2020-02-18 13:53:10
ᠠᠰᠠᠭᠤᠯᠳᠠ ᠄ ᠠᠮᠠᠪᠴᠢ ᠵᠡᠭᠦᠬᠦ ᠪᠤᠯ ᠰᠢᠨ᠎ᠠ ᠲᠢᠳᠢᠮᠯᠢᠭ ᠠᠭᠤᠰᠬᠢᠨ ᠦᠷᠪᠢᠰᠦᠯ᠎ᠤᠨ ᠸᠢᠷᠦᠢᠰᠢ ᠬᠤᠷᠢᠠᠠᠯᠠᠬᠤ ᠦᠨᠳᠦᠰᠦᠨ ᠠᠷᠭ᠎ᠠ ᠪᠤᠯᠤᠨ᠎ᠠ ᠂ ᠲᠡᠭᠡᠪᠡᠯ ᠪᠢᠳᠡ ᠭᠠᠷ᠎ᠲᠠᠭᠠᠨ ᠪᠠᠢᠭ᠎ᠠ ᠲᠤᠭ᠎ᠠ᠎ᠲᠠᠢ ᠬᠡᠳᠦᠨ ᠠᠮᠠᠪᠴᠢ᠎ᠪᠠᠨ ᠬᠡᠷᠬᠢᠨ ᠰᠠᠢᠳᠤᠷ ᠬᠡᠷᠡᠭᠯᠡᠵᠦ ᠂ ᠬᠡᠷᠡᠭᠯᠡᠬᠦ ᠴᠠᠭ᠎ᠢ᠎ᠨᠢ ᠤᠷᠳᠤᠳᠬᠠᠨ ᠂ ᠲᠠᠷᠠᠴᠢᠯᠠᠨ ᠠᠮᠤᠷ ᠲᠦᠪᠰᠢᠨ ᠪᠦᠭᠡᠳ ᠪᠦᠳᠦᠮᠵᠢᠳᠡᠢ᠎ᠪᠠᠷ ᠦᠪᠡᠷ᠎ᠤᠨ ᠡᠷᠡᠭᠦᠯ ᠮᠡᠨᠳᠦ᠎ᠪᠠᠨ ᠬᠠᠮᠠᠭᠠᠯᠠᠬᠤ ᠪᠢᠯᠡ ︖
ᠬᠠᠷᠢᠭᠤᠯᠳᠠ ᠄ ᠠᠮᠠᠪᠴᠢ ᠵᠡᠭᠦᠬᠦ ᠡᠰᠡᠬᠦ ᠂ ᠶᠠᠮᠠᠷ ᠠᠮᠠᠪᠴᠢ ᠵᠡᠭᠦᠪᠡᠯ ᠵᠤᠬᠢᠬᠤ ᠲᠤᠬᠠᠢ ᠦᠪᠡᠷ᠎ᠤᠨ ᠪᠠᠢᠭ᠎ᠠ ᠤᠷᠴᠢᠨ ᠲᠤᠭᠤᠷᠢᠨ᠎ᠢᠶᠡᠨ ᠦᠨᠳᠦᠰᠦᠯᠡᠵᠦ ᠪᠠᠢᠮᠠᠨᠵᠢᠨ ᠲᠤᠭᠳᠠᠭᠠᠨ᠎ᠠ ᠃
1. ᠬᠡᠷᠪᠡ ᠭᠠᠭᠴᠠᠭᠠᠷ ᠪᠠᠢᠪᠠᠯ ᠂ ᠭᠠᠳᠠᠨᠠᠬᠢ ᠬᠦᠮᠦᠨ᠎ᠲᠠᠢ ᠨᠢᠭᠳᠠ ᠬᠠᠷᠢᠯᠴᠠᠭᠰᠠᠨ ᠦᠭᠡᠢ ᠪᠤᠯ ᠠᠮᠠᠪᠴᠢ ᠵᠡᠭᠦᠬᠦ ᠦᠭᠡᠢ᠎ᠳ᠋ᠤ ᠪᠤᠯᠤᠨ᠎ᠠ ︔ ᠨᠢᠭᠡ ᠭᠡᠷ᠎ᠤᠨ ᠬᠦᠮᠦᠨ ᠡᠷᠡᠭᠦᠯ ᠮᠡᠨᠳᠦ ᠭᠡᠷ᠎ᠲᠡᠭᠡᠨ ᠪᠠᠢᠬᠤ ᠪᠤᠶᠤ ᠬᠤᠪᠢ᠎ᠶᠢᠨ ᠮᠠᠰᠢᠨ ᠲᠡᠷᠭᠡᠨ᠎ᠳ᠋ᠤ ᠰᠠᠭᠤᠳᠠᠭ᠎ᠲᠤ ᠬᠦᠷᠪᠠᠯ ᠠᠮᠠᠪᠴᠢ ᠵᠡᠭᠦᠬᠦ ᠦᠭᠡᠢ᠎ᠳ᠋ᠤ ᠪᠤᠯᠤᠨ᠎ᠠ ᠃
2. ᠬᠡᠷᠪᠡ ᠬᠦᠮᠦᠨ ᠤᠯᠠᠨ᠎ᠲᠠᠢ ᠤᠯᠠᠨ ᠨᠡᠢᠳᠡ᠎ᠶᠢᠨ ᠲᠠᠯᠠᠪᠤᠷ᠎ᠢᠶᠠᠷ ᠭᠠᠷᠴᠤ ᠤᠷᠤᠬᠤ ᠂ ᠵᠢᠱᠢᠶᠡᠯᠡᠪᠡᠯ ᠨᠡᠢᠳᠡ᠎ᠶᠢᠨ ᠵᠠᠮ ᠬᠠᠷᠢᠯᠴᠠᠭᠠᠨ᠎ᠤ ᠮᠠᠰᠢᠨ ᠲᠡᠷᠭᠡᠨ᠎ᠳ᠋ᠤ ᠰᠠᠭᠤᠬᠤ ᠂ ᠬᠡᠳᠦ ᠲᠡᠯᠭᠡᠭᠦᠷ᠎ᠲᠤ ᠬᠦᠷᠴᠤ ᠪᠠᠷᠠᠭ᠎ᠠ ᠬᠤᠳᠠᠯᠳᠤᠨ ᠠᠪᠬᠤ ᠂ ᠴᠠᠬᠢᠯᠭᠠᠨ ᠱᠠᠳᠤᠨ᠎ᠳ᠋ᠤ ᠭᠠᠷᠬᠤ ᠂ ᠪᠢᠳᠡᠭᠦᠮᠵᠢᠯᠡᠨ ᠠᠵᠢᠯᠯᠠᠬᠤ ᠵᠡᠷᠭᠡ ᠪᠠᠢᠳᠠᠯ᠎ᠳ᠋ᠤ ᠡᠩ᠎ᠤᠨ ᠡᠮᠨᠡᠯᠭᠡ᠎ᠶᠢᠨ ᠠᠮᠠᠪᠴᠢ ᠵᠡᠭᠦᠵᠦ ᠪᠤᠯᠤᠨ᠎ᠠ ᠃ ᠭᠡᠷ᠎ᠲᠡᠭᠡᠨ ᠬᠠᠷᠢᠭᠰᠠᠨ᠎ᠤ ᠲᠠᠷᠠᠭ᠎ᠠ ᠂ ᠠᠮᠠᠪᠴᠢ᠎ᠪᠠᠨ ᠴᠡᠪᠡᠷ ᠂ ᠬᠠᠭᠤᠷᠠᠢ ᠂ ᠰᠠᠯᠬᠢ ᠨᠡᠪᠳᠡᠷᠡᠬᠦ ᠤᠷᠴᠢᠨ᠎ᠳ᠋ᠤ ᠬᠠᠳᠠᠭᠠᠪᠠᠯ ᠲᠠᠬᠢᠨᠳᠠ ᠬᠡᠷᠡᠭᠯᠡᠵᠦ ᠪᠤᠯᠤᠨ᠎ᠠ ᠃
3. ᠬᠦᠮᠦᠨ ᠤᠯᠠᠨ ᠴᠤᠭᠯᠠᠷᠠᠳᠠᠭ ᠭᠠᠵᠠᠷ᠎ᠤᠨ ᠠᠵᠢᠯᠳᠠᠨ ᠂ ᠬᠢᠵᠢᠭ᠎ᠤᠨ ᠪᠠᠢᠳᠠᠯ᠎ᠲᠠᠢ ᠬᠤᠯᠪᠤᠭᠳᠠᠬᠤ ᠵᠠᠰᠠᠭ ᠵᠠᠬᠢᠷᠭᠠᠨ᠎ᠤ ᠬᠠᠮᠢᠶᠠᠷᠤᠭᠴᠢ ᠂ ᠵᠢᠱᠢᠶᠡᠯᠡᠪᠡᠯ ᠂ ᠴᠠᠭᠳᠠᠭ᠎ᠠ ᠂ ᠠᠮᠤᠷ᠎ᠢ ᠬᠠᠮᠠᠭᠠᠯᠠᠭᠴᠢ ᠂ ᠲᠦᠷᠭᠡᠨ ᠬᠦᠷᠭᠡᠭᠴᠢ ᠵᠢᠴᠢ ᠡᠩ᠎ᠤᠨ ᠡᠭᠦᠳᠡᠨ ᠡᠮᠨᠡᠯᠭᠡ ᠂ ᠡᠪᠡᠳᠴᠢᠳᠡᠨ᠎ᠤ ᠦᠷᠦᠭᠡ᠎ᠶᠢᠨ ᠡᠮᠴᠢ ᠰᠤᠪᠢᠯᠠᠭᠴᠢ ᠂ ᠭᠡᠷ᠎ᠲᠡᠭᠡᠨ ᠲᠤᠰᠠᠭᠠᠷᠯᠠᠭᠴᠢ ᠵᠢᠴᠢ ᠲᠡᠭᠦᠨ᠎ᠤ ᠭᠡᠷ᠎ᠤᠨ ᠬᠦᠮᠦᠰ ᠡᠮᠨᠡᠯᠭᠡ᠎ᠶᠢᠨ ᠭᠠᠳᠠᠷ ᠡᠮᠨᠡᠯᠭᠡ᠎ᠶᠢᠨ ᠠᠮᠠᠪᠴᠢ ᠵᠡᠭᠦᠪᠡᠯ ᠵᠤᠬᠢᠨ᠎ᠠ ᠃ ᠡᠨᠡ ᠦᠶᠡᠰ ᠪᠤᠳᠠᠳᠠᠢ ᠪᠠᠢᠳᠠᠯ᠎ᠢᠶᠡᠨ ᠦᠨᠳᠦᠰᠦᠯᠡᠨ ᠂ ᠠᠮᠠᠪᠴᠢ᠎ᠶᠢᠨ ᠬᠡᠷᠡᠭᠯᠡᠬᠦ ᠴᠠᠭ᠎ᠤᠨ ᠤᠷᠳᠤ ᠪᠤᠯᠤᠨ ᠰᠤᠯᠢᠬᠤ ᠲᠠᠪᠳᠠᠮᠵᠢ᠎ᠶᠢ ᠤᠷᠳᠤᠳᠬᠠᠵᠤ ᠪᠤᠯᠤᠨ᠎ᠠ ᠂ ᠭᠡᠳᠡᠯ᠎ᠠ ᠠᠮᠠᠪᠴᠢ ᠡᠪᠳᠡᠷᠡᠬᠦ ᠂ ᠪᠢᠳᠡᠭᠦᠮᠵᠢᠯᠡᠬᠦ ᠴᠢᠨᠠᠷ᠎ᠨᠢ ᠠᠨᠠᠢ ᠪᠤᠯᠬᠤ ᠪᠤᠶᠤ ᠠᠮᠢᠰᠬᠤᠯ᠎ᠤᠨ ᠰᠠᠭᠠᠳᠠᠭᠤᠯᠬᠤ ᠬᠦᠴᠦ ᠶᠡᠭᠡᠳᠬᠦ ᠦᠶᠡᠰ ᠡᠷᠭᠡᠪᠰᠢ ᠰᠤᠯᠢᠬᠤ ᠬᠡᠷᠡᠭᠳᠡᠢ ᠃
︵ ᠢᠷᠡᠯᠳᠡ ᠄ ᠡᠷᠡᠭᠦᠯ ᠡᠩᠬᠡ ᠳᠤᠮᠳᠠᠳᠤ ᠤᠯᠤᠰ︶
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠴᠣᠷᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃