2020-02-16 16:18:14
ᠣᠨᠳᠠᠭᠠ ᠦᠭᠡᠢ ᠯᠡ ᠲᠠᠯᠠᠢ ᠮᠡᠳᠦ ᠴᠡᠴᠡᠭ ᠬᠣᠸᠠᠷ ᠤᠨ ᠲᠣᠮᠳᠠᠭᠣᠷ
ᠣᠳᠣᠭ᠎ᠠ ᠦᠭᠡᠢ ᠯᠡ ᠲᠠᠢᠨᠤ ᠴᠡᠷᠢᠭ ᠤᠨ ᠬᠣᠸᠠᠷᠠᠨ ᠲᠡᠭᠡᠭᠦᠷ
ᠣᠶᠠᠩᠭᠠᠨ ᠪᠦᠷᠢᠶ᠎ᠡ ᠬᠠᠩᠭᠢᠨᠠᠨ ᠲᠠᠭᠣᠷᠢᠰᠣᠭᠰᠠᠭᠠᠷ ᠪᠠᠢᠨ᠎ᠠ ᠡ
ᠣᠷᠢᠶᠠᠯᠠᠨ ᠪᠦᠭᠦᠳᠡ ᠶᠢ ᠰᠡᠷᠢᠭᠡᠨ ᠲᠠᠭᠣᠳᠠᠭᠰᠠᠭᠠᠷ ᠪᠠᠢᠨ᠎ᠠ ᠡ
ᠲᠠᠢᠨᠤ ᠪᠦᠷᠢᠶ᠎ᠠ ᠬᠠᠩᠭᠢᠨᠠᠨ ᠬᠠᠩᠭᠢᠨᠠᠨ ᠲᠣᠣᠭᠠᠷᠴᠣ ᠪᠠᠢᠨ᠎ᠠ
ᠲᠠᠭᠠᠷᠢᠭᠠᠳ ᠣᠷᠣ ᠭᠡᠵᠣ ᠲᠠᠩᠭᠢᠨᠠᠨ ᠲᠠᠩᠭᠢᠨᠠᠨ ᠴᠣᠣᠷᠢᠶᠠᠯᠠᠵᠣ ᠪᠠᠢᠨ᠎ᠠ
ᠲᠠᠪᠭᠢᠵᠣ ᠶᠠᠪᠣᠭ᠎ᠠ ᠴᠠᠭ ᠮᠦᠴᠡ ᠴᠦ ᠵᠠᠷᠯᠢᠭ
ᠲᠠᠢᠳᠣᠵᠣ ᠪᠠᠢᠭ᠎ᠠ ᠬᠦᠮᠦᠨ ᠠᠷᠠᠳ ᠮᠢᠨᠢ ᠴᠦ ᠵᠢᠪᠬᠣᠭᠠᠯᠢᠭ
ᠭᠢᠵᠢᠭ ᠤᠨ ᠡᠮᠦᠨ᠎ᠡ ᠬᠡᠨ ᠨᠢ ᠴᠦ ᠵᠣᠷᠢᠭᠳᠠᠢ ᠪᠠᠢ
ᠭᠢᠯᠢᠯᠢᠭ ᠲᠡᠭᠡᠰᠣᠨ ᠡᠴᠡ ᠪᠡᠨ ᠢᠮᠠᠭᠳᠠ ᠣᠢᠷᠠᠬᠠᠨ ᠪᠠᠢ
ᠭᠠᠳᠠᠨ᠎ᠠ ᠡᠴᠡ ᠢᠷᠡᠬᠦ ᠬᠦᠮᠦᠨ ᠬᠠᠷ᠎ᠠ ᠶᠢ ᠰᠡᠷᠭᠡᠢᠯᠡ
ᠭᠠᠮᠰᠢᠭ ᠭᠠᠢ ᠶᠢ ᠬᠢᠨᠠᠨ ᠡᠵᠡᠮᠳᠡᠵᠣ ᠬᠡᠷᠰᠡᠦᠯᠡ
ᠲᠠᠨᠢᠯ ᠬᠦᠮᠦᠨ ᠳ᠋ᠡᠭᠡᠨ ᠲᠠᠨᠢᠬᠣ ᠦᠭᠡᠢ ᠶᠣᠮᠰᠢᠭ ᠠᠭᠠᠰᠢᠯᠠ
ᠲᠠᠮᠠᠭᠢᠨ ᠭᠠᠩᠰᠠ ᠪᠡᠨ ᠰᠣᠯᠢᠯᠴᠠᠵᠣ ᠪᠢᠳᠡᠭᠡᠢ ᠨᠠᠭᠠᠰᠢᠯᠠ
ᠲᠠᠨᠤ ᠮᠠᠨᠤ ᠡᠷᠡᠭᠦᠯ ᠮᠡᠨᠳᠦ ᠪᠡᠨ ᠪᠣᠳᠣᠯᠭᠢᠯᠠ
ᠲᠠᠩᠰᠣᠭ ᠵᠢᠷᠭᠠᠯ ᠤᠨ ᠢᠷᠦᠭᠡᠯ ᠬᠡᠯᠡᠭᠡᠳ ᠰᠠᠯᠣᠯᠴᠠ
ᠣᠯᠠᠭᠠᠨ ᠱᠣᠭᠣᠮ ᠤᠨ ᠨᠠᠭᠠᠨ᠎ᠠ ᠴᠠᠭᠠᠨ᠎ᠠ ᠡᠴᠡ ᠲᠣᠭᠢᠯᠴᠠ
ᠣᠳᠠᠰᠣᠨ ᠲᠡᠭᠡᠷ᠎ᠡ ᠪᠡᠨ ᠲᠠᠭᠣ ᠬᠣᠭᠣᠯᠠᠢ ᠠᠪᠣᠯᠴᠠ
ᠣᠷᠳᠣᠬᠠᠨ ᠨᠠᠰᠣᠳᠠᠢ ᠡᠪᠦᠭᠡ ᠨᠢ ᠴᠦ ᠪᠣᠣ ᠠᠶᠣᠯᠭᠠᠭ
ᠠᠭᠣᠯᠵᠠᠬᠣ ᠪᠡᠷ ᠢᠷᠡᠭᠰᠡᠨ ᠦᠭᠡᠢ ᠭᠡᠵᠣ ᠵᠠᠯᠠᠭᠣᠰ ᠲᠠᠭᠠᠨ ᠪᠢᠳᠡᠭᠡᠢ ᠭᠣᠮᠣᠳᠠ
ᠴᠠᠭᠠᠨ ᠰᠠᠷ᠎ᠠ ᠦᠭᠡᠢ ᠴᠠᠭᠠᠨ ᠰᠠᠷ᠎ᠠ ᠪᠡᠨ ᠣᠢᠯᠭᠠᠯᠴᠠ
ᠴᠠᠭᠠᠨ᠎ᠠ ᠶᠠᠭᠣ ᠪᠣᠯᠣᠭ᠎ᠠ ᠶᠢ ᠰᠡᠷᠭᠡᠢ ᠨᠢᠳᠣ ᠪᠡᠷ ᠬᠠᠷᠠᠯᠴᠠ
ᠴᠠᠭ ᠢ ᠰᠢᠬᠠᠵᠣ ᠲᠠᠢᠨ ᠳ᠋ᠥ ᠪᠣᠰᠢᠭᠣ ᠣᠷᠣᠯᠴᠠ
ᠴᠠᠭᠠᠨ ᠬᠣᠪᠴᠠᠰᠣᠳᠠᠢ ᠬᠣᠰᠢᠭᠣᠴᠢ ᠨᠠᠷ ᠡᠴᠡ ᠰᠣᠷᠣᠯᠴᠠ
ᠴᠢᠳᠠᠯ ᠴᠢᠳᠠᠯᠢᠶᠠᠷᠢᠶᠡᠨ ᠨᠡᠮᠡᠷᠢ ᠬᠠᠨᠳᠢᠪᠢᠶᠡᠨ ᠡᠷᠭᠦ
ᠴᠢᠷᠠᠢ ᠴᠢᠷᠠᠢ ᠪᠠᠷᠢᠶᠡᠨ ᠮᠦᠰᠢᠶᠡᠳᠦ ᠪᠡᠨ ᠴᠦ ᠪᠡᠯᠡᠭᠯᠡᠵᠣ ᠲᠡᠳᠭᠦ
ᠴᠣᠣᠷᠬᠠᠯ ᠤᠨ ᠫᠣᠣ ᠲᠣᠣᠭᠠᠷᠪᠠᠯ ᠴᠢᠭᠢ ᠪᠡᠨ ᠪᠦᠭᠯᠡ
ᠴᠢᠬᠣᠯᠠ ᠲᠠᠢ ᠦᠶ᠎ᠡ ᠳ᠋ᠥ ᠶᠠᠭᠣ ᠪᠡᠨ ᠴᠦ ᠪᠣᠣ ᠬᠠᠢᠷᠠᠯᠠ
ᠨᠢᠭᠳᠠᠷᠠᠯ ᠪᠣᠯ ᠢᠯᠠᠯᠳᠠ ᠶᠢᠨ ᠲᠣᠭ ᠲᠡᠮᠳᠡᠭ ᠮᠦᠨ
ᠨᠠᠷᠢᠨ ᠨᠢᠮᠪᠠᠢ ᠪᠣᠯ ᠢᠷᠠᠭᠣ ᠰᠠᠢᠬᠠᠨᠤ ᠪᠡᠯᠭᠡ ᠮᠦᠨ
ᠨᠠᠢᠷᠠᠭ ᠰᠢᠯᠦᠭᠢᠶᠠᠷᠢᠶᠡᠨ ᠴᠦ ᠭᠢᠵᠢᠭ ᠤᠨ ᠡᠰᠡᠷᠭᠦ ᠲᠠᠷᠨᠢᠳᠠ
ᠨᠠᠢᠵᠠ ᠨᠠᠷ ᠡ ᠂ ᠢᠯᠠᠯᠳᠠ ᠪᠣᠯ ᠮᠠᠨᠤ ᠭᠢ ᠬᠡᠵᠢᠶᠡᠳᠡ ︕

ᠣᠯᠠᠭᠠᠨᠬᠠᠳᠠ ᠬᠣᠳᠠ ᠶᠢᠨ ᠪᠠᠭᠠᠡᠢᠨ ᠪᠠᠷᠠᠭᠣᠨ ᠬᠣᠰᠢᠭᠣᠨᠤ
ᠳ᠋ᠠᠪᠠᠨ ᠪᠠᠯᠭᠠᠰᠣ ᠶᠢᠨ ᠪᠠᠶᠠᠨᠬᠠᠨ ᠭᠠᠴᠠᠭᠠᠨᠤ ᠮᠠᠯᠴᠢᠨ
ᠣᠳᠠᠰᠣ 17647698505
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠠᠷᠢᠭᠤᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃