ᠵᠢᠷᠭᠤᠭᠠᠨ ᠲᠣᠭᠲᠠᠪᠤᠷᠢᠵᠢᠯ᠎ᠢ᠋ ᠪᠠᠲᠤᠯᠠᠶ᠎ᠠ > ᠲᠠᠢᠯᠤᠮᠵᠢ

2020-02-19 12:48:21

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠠᠰᠠᠭᠤᠯᠲᠠ ᠄ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠠᠬᠦ ᠬᠤᠭᠤᠴᠠᠭᠠᠨ᠎ᠳ᠋ᠤ ᠂ ᠬᠡᠷ ᠪᠦᠯᠢ᠎ᠶᠢᠨ ᠢᠳᠡᠭᠡᠨ᠎ᠤ ᠮᠠᠲ᠋ᠧᠷᠢᠶᠠᠯ ᠬᠤᠳᠠᠯᠳᠤᠨ ᠠᠪᠬᠤ ᠪᠠ ᠬᠠᠳᠠᠭᠠᠯᠠᠬᠤ᠎ᠳ᠋ᠤ ᠶᠠᠭᠤ᠎ᠶᠢ ᠠᠩᠬᠠᠷᠬᠤ ᠴᠢᠬᠤᠯᠠᠳᠠᠢ ᠪᠤᠢ ︖
ᠬᠠᠷᠢᠭᠤᠯᠲᠠ ᠄ 1. ᠵᠢᠩᠬᠢᠨᠢ ᠬᠠᠮ ᠳᠡᠯᠭᠡᠭᠦᠷ ᠂ ᠨᠣᠭᠣᠭ᠎ᠠ᠎ᠶᠢᠨ ᠳᠡᠯᠭᠡᠭᠦᠷ ᠵᠡᠷᠭᠡ᠎ᠳ᠋ᠤ ᠬᠦᠷᠴᠦ ᠢᠳᠡᠭᠡᠨ᠎ᠤ ᠮᠠᠲ᠋ᠧᠷᠢᠶᠠᠯ ᠬᠤᠳᠠᠯᠳᠤᠨ ᠠᠪᠬᠤ᠎ᠶᠢᠨ ᠬᠠᠮᠲᠤ ᠡᠷᠬᠡᠪᠰᠢ ᠬᠤᠪᠢ ᠬᠥᠮᠦᠨ᠎ᠤ ᠬᠠᠮᠠᠭᠠᠯᠠᠯᠲᠠ᠎ᠶᠢ ᠰᠠᠢᠲᠤᠷ ᠬᠢᠬᠦ ᠬᠡᠷᠡᠭᠲᠡᠶ ᠃ ᠬᠡᠭᠡᠷ᠎ᠡ᠎ᠶᠢᠨ ᠠᠮᠢᠲᠠᠨ᠎ᠢ ᠬᠤᠳᠠᠯᠳᠤᠨ ᠠᠪᠬᠤ ᠪᠤᠶᠤ ᠢᠳᠡᠵᠦ ᠤᠬᠳᠤ ᠪᠣᠯᠬᠤ ᠦᠭᠡᠢ ᠂ ᠠᠮᠢᠳᠤ ᠮᠠᠯ ᠵᠢᠭᠦᠷᠲᠡᠨ᠎ᠢ ᠥᠪᠡᠷ᠎ᠢᠶᠡᠨ ᠠᠯᠠᠵᠤ ᠨᠢᠳᠤᠯᠵᠤ ᠪᠣᠯᠬᠤ ᠦᠭᠡᠢ ᠂ ᠢᠷᠡᠯᠲᠡ᠎ᠨᠢ ᠲᠣᠳᠣᠷᠬᠠᠶ ᠪᠤᠰᠤ ᠮᠠᠯ ᠵᠢᠭᠦᠷᠲᠡᠨ᠎ᠤ ᠮᠢᠬ᠎ᠠ᠎ᠶᠢ ᠢᠳᠡᠵᠤ ᠪᠤᠯᠬᠤ ᠦᠭᠡᠢ ᠃
2. ᠢᠳᠡᠭᠡᠨ᠎ᠢ ᠨᠦᠭᠡᠴᠡᠯᠡᠨ ᠬᠠᠳᠠᠭᠠᠯᠠᠬᠤ ᠦᠭᠡᠢ ᠃ ᠠᠮᠠᠷᠬᠠᠨ ᠢᠯᠵᠢᠷᠡᠬᠦ ᠵᠢᠮᠢᠰ ᠨᠣᠭᠣᠭ᠎ᠠ᠎ᠶᠢ ᠴᠢᠳᠠᠬᠤ᠎ᠶᠢᠨ ᠬᠢᠷᠢ᠎ᠪᠠᠷ ᠪᠠᠷᠢᠨ ᠬᠤᠳᠠᠯᠳᠤᠨ ᠠᠪᠴᠦ ᠪᠠᠷᠢᠨ ᠢᠳᠡᠨ᠎ᠡ ᠃ ᠬᠠᠳᠠᠭᠠᠯᠠᠬᠤ᠎ᠳ᠋ᠤ ᠲᠡᠰᠪᠦᠷᠢᠲᠡᠶ ᠬᠥᠯᠳᠡᠭᠦᠤ ᠮᠢᠬᠠᠨ᠎ᠤ ᠦᠢᠯᠡᠳᠭᠦᠨ ᠪᠠ ᠢᠳᠡᠰᠢᠨ ᠨᠣᠭᠣᠭ᠎ᠠ ᠵᠡᠷᠭᠡ᠎ᠶᠢ ᠵᠣᠬᠢᠬᠤ ᠬᠡᠮᠵᠢᠶ᠎ᠡ᠎ᠪᠠᠷ ᠬᠠᠳᠠᠭᠠᠯᠠᠵᠤ ᠪᠣᠯᠤᠨ᠎ᠠ ᠃
3. ᠬᠤᠭᠤᠴᠠᠭ᠎ᠠ ᠬᠡᠲᠦᠷᠡᠭᠰᠡᠨ ᠢᠳᠡᠭᠡᠨ᠎ᠢ ᠢᠳᠡᠬᠦ ᠦᠭᠡᠢ ᠃
4. ᠢᠳᠡᠭᠡᠨ᠎ᠤ ᠮᠠᠲ᠋ᠧᠷᠢᠶᠠᠯ ᠰᠤᠩᠭᠤᠬᠤ᠎ᠳᠠᠭᠠᠨ ᠮᠢᠬ᠎ᠠ ᠨᠤᠭᠤᠭ᠎ᠠ᠎ᠶᠢ ᠵᠤᠬᠢᠴᠠᠭᠤᠯᠬᠤ ᠂ ᠪᠦᠳᠦᠭᠦᠯᠢᠭ ᠨᠠᠷᠢᠯᠢᠭ᠎ᠢ ᠳᠡᠩᠴᠡᠭᠦᠷᠢᠰᠢᠭᠦᠯᠬᠦ᠎ᠶᠢ ᠠᠩᠬᠠᠷᠴᠦ ᠂ ᠰᠢᠨ᠎ᠡ ᠰᠣᠷᠭᠣᠭ ᠵᠢᠮᠢᠰ ᠨᠣᠭᠣᠭ᠎ᠠ᠎ᠶᠢ ᠢᠯᠡᠭᠦᠬᠡᠨ ᠢᠳᠡᠪᠠᠯ ᠰᠠᠢᠨ ᠃
ᠠᠰᠠᠭᠤᠯᠲᠠ ᠄ ᠬᠣᠭᠣᠯᠠ ᠪᠡᠯᠡᠳᠭᠡᠬᠦ᠎ᠳ᠋ᠤ ᠶᠠᠭᠤ᠎ᠶᠢ ᠠᠩᠬᠠᠷᠪᠠᠯ ᠵᠤᠬᠢᠬᠤ ᠪᠣᠢ ︖
ᠬᠠᠷᠢᠭᠤᠯᠲᠠ ᠄ 1. ᠢᠳᠡᠭᠡᠨ᠎ᠢ ᠲᠤᠢᠯᠪᠤᠷᠢᠲᠠᠶ ᠴᠢᠨᠠᠵᠤ ᠪᠣᠯᠭᠣᠭᠠᠨ᠎ᠠ ᠂ ᠦᠯᠡᠳᠡᠭᠰᠡᠨ ᠨᠣᠭᠣᠭ᠎ᠠ ᠪᠤᠳᠠᠭ᠎ᠠ᠎ᠶᠢ ᠳᠠᠬᠢᠨ ᠢᠳᠡᠬᠦ᠎ᠡᠴᠠ ᠡᠮᠦᠨ᠎ᠡ ᠳᠤᠤᠱᠳᠠᠢ ᠬᠠᠯᠠᠭᠤᠯᠤᠨ᠎ᠠ ᠂ ᠠᠯᠢ ᠴᠢᠳᠠᠬᠤ᠎ᠪᠠᠷ ᠬᠦᠢᠲᠡᠨ ᠵᠠᠭᠤᠰᠢ ᠢᠳᠡᠬᠦ ᠦᠭᠡᠢ ᠃
2. ᠪᠡᠯᠡᠳᠭᠡᠭᠰᠡᠨ ᠢᠳᠡᠭᠡᠨ᠎ᠢ ᠠᠯᠢ ᠲᠦᠷᠭᠡᠨ᠎ᠢᠶᠠᠷ ᠢᠳᠡᠵᠤ ᠳᠠᠭᠤᠰᠬᠠᠨ ᠂ ᠬᠡᠷᠪᠡ ᠴᠠᠭ ᠲᠤᠬᠠᠢ᠎ᠳ᠋ᠤᠨᠢ ᠢᠳᠡᠵᠦ ᠳᠡᠢᠯᠬᠦ ᠦᠭᠡᠢ ᠪᠣᠯ ᠪᠤᠯᠭᠤᠭᠰᠠᠨ ᠢᠳᠡᠭᠡᠨ᠎ᠢ ᠭᠡᠷ᠎ᠤᠨ ᠬᠡᠪ᠎ᠤᠨ ᠳᠤᠯᠠᠭᠠᠨ ᠳᠣᠣᠷ᠎ᠠ ᠳᠠᠯᠪᠢᠬᠤ ᠴᠠᠭ᠎ᠢ 2 ᠴᠠᠭ᠎ᠡᠴᠠ ᠬᠡᠲᠦᠷᠡᠭᠦᠯᠬᠦ ᠦᠭᠡᠢ ᠃
3. ᠬᠤᠭᠤᠯᠠ ᠬᠢᠭᠦ ᠶᠠᠪᠤᠴᠠ᠎ᠳ᠋ᠤ ᠢᠷᠲᠦ ᠪᠠᠭᠠᠵᠢ ᠂ ᠠᠮᠪᠠᠨ ᠂ ᠰᠠᠪᠠ ᠵᠡᠷᠭᠡ᠎ᠶᠢ ᠲᠦᠭᠦᠭᠡᠢ ᠪᠠ ᠪᠣᠯᠭᠤᠭᠠᠭᠰᠠᠨ᠎ᠢᠶᠠᠷ ᠰᠠᠯᠭᠠᠨ ᠬᠡᠷᠡᠭᠯᠡᠵᠤ ᠂ ᠰᠣᠯᠪᠢᠴᠠᠨ ᠪᠣᠬᠢᠷᠲᠤᠬᠤ᠎ᠡᠴᠠ ᠵᠠᠢᠯᠠᠰᠬᠢᠨ᠎ᠡ ᠃
4. ᠭᠠᠷ᠎ᠢᠶᠡᠨ ᠦᠷᠭᠦᠯᠵᠢ ᠤᠬᠢᠶᠠᠨ᠎ᠠ ᠃ ᠬᠣᠭᠣᠯᠠ ᠬᠢᠬᠦ᠎ᠡᠴᠠ ᠡᠮᠦᠨ᠎ᠡ ᠂ ᠬᠣᠭᠣᠯᠠ ᠬᠢᠬᠦ ᠶᠠᠪᠤᠴᠠ᠎ᠳ᠋ᠤ ᠴᠡᠪᠡᠷ ᠪᠤᠰᠤ ᠡᠳ᠋ ᠪᠣᠳᠠᠰ ᠪᠤᠶᠤ ᠭᠠᠳᠠᠭᠠᠯᠠᠭᠰᠠᠨ᠎ᠤ ᠳᠠᠷᠠᠭ᠎ᠠ ᠂ ᠬᠣᠭᠣᠯᠠ ᠬᠢᠵᠦ ᠪᠠᠷᠠᠭᠰᠠᠨ᠎ᠤ ᠳᠠᠷᠠᠭ᠎ᠠ ᠪᠦᠷ ᠤᠷᠤᠰᠤᠮᠠᠯ ᠤᠰᠤ ᠂ ᠭᠠᠷ ᠤᠬᠢᠶᠠᠬᠤ ᠰᠢᠩᠭᠡᠨ ᠡᠳ᠋ ︵ ᠰᠠᠪᠤᠩ ︶᠎ᠢ ᠬᠡᠷᠡᠭᠯᠡᠨ ᠭᠠᠷ᠎ᠢᠶᠡᠨ ᠰᠠᠢᠳᠤᠷ ᠤᠬᠢᠶᠠᠨ᠎ᠠ ᠃
ᠠᠰᠠᠭᠤᠯᠳᠠ ᠄ ᠬᠣᠭᠣᠯᠠᠨ᠎ᠤ ᠰᠠᠪᠠ ᠬᠡᠷᠡᠭᠰᠡᠯ᠎ᠢ ᠬᠡᠷᠬᠢᠨ ᠠᠷᠢᠭᠤᠳᠬᠠᠬᠤ ᠪᠣᠶ ︖
ᠬᠠᠷᠢᠭᠤᠯᠲᠠ ᠄ ᠬᠣᠭᠣᠯᠠᠨ᠎ᠤ ᠬᠡᠷᠡᠭᠰᠡᠯ᠎ᠢ ᠠᠷᠢᠭᠤᠳᠬᠠᠬᠤ᠎ᠳ᠋ᠤ ᠬᠠᠮᠤᠭ᠎ᠤᠨ ᠲᠤᠰᠠ᠎ᠲᠠᠢ ᠂ ᠬᠠᠮᠤᠭ᠎ᠤᠨ ᠠᠮᠤᠷ ᠲᠦᠪᠰᠢᠨ ᠠᠷᠭ᠎ᠠ ᠪᠣᠯ ᠬᠣᠭᠣᠯᠠᠨ᠎ᠤ ᠬᠡᠷᠡᠭᠰᠡᠯ᠎ᠢ ᠤᠬᠢᠶᠠᠵᠤ ᠴᠡᠪᠡᠷᠯᠡᠭᠰᠡᠨ᠎ᠤ ᠳᠠᠷᠠᠭ᠎ᠠ ᠂ ᠪᠤᠴᠠᠯᠤᠭᠰᠠᠨ ᠤᠰᠤᠨ᠎ᠳ᠋ᠤ ᠬᠢᠵᠦ 15  30 ᠮᠢᠨᠦ᠋ᠲ ᠪᠤᠴᠠᠯᠭᠠᠵᠤ ᠠᠷᠢᠭᠤᠳᠬᠠᠨ᠎ᠠ ︔ ᠡᠰᠡᠬᠦᠯ᠎ᠡ ᠬᠣᠭᠣᠯᠠᠨ᠎ᠤ ᠬᠡᠷᠡᠭᠰᠡᠯ᠎ᠢ ᠤᠬᠢᠶᠠᠵᠤ ᠴᠡᠪᠡᠷᠯᠡᠭᠰᠡᠨ᠎ᠤ ᠳᠠᠷᠠᠭ᠎ᠠ 15  30 ᠮᠢᠨᠦ᠋ᠲ ᠵᠢᠩᠨᠡᠨ᠎ᠡ ︔ ᠪᠠᠰᠠ ᠬᠣᠭᠣᠯᠠᠨ᠎ᠤ ᠰᠠᠪᠠ ᠬᠡᠷᠡᠭᠰᠡᠯ᠎ᠢ ᠠᠷᠢᠭᠤᠳᠬᠠᠬᠤ᠎ᠳ᠋ᠤ ᠲᠣᠬᠢᠷᠠᠮᠵᠢᠲᠠᠶ ᠬᠢᠮᠢ᠎ᠶᠢᠨ ᠠᠷᠢᠭᠤᠳᠬᠠᠬᠤ ᠡᠳ᠋᠎ᠢ ᠬᠡᠷᠡᠭᠯᠡᠨ ᠲᠣᠳᠣᠷᠬᠠᠢᠯᠠᠯᠲᠠ ᠶᠣᠰᠣᠭᠠᠷ ᠠᠷᠢᠭᠤᠳᠬᠠᠵᠤ ᠪᠣᠯᠤᠨ᠎ᠠ ᠃
ᠠᠰᠠᠭᠤᠯᠲᠠ ᠄ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠭᠦ ᠬᠤᠭᠤᠴᠠᠭᠠᠨ᠎ᠳ᠋ᠤ ᠪᠢᠳᠡ ᠢᠳᠡᠵᠤ ᠤᠤᠭᠤᠬᠤ᠎ᠪᠠᠨ ᠭᠡᠷᠬᠢᠨ ᠲᠤᠬᠢᠷᠠᠭᠤᠯᠪᠠᠯ ᠵᠤᠬᠢᠬᠤ ︖
ᠬᠠᠷᠢᠭᠤᠯᠲᠠ ᠄ ᠬᠤᠪᠢ ᠬᠥᠮᠦᠨ᠎ᠤ ᠣᠨᠴᠠᠯᠢᠭ᠎ᠢᠶᠡᠨ ᠦᠨᠳᠦᠰᠦᠯᠡᠨ ᠳᠤᠬᠢᠷᠠᠭᠤᠯᠵᠤ ᠢᠳᠡᠨ᠎ᠡ ᠃ ᠮᠢᠬ᠎ᠠ ᠨᠤᠭᠤᠭ᠎ᠠ᠎ᠶᠢ ᠵᠤᠬᠢᠴᠠᠭᠤᠯᠤᠨ ᠂ ᠠᠮᠤ ᠪᠤᠷᠴᠠᠭ᠎ᠢ ᠬᠣᠯᠢᠨ ᠢᠳᠡᠵᠤ ᠂ ᠵᠢᠮᠢᠰ ᠨᠣᠭᠣᠭ᠎ᠠ ᠭᠦᠢᠴᠡᠳ ᠪᠠᠢᠬᠤ᠎ᠶᠢ ᠠᠩᠬᠠᠷᠴᠦ ᠂ ᠲᠠᠷᠭᠤᠨ ᠮᠢᠬ᠎ᠠ ᠂ ᠰᠢᠷᠠᠭᠰᠠᠨ ᠪᠠ ᠳᠠᠪᠤᠰᠤᠯᠠᠭᠰᠠᠨ ᠮᠢᠬᠠᠨ ᠢᠳᠡᠭᠡᠨ᠎ᠢ ᠳᠤᠳᠠᠭᠤ ᠢᠳᠡᠨ᠎ᠠ ᠃ ᠢᠯᠡᠬᠦᠭᠡᠨ ᠤᠰᠤ ᠤᠤᠭᠤᠵᠤ ᠂ ᠪᠡᠶ᠎ᠡ ᠮᠠᠬᠠᠪᠣᠳ᠎ᠤᠨ ᠴᠠᠷᠤᠯᠳᠠ᠎ᠶᠢᠨ ᠴᠢᠳᠠᠪᠤᠷᠢ ᠪᠠ ᠡᠪᠡᠳᠴᠢᠨ᠎ᠤ ᠪᠠᠺᠲ᠋ᠧᠷᠢ᠎ᠶᠢ ᠡᠰᠡᠷᠭᠦᠴᠡᠬᠦ ᠴᠢᠳᠠᠪᠤᠷᠢ᠎ᠶᠢ ᠲᠡᠭᠡᠭᠰᠢᠯᠡᠬᠦᠯᠪᠠᠯ ᠵᠤᠬᠢᠨ᠎ᠠ ᠃
︵ ᠢᠷᠡᠯᠳᠡ ᠄ ᠡᠷᠡᠭᠦᠯ ᠡᠩᠬᠡ ᠳᠤᠮᠳᠠᠳᠤ ᠤᠯᠤᠰ ︶

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠴᠣᠷᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面