤᠨ ᠴᠢᠬᠤᠯᠡ ᠶᠡᠷᠢᠶ᠎ᠠ ᠴᠢᠬᠤᠯᠡ ᠵᠢᠭᠠᠪᠤᠷᠢ᠎ᠶᠢᠨ ᠵᠤᠷᠢᠭ ᠰᠠᠨᠠᠭ᠎ᠠ᠎ᠶᠢ ᠬᠢᠨᠠᠮᠠᠭᠠᠢ ᠳᠤᠭᠤᠰᠢᠯᠠᠭᠤᠯᠤᠨ ᠨᠠᠢᠳᠠᠪᠤᠷᠢᠵᠢᠭᠤᠯᠵᠦ ᠂ ᠡᠯ᠎ᠠ ᠳᠦᠷᠦᠯ᠎ᠤᠨ ᠰᠡᠷᠬᠡᠢᠯᠡᠨ ᠡᠵᠡᠮᠳᠡᠬᠦ ᠪᠠᠢᠷᠢᠯᠠᠭᠤᠯᠤᠯᠳᠠ᠎ᠶᠢ ᠴᠢᠨᠠᠷ ᠰᠠᠢᠳᠠᠢ ᠨᠡᠢᠳᠠᠪᠤᠷᠢᠵᠢᠭᠤᠯᠬᠤ ᠭᠡᠷᠡᠭᠳᠡᠢ ᠃ ᠡᠯ᠎ᠠ ᠱᠠᠳᠤᠨ᠎ᠤ ᠨᠠᠮ᠎ᠤᠨ ᠬᠡᠰᠢᠬᠦᠨ ᠺᠠᠳ᠋ᠷ ᠴᠠᠭ ᠦᠷᠬᠦᠯᠵᠢ ᠳᠠᠢᠨ᠎ᠤ ᠦᠶ᠎ᠠ᠎ᠶᠢᠨ ᠪᠠᠢᠳᠠᠯ᠎ᠢᠶᠠᠷ ᠦᠪᠡᠷ᠎ᠢ᠎ᠪᠠᠨ ᠵᠤᠷᠢᠭᠵᠢᠭᠤᠯᠵᠦ ᠂ ᠦᠪᠡᠷ᠎ᠢ᠎ᠪᠠᠨ ᠱᠠᠯᠠᠪᠳᠠᠭᠤᠯᠤᠨ ᠦᠪᠡᠷ᠎ᠲᠠᠢ᠎ᠪᠠᠨ ᠦᠷᠢᠰᠦᠯᠳᠤᠬᠦ ᠮᠠᠢᠭ᠎ᠢᠶᠠᠷ ᠠᠵᠢᠯ᠎ᠤᠨ ᠪᠠᠢᠷᠢ᠎ᠪᠠᠨ ᠪᠠᠳᠤ ᠰᠠᠬᠢᠵᠦ ᠂ ᠤᠷᠤᠭᠰᠢ ᠳᠡᠮᠡᠦᠯᠤᠨ ᠤᠳᠤᠷᠢᠳᠤᠨ ᠵᠢᠯᠤᠭᠤᠳᠴᠤ ᠂ ᠡᠬᠦᠷᠬᠡ ᠬᠠᠷᠢᠭᠤᠴᠠᠯᠭ᠎ᠠ᠎ᠪᠠᠨ ᠬᠦᠢᠴᠡᠳᠬᠡᠨ ᠂ ᠤᠬᠳᠤᠬᠠᠨ ᠴᠤ ᠰᠠᠷᠡᠮᠵᠢ ᠠᠯᠳᠠᠵᠤ ᠪᠤᠯᠬᠤ ᠦᠬᠡᠢ ᠂ ᠶᠠᠭᠠᠬᠢᠭᠰᠠᠨ ᠴᠤ ᠴᠠᠯᠠᠭᠠᠢᠳᠡᠵᠦ ᠪᠤᠯᠬᠤ ᠦᠬᠡᠢ ᠂ ᠬᠡᠷᠬᠢᠭᠰᠡᠨ ᠴᠤ ᠳᠠᠢᠨ᠎ᠳ᠋ᠤ ᠤᠢᠳᠴᠤ ᠪᠤᠯᠬᠤ ᠦᠬᠡᠢ ᠃ ᠪᠢᠳᠡᠨ᠎ᠤ ᠬᠦᠮᠦᠨ ᠨᠢᠬᠡᠪᠤᠷᠢ ᠬᠡᠷ᠎ᠡᠴᠠ᠎ᠪᠠᠨ ᠳᠤᠳᠠᠭᠤ ᠭᠠᠷᠴᠤ ᠂ ᠪᠦᠬᠡᠮᠨᠡᠷᠡᠵᠦ ᠴᠤᠭᠯᠠᠷᠡᠬᠤ ᠦᠬᠡᠢ ᠂ ᠬᠡᠷᠡᠭᠵᠢᠬᠦᠯᠵᠦ ᠪᠤᠢ ᠡᠯ᠎ᠠ ᠳᠦᠷᠦᠯ᠎ᠤᠨ ᠰᠡᠷᠬᠡᠢᠯᠡᠨ ᠡᠵᠡᠮᠳᠡᠬᠦ ᠠᠷᠭ᠎ᠠ ᠬᠡᠮᠵᠢᠶ᠎ᠠ᠎ᠶᠢ ᠰᠠᠨᠠᠭᠠᠴᠢᠯᠠᠭ᠎ᠠ᠎ᠡᠴᠠ᠎ᠪᠠᠨ ᠳᠡᠮᠵᠢᠬᠦ ᠪᠡ ᠬᠠᠮᠵᠢᠯᠴᠠᠵᠦ ᠂ ᠦᠪᠡᠷᠳᠡᠬᠡᠨ ᠬᠠᠷᠢᠭᠤᠴᠠᠭᠰᠠᠨ᠎ᠢᠶᠠᠷ ᠨᠡᠢᠬᠡᠮ᠎ᠳ᠋ᠤ ᠬᠠᠷᠢᠭᠤᠴᠠᠭᠰᠠᠨ ᠶᠠᠪᠤᠳᠠᠯ ᠪᠤᠯᠬᠤ ᠶᠤᠮ ᠃ ᠡᠷᠴᠢ ᠵᠤᠷᠢᠭ᠎ᠢᠶᠡᠨ ᠬᠦᠪᠴᠢᠯᠠᠨ ᠂ ᠪᠠᠢᠯᠳᠤᠬᠤ ᠤᠪᠤᠷ᠎ᠢᠶᠡᠨ ᠴᠢᠡᠭᠳᠠᠯᠠᠨ ᠂ ᠪᠠᠢᠯᠳᠤᠬᠤ ᠰᠤᠷᠳᠠᠯ᠎ᠢᠶᠡᠨ ᠢᠯᠡᠷᠡᠬᠦᠯᠦᠨ ᠂ ᠴᠠᠭ᠎ᠡᠴᠠ ᠤᠷᠢᠳᠠᠨ ᠂ ᠬᠢᠵᠢᠭ᠎ᠤᠨ ᠪᠠᠢᠳᠠᠯ᠎ᠡᠴᠠ ᠳᠦᠷᠦᠬᠦᠯᠡᠬᠦ᠎ᠪᠠᠷ ᠴᠢᠷᠮᠡᠢᠪᠡᠯ ᠰᠠᠶᠢ ᠡᠨᠡ ᠬᠦ ᠦᠬᠦᠵᠦ ᠰᠡᠬᠡᠬᠦ᠎ᠶᠢᠨ ᠬᠤᠷᠢᠡᠡᠯᠠᠨ ᠠᠷᠢᠯᠭᠠᠬᠤ ᠳᠠᠢᠯᠠᠯᠳᠤᠭᠠᠨ᠎ᠤ ᠢᠯᠠᠯᠳᠠ᠎ᠶᠢ ᠤᠯᠵᠤ ᠴᠢᠳᠠᠨ᠎ᠠ ᠃
ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠪᠤᠯ ᠨᠢᠬᠡᠨ ᠤᠨᠴᠠᠭᠠᠢ ᠳᠡᠮᠡᠴᠡᠯ ᠂ ᠦᠩᠬᠡᠷᠡᠭᠰᠡᠨ᠎ᠤ ᠠᠵᠢᠯ᠎ᠤᠨ ᠳᠤᠷᠰᠢᠯᠭ᠎ᠠ᠎ᠪᠠᠨ ᠦᠨᠳᠦᠰᠦᠯᠡᠬᠦ ᠬᠡᠳᠦᠢ ᠴᠤ ᠬᠠᠭᠤᠴᠢᠨ᠎ᠢᠶᠡᠨ ᠯᠡ ᠪᠠᠷᠢᠮᠳᠡᠯᠡᠵᠦ ᠪᠤᠯᠬᠤ ᠦᠬᠡᠢ ᠃ ᠬᠢᠵᠢᠭ᠎ᠤᠨ ᠪᠠᠢᠳᠡᠯ᠎ᠤᠨ ᠬᠡᠯᠪᠡᠷᠢ ᠮᠠᠢᠭ ᠳᠠᠰᠤᠷᠡᠯᠳᠡ ᠦᠬᠡᠢ ᠬᠤᠪᠢᠷᠡᠵᠦ ᠂ ᠡᠯ᠎ᠠ ᠭᠠᠵᠡᠷ ᠂ ᠡᠯ᠎ᠠ ᠱᠠᠳᠤ ᠳᠠᠪᠬᠤᠷᠭ᠎ᠠ᠎ᠶᠢᠨ ᠪᠠᠢᠳᠡᠯ ᠦᠰᠦᠳ ᠤᠨᠳᠤᠤ ᠂ ᠵᠠᠪᠠᠯ ᠠᠷᠭ᠎ᠠ ᠮᠠᠢᠭ ᠠᠷᠭ᠎ᠠ ᠠᠪᠴᠠᠯ᠎ᠢ ᠠᠩᠬᠠᠷᠤᠨ ᠡᠷᠬᠢᠮᠯᠡᠵᠦ ᠂ ᠪᠤᠳᠠᠳᠤ ᠪᠠᠢᠳᠡᠯ ᠪᠡ ᠳᠤᠬᠠᠢ᠎ᠶᠢᠨ ᠭᠠᠵᠠᠷ᠎ᠡᠴᠠ᠎ᠪᠠᠨ ᠡᠬᠦᠰᠦᠨ ᠴᠢᠭᠯᠡᠬᠦᠯᠦᠯᠳᠦ ᠴᠢᠨᠡᠷ᠎ᠲᠠᠢ ᠠᠷᠭ᠎ᠠ ᠬᠡᠮᠵᠢᠶ᠎ᠠ᠎ᠶᠢ ᠠᠪᠴᠦ ᠂ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ ᠳᠤᠮᠳᠠᠬᠢ ᠡᠯ᠎ᠠ ᠵᠦᠢᠯ᠎ᠤᠨ ᠵᠦᠷᠢᠴᠡᠯ ᠪᠡ ᠠᠰᠠᠭᠤᠳᠠᠯ᠎ᠢ ᠰᠢᠢᠳᠪᠤᠷᠢᠯᠡᠬᠦ ᠭᠡᠷᠡᠭᠳᠡᠢ ᠃ ᠠᠭᠤᠯᠡ ᠬᠦᠨᠳᠡᠯᠢᠳᠪᠡᠯ ᠵᠠᠮ ᠨᠡᠬᠡᠬᠡᠵᠦ ᠂ ᠤᠰᠦ ᠬᠠᠰᠢᠪᠡᠰᠦ ᠬᠦᠬᠦᠷᠬᠡ ᠳᠠᠯᠪᠢᠵᠦ ᠂ ᠨᠦᠬᠦᠴᠡᠯ ᠪᠤᠯᠤᠮᠵᠢ᠎ᠶᠢ ᠪᠤᠢ ᠪᠤᠯᠭᠠᠵᠦ ᠂ ᠠᠷᠭ᠎ᠠ ᠰᠦᠪᠡᠭᠴᠢᠯᠡᠨ ᠠᠰᠢᠭ ᠦᠬᠡᠢ ᠡᠯᠸᠮᠸᠨ᠋ᠲ᠎ᠢ ᠠᠰᠢᠭᠳᠠᠢ ᠨᠦᠬᠦᠴᠡᠯ ᠪᠤᠯᠭᠠᠨ᠎ᠠ ᠃ ᠤᠨᠴᠠᠭᠠᠢ ᠪᠠᠢᠳᠠᠯ᠎ᠳ᠋ᠤ ᠤᠨᠴᠠᠭᠠᠢ ᠠᠷᠭ᠎ᠠ ᠪᠤᠳᠤᠯᠭ᠎ᠠ ᠠᠪᠴᠦ ᠂ ᠠᠮᠢᠳᠤᠯᠢᠭ ᠬᠦᠳᠡᠯᠤᠯᠴᠠᠵᠤ ᠂ ᠨᠢᠭᠳᠠ ᠬᠠᠮᠵᠢᠯᠴᠠᠨ ᠂ ᠦᠨᠳᠦᠷ ᠦᠷ᠎ᠠ ᠠᠰᠢᠭ᠎ᠲᠠᠢ ᠬᠠᠮᠳᠤᠷᠡᠯᠴᠡᠪᠠᠯ ᠰᠠᠶᠢ ᠡᠯ᠎ᠠ ᠵᠠᠩᠬᠢᠯᠠᠭ᠎ᠠ᠎ᠶᠢᠨ ᠠᠵᠢᠯ ᠡᠷᠴᠢᠮ᠎ᠲᠠᠢ ᠦᠷ᠎ᠠ ᠪᠦᠳᠦᠮᠵᠢ᠎ᠲᠠᠢ ᠶᠠᠪᠤᠭᠳᠠᠬᠤ᠎ᠶᠢ ᠪᠠᠳᠤᠯᠠᠨ ᠂ ᠡᠯ᠎ᠠ ᠵᠦᠢᠯ᠎ᠤᠨ ᠰᠡᠷᠬᠡᠢᠯᠡᠨ ᠡᠵᠡᠮᠳᠡᠬᠦ ᠠᠵᠢᠯ᠎ᠤᠨ ᠨᠠᠷᠢᠯᠢᠭ ᠪᠤᠳᠠᠳᠠᠢ᠎ᠶᠢ ᠪᠠᠳᠤᠯᠠᠵᠦ ᠂ ᠰᠠᠭᠠᠳ ᠳᠤᠳᠬᠠᠷ ᠦᠬᠡᠢ᠎ᠪᠠᠷ ᠂ ᠪᠠᠢᠯᠳᠤᠭᠠᠨ᠎ᠤ ᠠᠰᠢᠭᠳᠠᠢ ᠨᠦᠬᠦᠴᠡᠯ᠎ᠢ ᠪᠦᠷᠢᠳᠦᠬᠦᠯᠵᠦ ᠂ ᠬᠠᠮᠤᠭ᠎ᠤᠨ ᠲᠦᠷᠭᠡᠨ ᠬᠠᠮᠤᠭ᠎ᠤᠨ ᠦᠷ᠎ᠠ ᠠᠰᠢᠭ ᠪᠦᠬᠦᠢ ᠠᠷᠭ᠎ᠠ᠎ᠪᠠᠷ ᠪᠠᠢᠯᠳᠤᠬᠤ ᠠᠷᠭ᠎ᠠ᠎ᠶᠢᠨ ᠬᠠᠷᠡᠯᠳᠡ᠎ᠶᠢ ᠪᠠᠶᠡᠯᠡᠬᠦᠯᠵᠤ ᠴᠢᠳᠠᠨ᠎ᠠ ᠃
ᠡᠪᠦᠯ ᠡᠪᠦᠯ᠎ᠢᠶᠠᠷ᠎ᠢᠶᠡᠨ ᠪᠠᠢᠬᠤ ᠦᠬᠡᠢ ᠂ ᠬᠠᠪᠤᠷ ᠢᠷᠡᠳᠡᠭ᠎ᠢᠶᠠᠷ᠎ᠢᠶᠡᠨ ᠢᠷᠡᠨ᠎ᠠ ᠃ ᠪᠡᠷᠬᠡ᠎ᠶᠢ ᠰᠦᠷᠬᠦ ᠤᠮᠤᠬ ᠵᠤᠷᠢᠭ᠎ᠢᠶᠠᠷ ᠂ ᠤᠷᠤᠭᠰᠢ ᠳᠡᠮᠡᠦᠯᠬᠦ ᠡᠷᠴᠢ ᠬᠦᠴᠦ᠎ᠪᠠᠷ ᠂ ᠪᠦᠬᠦᠨ᠎ᠢ ᠳᠤᠭᠤᠯᠬᠤ ᠳᠠᠭᠠᠭᠠᠮᠠᠭᠠᠢ ᠴᠢᠨᠡᠷ᠎ᠢᠶᠠᠷ ᠴᠠᠭ ᠮᠦᠴᠡ᠎ᠲᠠᠢ ᠤᠷᠤᠯᠳᠤᠨ ᠂ ᠪᠡᠬᠢᠯᠡᠯᠳᠡ᠎ᠶᠢ ᠰᠢᠪᠳᠤᠯᠤᠨ ᠳᠦᠮᠡᠨ ᠤᠯᠠᠨ᠎ᠢᠶᠠᠷ᠎ᠢᠶᠡᠨ ᠨᠢᠭᠳᠠᠷᠡᠵᠦ ᠂ ᠬᠦᠴᠦ᠎ᠪᠠᠨ ᠬᠠᠮᠳᠤᠳᠬᠠᠪᠡᠯ ᠪᠢᠳᠡ ᠯᠠᠪᠳᠠᠢ ᠠᠯᠢᠪᠠ ᠬᠦᠴᠢᠷ ᠪᠡᠷᠬᠡ᠎ᠶᠢ ᠳᠠᠪᠠᠨ ᠳᠤᠭᠤᠯᠵᠦ ᠂ ᠬᠢᠵᠢᠭ᠎ᠤᠨ ᠪᠡᠢᠳᠡᠯ᠎ᠢ ᠰᠡᠷᠬᠡᠢᠯᠡᠨ ᠡᠵᠡᠮᠳᠡᠵᠦ ᠬᠤᠷᠢᠡᠡᠯᠡᠨ ᠠᠷᠢᠯᠭᠠᠬᠤ ᠳᠠᠢᠯᠠᠯᠳᠤᠭᠠᠨ᠎ᠤ ᠡᠴᠦᠰ᠎ᠤᠨ ᠢᠯᠡᠯᠳᠡ᠎ᠶᠢ ᠳᠡᠮᠡᠴᠡᠨ ᠤᠯᠬᠤ᠎ᠨᠢ ᠯᠠᠪᠳᠠᠢ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠠᠷᠢᠭᠤᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面