2020-02-21 14:19:08
ᠤᠳᠤ ᠪᠤᠯ ᠶᠠᠭ ᠰᠢᠨ᠎ᠠ ᠲᠢᠳᠢᠮᠯᠢᠭ ᠠᠭᠤᠰᠬᠢᠨ ᠦᠷᠪᠢᠰᠦᠯ᠎ᠢ ᠰᠡᠷᠭᠡᠢᠯᠡᠨ ᠡᠵᠡᠮᠳᠡᠬᠦ ᠵᠠᠩᠭᠢᠯᠠᠭ᠎ᠠ᠎ᠶᠢᠨ ᠴᠠᠭ ᠦᠶ᠎ᠠ ᠂ ᠮᠦᠨ ᠴᠦ ᠬᠠᠪᠤᠷ᠎ᠤᠨ ᠤᠯᠠᠷᠢᠯ᠎ᠤᠨ ᠮᠠᠯ ᠠᠵᠤ ᠠᠬᠤᠢ᠎ᠶᠢᠨ ᠦᠢᠯᠡᠳᠪᠦᠷᠢᠯᠡᠯ᠎ᠤᠨ ᠵᠠᠩᠭᠢᠯᠠᠭ᠎ᠠ᠎ᠶᠢᠨ ᠬᠤᠭᠤᠴᠠᠭ᠎ᠠ ᠪᠤᠯᠤᠨ᠎ᠠ ᠃ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠠᠵᠢᠯ᠎ᠢ ᠰᠠᠢᠳᠤᠷ ᠬᠢᠬᠦ ᠰᠠᠭᠤᠷᠢᠨ ᠲᠡᠭᠡᠷ᠎ᠠ ᠂ ᠮᠠᠯ ᠠᠵᠤ ᠠᠬᠤᠢ ᠲᠠᠷᠢᠶᠠᠯᠠᠩ᠎ᠤᠨ ᠦᠢᠯᠡᠳᠪᠦᠷᠢᠯᠡᠯ᠎ᠢ ᠲᠤᠭᠳᠠᠪᠤᠷᠢᠵᠢᠭᠤᠯᠵᠤ ᠂ ᠮᠠᠯ᠎ᠤᠨ ᠠᠰᠢᠭ ᠰᠢᠮ᠎ᠠ᠎ᠶᠢᠨ ᠬᠠᠩᠭᠠᠯᠭ᠎ᠠ᠎ᠶᠢ ᠪᠠᠳᠤᠯᠠᠬᠤ᠎ᠳ᠋ᠤ ᠂ ᠡᠭᠡ ᠮᠠᠯ᠎ᠤᠨ ᠠᠷᠠᠴᠢᠯᠠᠭ᠎ᠠ᠎ᠶᠢ ᠴᠢᠩᠭᠠᠳᠬᠠᠵᠤ ᠂ ᠤᠨᠴᠠᠭᠠᠢᠯᠠᠨ ᠲᠠᠷᠭᠤ ᠬᠦᠴᠦ ᠪᠠ ᠭᠡᠭᠡᠯᠢ ᠰᠠᠢᠳᠤᠷ ᠪᠠᠳᠤᠯᠠᠵᠤ ᠂ ᠲᠦᠯ᠎ᠤᠨ ᠤᠨᠳᠤᠷᠤᠯᠳᠠ᠎ᠶᠢ ᠪᠠᠳᠤᠯᠠᠬᠤ᠎ᠨᠢ ᠲᠤᠩ ᠴᠢᠬᠤᠯᠠ ᠶᠤᠮ ᠃ ᠦᠪᠦᠷ ᠮᠤᠩᠭᠤᠯ᠎ᠤᠨ ᠮᠠᠯ ᠠᠵᠤ ᠠᠬᠤᠢ᠎ᠶᠢᠨ ᠠᠵᠢᠯ᠎ᠤᠨ ᠦᠷᠳᠡᠭᠡ᠎ᠡᠴᠠ ᠵᠠᠩᠭᠢᠯᠠᠭ᠎ᠠ᠎ᠶᠢᠨ ᠮᠡᠷᠭᠡᠵᠢᠯ᠎ᠤᠨ ᠲᠤᠬᠠᠢ ᠲᠠᠢᠯᠤᠮᠵᠢ ᠬᠢᠵᠦ ᠂ ᠮᠠᠯ ᠠᠵᠤ ᠠᠬᠤᠢ᠎ᠶᠢᠨ ᠬᠠᠮᠢᠶ᠎ᠠ ᠪᠦᠬᠦᠢ ᠰᠠᠯᠠᠭ᠎ᠠ ᠮᠦᠴᠢᠷ ᠂ ᠮᠡᠷᠭᠡᠵᠢᠯ᠎ᠤᠨ ᠠᠵᠢᠯᠳᠠᠳ ᠵᠢᠴᠢ ᠮᠠᠯᠴᠢᠨ ᠲᠦᠮᠡᠨ᠎ᠳ᠋ᠡᠭᠡᠨ ᠯᠠᠪᠯᠠᠯᠳᠠ ᠪᠤᠯᠭᠠᠬᠤ᠎ᠶᠢ ᠵᠤᠷᠢᠪᠠ ᠃
ᠲᠦᠯ᠎ᠤᠨ ᠤᠨᠳᠤᠷᠤᠯᠳᠠ᠎ᠶᠢᠨ ᠬᠤᠭᠤᠴᠠᠭᠠᠨ᠎ᠳ᠋ᠠᠬᠢ ᠭᠤᠤᠯᠳᠠᠯᠭ᠎ᠠ᠎ᠲᠠᠢ ᠮᠡᠷᠭᠡᠵᠢᠯ᠎ᠤᠨ ᠲᠠᠯ᠎ᠠ᠎ᠪᠠᠷ ᠂ ᠠᠮᠢᠳᠠᠨ᠎ᠤ ᠬᠦᠨᠳᠦ ᠶᠡᠬᠡ ᠡᠪᠡᠳᠴᠢᠨ ᠬᠢᠵᠢᠭ ᠪᠤᠯᠤᠨ ᠬᠦᠮᠦᠨ ᠮᠠᠯ᠎ᠳ᠋ᠤ ᠵᠡᠷᠭᠡ᠎ᠪᠡᠷ ᠬᠠᠯᠳᠠᠪᠤᠷᠢᠯᠠᠬᠤ ᠡᠪᠡᠳᠴᠢᠨ ᠬᠢᠵᠢᠭ᠎ᠢ ᠪᠦᠳᠦᠮᠵᠢᠳᠡᠢ ᠰᠡᠷᠭᠡᠢᠯᠡᠨ ᠂ ᠠᠮᠢᠳᠤᠷᠠᠯ᠎ᠤᠨ ᠲᠤᠭᠤᠷᠢᠭ ᠪᠠ ᠦᠢᠯᠡᠳᠪᠦᠷᠢᠯᠡᠯ᠎ᠤᠨ ᠲᠤᠭᠤᠷᠢᠭ᠎ᠤᠨ ᠠᠷᠢᠭᠤᠳᠬᠠᠯ ᠪᠠ ᠬᠤᠪᠢ ᠪᠡᠶ᠎ᠠ᠎ᠶᠢᠨ ᠡᠷᠡᠭᠦᠯ ᠬᠠᠮᠠᠭᠠᠯᠠᠯ᠎ᠢ ᠰᠠᠢᠳᠤᠷ ᠬᠢᠬᠦ ᠬᠡᠷᠡᠭᠳᠡᠢ ᠃ ᠬᠠᠪᠤᠷ᠎ᠤᠨ ᠤᠯᠠᠷᠢᠯ᠎ᠳ᠋ᠤ ᠮᠠᠯ ᠠᠷᠠᠴᠢᠯᠠᠬᠤ ᠭᠤᠤᠯ ᠡᠭᠦᠷᠭᠡ ᠪᠤᠯ ᠡᠭᠡ ᠮᠠᠯ᠎ᠢ ᠠᠯᠢ ᠴᠢᠳᠠᠬᠤ᠎ᠪᠠᠷ ᠲᠠᠮᠢᠷ ᠲᠡᠩᠭᠡᠭᠡᠶᠢᠨᠢ ᠰᠠᠢᠵᠢᠷᠠᠭᠤᠯᠵᠤ ᠂ ᠲᠠᠷᠭᠤ ᠬᠦᠴᠦ ᠪᠠ ᠭᠡᠭᠡᠯᠢ ᠪᠠᠳᠤᠯᠠᠬᠤ ᠶᠠᠪᠤᠳᠠᠯ ᠪᠤᠯᠤᠨ᠎ᠠ ᠂ ᠭᠡᠭᠡᠯ᠎ᠤᠨ ᠰᠡᠭᠦᠯᠴᠢ᠎ᠶᠢᠨ ᠬᠤᠭᠤᠴᠠᠭᠠᠨ᠎ᠳ᠋ᠤ ᠫᠸᠩ ᠬᠤᠷᠤᠭᠠᠶᠢᠨᠢ ᠠᠭᠤᠵᠢᠭᠤ ᠲᠠᠯᠪᠢᠭᠤ ᠂ ᠨᠠᠷᠠ ᠵᠦᠰᠦᠭᠰᠡᠨ ᠂ ᠰᠠᠯᠬᠢ ᠨᠡᠪᠳᠡᠷᠡᠬᠦ᠎ᠨᠢ ᠰᠠᠢᠨ ᠪᠠᠢᠯᠭᠠᠬᠤ ᠬᠡᠷᠡᠭᠳᠡᠢ ᠃ ᠬᠠᠮᠤᠭ᠎ᠤᠨ ᠰᠠᠢᠨ᠎ᠨᠢ ᠲᠤᠰᠬᠠᠢ ᠲᠦᠯ ᠲᠤᠰᠬᠤ ᠫᠸᠩ ᠬᠤᠷᠤᠭ᠎ᠠ ᠪᠡᠯᠡᠳᠭᠡᠨ ᠂ ᠲᠤᠭᠳᠠᠭᠰᠠᠨ ᠴᠠᠭ᠎ᠲᠤ ᠠᠵᠢᠠᠠᠯᠠᠵᠤ ᠂ ᠪᠡᠷᠭᠡ ᠲᠦᠯᠯᠡᠯᠳᠡ ᠪᠠ ᠲᠦᠯ ᠪᠡᠭᠡᠷᠡᠬᠦ᠎ᠡᠴᠠ ᠬᠢᠴᠢᠶᠡᠬᠦ ᠬᠡᠷᠡᠭᠳᠡᠢ ᠃ ᠲᠦᠯᠯᠡᠭᠰᠡᠨᠤ ᠲᠠᠷᠠᠭ᠎ᠠ ᠡᠭᠡ ᠮᠠᠯ᠎ᠳ᠋ᠤ ᠬᠦᠷᠦᠯᠴᠡᠭᠦᠢᠢᠴᠡ ᠴᠢᠨᠠᠷ ᠰᠠᠢᠳᠠᠢ ᠲᠡᠵᠢᠭᠡᠯ ᠪᠤᠷᠳᠤᠭ᠎ᠠ ᠪᠠ ᠰᠢᠩᠭᠡᠭᠡᠬᠦ᠎ᠳ᠋ᠤ ᠬᠢᠯᠪᠠᠷ ᠰᠢᠭᠦᠰᠦᠯᠢᠭ ᠲᠡᠵᠢᠭᠡᠯ ᠬᠠᠩᠭᠠᠪᠠᠯ ᠵᠤᠬᠢᠨ᠎ᠠ ᠃ ᠲᠦᠯ᠎ᠤᠨ ᠡᠳᠦᠷ ᠲᠤᠳᠤᠮ᠎ᠤᠨ ᠠᠷᠠᠴᠢᠯᠠᠭ᠎ᠠ᠎ᠳ᠋ᠤ ᠪᠡᠭᠡᠷᠡᠬᠦ ᠂ ᠦᠯᠦᠰᠬᠦ ᠂ ᠴᠢᠬᠢᠭᠳᠦᠬᠦ᠎ᠶᠢ ᠰᠡᠷᠭᠡᠢᠯᠡᠵᠦ ᠂ ᠦᠷᠭᠦᠯᠵᠢ ᠠᠵᠢᠠᠠᠯᠠᠨ ᠂ ᠰᠠᠢᠳᠤᠷ ᠬᠦᠬᠦᠬᠦᠯᠬᠦ ᠪᠠ ᠫᠸᠩ ᠬᠤᠷᠤᠭᠠᠨᠤ ᠠᠷᠢᠭᠤᠳᠬᠠᠯ᠎ᠢ ᠰᠠᠢᠳᠤᠷ ᠬᠢᠬᠦ ᠬᠡᠷᠡᠭᠳᠡᠢ ᠃ ᠡᠭᠦᠨ᠎ᠤ ᠬᠠᠮᠳᠤ ᠂ ᠲᠦᠯ᠎ᠤᠨ ᠭᠦᠢᠰᠦᠨᠤ ᠦᠷᠪᠢᠰᠦᠯ ᠂ ᠴᠢᠴᠠᠭ᠎ᠠ ᠠᠯᠳᠠᠬᠤ ᠂ ᠪᠠᠭᠠᠰᠤ ᠬᠠᠳᠠᠬᠤ ᠵᠡᠷᠭᠡ ᠦᠷᠭᠦᠯᠵᠢ ᠲᠤᠬᠢᠶᠠᠯᠳᠤᠬᠤ ᠡᠪᠡᠳᠴᠢᠨ᠎ᠢ ᠰᠠᠢᠳᠤᠷ ᠰᠡᠷᠭᠡᠢᠯᠡᠵᠦ ᠂ ᠴᠠᠭ ᠲᠤᠬᠠᠢ᠎ᠳ᠋ᠤᠨᠢ ᠡᠮᠴᠢᠯᠡᠬᠦ ᠬᠡᠷᠡᠭᠳᠡᠢ ᠃ ᠬᠢᠵᠢᠭ᠎ᠤᠨ ᠤᠨᠴᠠᠭᠠᠢ ᠪᠠᠢᠳᠠᠯ᠎ᠳ᠋ᠤ ᠴᠢᠭᠯᠡᠭᠦᠯᠦᠨ ᠂ ᠮᠠᠯ ᠠᠵᠤ ᠠᠬᠤᠢ᠎ᠶᠢᠨ ᠦᠢᠯᠡᠳᠪᠦᠷᠢᠯᠡᠯ᠎ᠤᠨ ᠪᠠᠢᠳᠠᠯ᠎ᠳ᠋ᠤ ᠵᠠᠳᠠᠯᠤᠯᠳᠠ ᠬᠢᠵᠦ ᠂ ᠮᠠᠯ ᠰᠦᠷᠦᠭ᠎ᠤᠨ ᠪᠦᠳᠦᠴᠡ ᠪᠤᠯᠤᠨ ᠲᠤᠭ᠎ᠠ ᠲᠤᠯᠤᠭᠠᠢ᠎ᠳ᠋ᠤ ᠵᠤᠬᠢᠴᠠᠩᠭᠤᠢ᠎ᠪᠠᠷ ᠲᠤᠬᠢᠷᠠᠭᠤᠯᠤᠯᠳᠠ ᠬᠢᠪᠠᠯ ᠵᠤᠬᠢᠨ᠎ᠠ ᠭᠡᠵᠡᠢ ᠃
ᠦᠪᠦᠷ ᠮᠤᠩᠭᠤᠯ᠎ᠤᠨ ᠮᠠᠯ ᠠᠵᠤ ᠠᠬᠤᠢ᠎ᠶᠢᠨ ᠠᠵᠢᠯ᠎ᠤᠨ ᠦᠷᠳᠡᠭᠡ᠎ᠶᠢᠨ ᠰᠢᠨᠵᠢᠯᠡᠭᠡ ᠮᠡᠷᠭᠡᠵᠢᠯ ᠴᠢᠮᠡᠭᠡ ᠬᠤᠯᠪᠤᠭᠠᠨ᠎ᠤ ᠰᠠᠯᠠᠭᠠᠨ᠎ᠤ ᠲᠠᠷᠤᠭ᠎ᠠ ᠬᠠᠢ ᠯᠦᠩ ᠰᠤᠷᠪᠤᠯᠵᠢᠯᠠᠭ᠎ᠠ ᠬᠦᠯᠢᠶᠡᠬᠦ᠎ᠳ᠋ᠡᠭᠡᠨ ᠄ ︽ ᠬᠢᠵᠢᠭ᠎ᠤᠨ ᠪᠠᠢᠳᠠᠯ᠎ᠡᠴᠠ ᠪᠤᠯᠵᠤ ᠂ ᠤᠳᠤᠬᠠᠨ᠎ᠳ᠋ᠤ ᠮᠠᠯ ᠠᠵᠤ ᠠᠬᠤᠢ᠎ᠶᠢᠨ ᠦᠢᠯᠡᠳᠪᠦᠷᠢᠯᠡᠯ᠎ᠤᠨ ᠬᠡᠷᠡᠭᠴᠡᠭᠡ ᠪᠤᠯᠤᠨ ᠠᠮᠢᠳᠤ ᠮᠠᠯ᠎ᠤᠨ ᠰᠤᠯᠢᠯᠴᠠᠭᠠᠨ᠎ᠤ ᠲᠠᠯ᠎ᠠ᠎ᠪᠠᠷ ᠵᠤᠬᠢᠬᠤ ᠨᠦᠯᠦᠭᠡ ᠤᠴᠠᠷᠠᠭᠤᠯᠵᠠᠢ ᠃ ᠬᠢᠵᠢᠭ ᠲᠡᠯᠭᠡᠷᠡᠭᠰᠡᠨ᠎ᠡᠴᠠ ᠡᠬᠢᠯᠡᠭᠡᠳ ᠡᠯ᠎ᠠ ᠱᠠᠳᠤᠨ᠎ᠤ ᠨᠠᠮ᠎ᠤᠨ ᠬᠤᠷᠢᠶ᠎ᠠ ᠂ ᠵᠠᠰᠠᠭ᠎ᠤᠨ ᠤᠷᠳᠤᠨ ᠵᠠᠮ ᠨᠡᠪᠳᠡᠷᠡᠯᠭᠡ ᠲᠡᠷᠭᠡ ᠤᠨᠤᠭᠠᠨ᠎ᠳ᠋ᠤ ᠬᠠᠮᠢᠶᠠᠷᠤᠯᠳᠠ ᠶᠠᠪᠤᠭᠤᠯᠤᠭᠰᠠᠨ᠎ᠢᠶᠠᠷ ᠲᠡᠵᠢᠭᠡᠯ ᠪᠤᠷᠳᠤᠭ᠎ᠠ ᠂ ᠮᠠᠰᠢᠨ ᠪᠠᠭᠠᠵᠢ ᠂ ᠮᠠᠯ᠎ᠤᠨ ᠵᠦᠭᠡᠭᠡᠪᠤᠷᠢᠯᠡᠯᠳᠡᠶᠢᠨ ᠲᠠᠯ᠎ᠠ᠎ᠪᠠᠷ ᠨᠦᠯᠦᠭᠡ ᠪᠤᠯᠵᠠᠢ ᠃ ᠤᠳᠤ ᠪᠤᠯ ᠶᠠᠭ ᠰᠠᠢᠬᠠᠨ ᠬᠠᠪᠤᠷ᠎ᠤᠨ ᠤᠯᠠᠷᠢᠯ᠎ᠤᠨ ᠮᠠᠯ᠎ᠤᠨ ᠲᠠᠷᠭᠤ ᠬᠦᠴᠦ᠎ᠶᠢ ᠪᠠᠳᠤᠯᠠᠵᠤ ᠂ ᠲᠦᠯ ᠮᠠᠯ᠎ᠤᠨ ᠤᠨᠳᠤᠷᠤᠯᠳᠠ᠎ᠶᠢ ᠰᠠᠢᠵᠢᠷᠠᠭᠤᠯᠬᠤ ᠵᠠᠩᠭᠢᠯᠠᠭ᠎ᠠ᠎ᠶᠢᠨ ᠦᠶ᠎ᠠ ᠂ ᠲᠡᠵᠢᠭᠡᠯ ᠪᠤᠷᠳᠤᠭᠠᠨ᠎ᠤ ᠬᠡᠷᠡᠭᠴᠡᠭᠡ ᠶᠡᠬᠡ ᠂ ᠡᠪᠡᠳᠴᠢᠨ ᠡᠮᠭᠡᠭ᠎ᠢ ᠰᠡᠷᠭᠡᠢᠯᠡᠬᠦ ᠴᠢᠬᠤᠯᠠ ᠴᠠᠭ ᠦᠶ᠎ᠠ ᠪᠤᠯᠤᠨ᠎ᠠ ᠃ ᠦᠩᠭᠡᠷᠡᠭᠰᠡᠨ ᠡᠪᠤᠯ᠎ᠳ᠋ᠤ ᠴᠠᠰᠤ ᠶᠡᠬᠡ ᠪᠤᠯᠬᠤᠷ ᠤᠳᠤᠬᠠᠨ᠎ᠳ᠋ᠤ ᠡᠪᠡᠰᠤ ᠪᠤᠷᠳᠤᠭᠠᠨ᠎ᠤ ᠨᠦᠭᠡᠴᠡᠯᠡᠯᠳᠡ ᠬᠦᠷᠦᠯᠴᠡᠬᠦ ᠦᠭᠡᠢ ᠪᠠᠢᠳᠠᠯ ᠠᠷᠪᠢᠨ ᠢᠯᠡᠷᠡᠵᠦ ᠪᠤᠢ ᠂ ᠡᠢᠮᠦ᠎ᠡᠴᠠ ᠡᠪᠡᠰᠤ ᠪᠤᠷᠳᠤᠭᠠᠨ᠎ᠤ ᠨᠦᠭᠡᠴᠡᠯᠡᠯᠳᠡ᠎ᠪᠠᠨ ᠰᠠᠢᠵᠢᠷᠠᠭᠤᠯᠵᠤ ᠂ ᠡᠭᠡ ᠮᠠᠯ᠎ᠤᠨ ᠲᠠᠷᠭᠤ ᠬᠦᠴᠦ᠎ᠶᠢ ᠪᠠᠳᠤᠯᠠᠵᠤ ᠂ ᠲᠦᠯ ᠮᠠᠯ᠎ᠢᠶᠡᠨ ᠰᠠᠢᠳᠤᠷ ᠤᠨᠳᠤᠷᠤᠭᠤᠯᠬᠤ ᠪᠤᠯ ᠤᠳᠤᠬᠠᠨ᠎ᠤ ᠴᠢᠬᠤᠯᠠ ᠠᠳᠠᠯ ᠪᠤᠯᠵᠤ ᠪᠤᠢ ᠃ ᠲᠡᠭᠡᠬᠦ᠎ᠪᠠᠷ ᠂ ᠮᠠᠯᠴᠢᠳ ᠭᠠᠴᠠᠭ᠎ᠠ ᠲᠤᠰᠬᠤᠨᠤᠬᠢᠪᠠᠨ ᠤᠳᠤᠷᠢᠳᠤᠯᠭ᠎ᠠ᠎ᠶᠢ ᠰᠠᠢᠳᠤᠷ ᠲᠠᠭᠠᠵᠤ ᠂ ᠮᠠᠯ ᠠᠵᠤ ᠠᠬᠤᠢ ᠲᠠᠷᠢᠶᠠᠯᠠᠩ᠎ᠤᠨ ᠪᠠᠢᠭᠤᠯᠭ᠎ᠠ᠎ᠡᠴᠠ ᠲᠠᠷᠬᠠᠭᠠᠵᠤ ᠪᠠᠢᠭ᠎ᠠ ᠬᠢᠵᠢᠭ᠎ᠤᠨ ᠪᠠᠢᠳᠠᠯ᠎ᠤᠨ ᠲᠤᠬᠠᠢ ᠴᠢᠬᠤᠯᠠ ᠪᠢᠴᠢᠭ ᠮᠠᠲ᠋ᠸᠷᠢᠶᠠᠯ᠎ᠢ ᠰᠠᠢᠳᠤᠷ ᠤᠢᠯᠠᠭᠠᠵᠤ ᠂ ᠲᠡᠵᠢᠭᠡᠯ ᠪᠤᠷᠳᠤᠭ᠎ᠠ᠎ᠪᠠᠨ ᠲᠡᠭᠡᠭᠡᠪᠤᠷᠢᠯᠡᠬᠦ ᠦᠶ᠎ᠠ᠎ᠳ᠋ᠤ ᠭᠡᠷᠡᠴᠢ ᠪᠠᠷᠢᠮᠳᠠ᠎ᠲᠠᠢ ᠲᠡᠷᠭᠡ ᠤᠨᠤᠭ᠎ᠠ᠎ᠶᠢ ᠬᠡᠷᠡᠭᠯᠡᠪᠠᠯ ᠵᠤᠬᠢᠨ᠎ᠠ ᠃ ᠡᠨᠡ ᠦᠶ᠎ᠠ ᠪᠤᠯ ᠶᠠᠭ ᠡᠭᠡ ᠮᠠᠯ᠎ᠤᠨ ᠭᠡᠭᠡᠯ᠎ᠤᠨ ᠰᠡᠭᠦᠯᠴᠢ᠎ᠶᠢᠨ ᠬᠤᠭᠤᠴᠠᠭ᠎ᠠ ᠪᠤᠯᠵᠤ ᠂ ᠡᠪᠤᠯ᠎ᠤᠨ ᠲᠦᠯ ᠪᠤᠶᠤ ᠬᠠᠪᠤᠷ ᠡᠷᠳᠡ᠎ᠶᠢᠨ ᠲᠦᠯ ᠲᠤᠰᠤᠭᠰᠠᠨ ᠡᠭᠡ ᠮᠠᠯ᠎ᠤᠨ ᠬᠦᠬᠦᠬᠦᠯ ᠦᠶ᠎ᠠ᠎ᠶᠢᠨ ᠬᠤᠭᠤᠴᠠᠭ᠎ᠠ ᠂ ᠡᠭᠡ ᠮᠠᠯ᠎ᠳ᠋ᠤ ᠱᠠᠭᠠᠷᠳᠠᠭᠳᠠᠬᠤ ᠰᠢᠮ ᠠ ᠲᠡᠵᠢᠭᠡᠯ ᠲᠦᠢᠯ᠎ᠤᠨ ᠶᠡᠬᠡ ᠂ ᠡᠢᠮᠦ᠎ᠡᠴᠠ ᠡᠭᠡ ᠮᠠᠯ᠎ᠤᠨ ᠠᠷᠠᠴᠢᠯᠠᠭ᠎ᠠ ᠮᠠᠯᠵᠢᠯᠭ᠎ᠠ᠎ᠶᠢ ᠰᠠᠢᠳᠤᠷ ᠴᠢᠩᠭᠠᠷᠠᠭᠤᠯᠬᠤ ᠴᠢᠬᠤᠯᠠᠲᠠᠢ ᠃ ᠡᠭᠡ ᠮᠠᠯ᠎ᠳᠠᠭᠠᠨ ᠡᠪᠡᠰᠤ ᠪᠤᠷᠳᠤᠭ᠎ᠠ ᠨᠦᠬᠦᠪᠦᠷᠢᠯᠡᠬᠦ ᠂ ᠫᠸᠩ ᠬᠤᠷᠤᠭ᠎ᠠ᠎ᠪᠠᠨ ᠲᠤᠯᠠᠭᠠᠨ ᠴᠡᠪᠡᠷ ᠪᠠᠢᠯᠭᠠᠵᠤ ᠂ ᠬᠢᠵᠢᠭ ᠡᠪᠡᠳᠴᠢᠨ᠎ᠢ ᠰᠡᠷᠭᠡᠢᠯᠡᠨ ᠬᠤᠷᠢᠠᠠᠯᠠᠪᠠᠯ ᠵᠤᠬᠢᠨ᠎ᠠ ᠃ ᠲᠦᠯ᠎ᠤᠨ ᠡᠳᠦᠷ ᠲᠤᠳᠤᠮ᠎ᠤᠨ ᠠᠷᠠᠴᠢᠯᠠᠭ᠎ᠠ᠎ᠶᠢ ᠴᠢᠩᠭᠠᠳᠬᠠᠵᠤ ᠂ ᠲᠦᠯᠯᠡᠭᠰᠡᠨᠤ ᠲᠠᠷᠠᠭᠠᠬᠢ ᠲᠤᠯᠤᠭ᠎ᠠ᠎ᠡᠴᠠ ᠠᠷᠪᠠ ᠬᠤᠨᠤᠭ ᠲᠤᠳᠤᠷᠠᠬᠢ ᠲᠠᠭᠠᠷᠠᠬᠤ ᠂ ᠴᠢᠬᠢᠭᠳᠦᠬᠦ ᠂ ᠡᠪᠡᠳᠴᠢᠯᠡᠬᠦ᠎ᠶᠢ ᠰᠠᠢᠳᠤᠷ ᠬᠢᠴᠢᠶᠡᠬᠦ ᠬᠡᠷᠡᠭᠳᠡᠢ ᠂ ᠡᠨᠡ ᠭᠦ ᠬᠤᠭᠤᠴᠠᠭᠠᠨ᠎ᠳ᠋ᠤ ᠲᠦᠯ ᠠᠮᠠᠷᠬᠠᠨ ᠪᠠᠭᠠᠰᠤ ᠠᠯᠳᠠᠵᠤ ᠂ ᠴᠠᠭ ᠲᠤᠬᠠᠢ᠎ᠳ᠋ᠤᠨᠢ ᠡᠮᠴᠢᠯᠡᠬᠦ ᠦᠭᠡᠢ ᠪᠤᠯ ᠡᠪᠡᠳᠴᠢᠨ᠎ᠨᠢ ᠬᠦᠨᠳᠦᠷᠦᠭᠡᠳ ᠦᠭᠦᠵᠦ ᠬᠤᠷᠤᠭᠳᠠᠬᠤ ᠶᠠᠪᠤᠳᠠᠯ ᠭᠠᠷᠤᠨ᠎ᠠ ᠂ ᠬᠠᠮᠢᠶ᠎ᠠ ᠪᠦᠬᠦᠢ ᠡᠮ ᠲᠤᠮᠢ ᠤᠷᠢᠳᠴᠢᠯᠠᠨ ᠪᠡᠯᠡᠳᠭᠡᠪᠡᠯ ᠵᠤᠬᠢᠨ᠎ᠠ ᠃ ᠪᠡᠷᠭᠡ ᠲᠦᠯᠯᠡᠯᠳᠡᠶᠢᠨ ᠶᠠᠪᠤᠳᠠᠯ ᠲᠤᠬᠢᠶᠠᠯᠳᠤᠪᠠᠯ ᠂ ᠮᠠᠯ᠎ᠤᠨ ᠡᠮᠴᠢ᠎ᠶᠢ ᠡᠷᠢᠵᠦ ᠡᠮᠴᠢᠯᠡᠭᠡ ᠬᠢᠯᠭᠡᠬᠦ ᠴᠢᠬᠤᠯᠠᠳᠠᠢ ᠂ ᠲᠡᠷᠭᠡ ᠤᠨᠤᠭᠠᠭᠨᠳ᠋ᠤ ᠬᠠᠮᠢᠶᠠᠷᠤᠯᠳᠠ ᠬᠢᠭᠰᠡᠨ᠎ᠡᠴᠠ ᠮᠠᠯ᠎ᠤᠨ ᠡᠮᠴᠢ᠎ᠶᠢᠨ ᠦᠢᠯᠡᠴᠢᠯᠡᠭᠡᠨᠢ ᠵᠢᠭᠠᠬᠠᠨ ᠬᠢᠵᠠᠭᠠᠷᠯᠠᠭᠳᠠᠬᠤ ᠪᠤᠯᠬᠤᠷ ᠮᠠᠯ᠎ᠤᠨ ᠡᠮᠴᠢ᠎ᠲᠠᠢ᠎ᠪᠠᠨ ᠤᠷᠢᠳᠴᠢᠯᠠᠨ ᠤᠳᠠᠰᠤ᠎ᠪᠠᠷ ᠬᠠᠷᠢᠯᠴᠠᠵᠤ ᠂ ᠦᠨᠢᠶᠡᠨ᠎ᠤ᠎ᠪᠠᠨ ᠪᠠᠢᠳᠠᠯ᠎ᠢ ᠶᠠᠷᠢᠵᠤ ᠂ ᠰᠠᠨᠠᠭᠤᠯᠤᠮᠵᠢ᠎ᠶᠢ᠎ᠨᠢ ᠯᠠᠪᠯᠠᠨ ᠠᠰᠠᠭᠤᠵᠤ ᠂ ᠦᠭᠦᠯ ᠬᠤᠷᠤᠭᠳᠠᠯ᠎ᠡᠴᠠ ᠵᠠᠢᠯᠠᠰᠬᠢᠵᠦ ᠪᠤᠯᠤᠨ᠎ᠠ ︾ ᠭᠡᠵᠡᠢ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠴᠣᠷᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃